2022-03-21 11:11:28
ᠬᠠᠪᠤᠷ᠎ᠤᠨ ᠬᠤᠭᠤᠰᠤᠨ ᠡᠳᠦᠷ᠂ ᠨᠠᠷᠠ ᠪᠠᠷᠤᠭ ᠳᠡᠯᠡᠬᠡᠶ ᠶ᠋ᠢᠨ ᠪᠦᠰᠡᠯᠡᠭᠦᠷᠲᠦ ᠡᠭᠴᠡ ᠲᠤᠰᠴᠤ᠌᠂ ᠪᠥᠬᠥ᠌ ᠳᠡᠯᠡᠬᠡᠶ᠎ᠶ᠋ᠢᠨ ᠡᠯ᠎ᠡ ᠭᠠᠵᠠᠷ᠎ᠲᠤ ᠡᠳᠦᠷ ᠰᠥᠨᠢ᠎ᠶᠢᠨ ᠤᠷᠲᠤ ᠨᠢ ᠪᠠᠷᠤᠭ ᠠᠳᠠᠯᠢ ᠪᠤᠯᠳᠠᠭ᠃ ᠡᠮᠦᠨᠡᠲᠦ ᠤᠮᠠᠷᠠᠲᠤ ᠬᠠᠭᠠᠰ ᠪᠥᠮᠪᠥᠷᠴᠡᠭ᠎ᠦᠨ ᠤᠯᠠᠷᠢᠯ ᠨᠢ ᠡᠰᠡᠷᠭᠦ ᠪᠠᠢᠳᠠᠭ ᠪᠤᠯᠬᠤᠷ ᠤᠮᠠᠷᠠᠲᠤ ᠬᠠᠭᠠᠰ ᠪᠥᠮᠪᠥᠷᠴᠡᠭ ᠲᠤ ᠬᠠᠪᠤᠷ ᠤᠨ ᠬᠤᠭᠤᠰ ᠪᠤᠯᠬᠤ ᠳᠤ ᠡᠮᠦᠨᠡᠲᠦ ᠬᠠᠭᠠᠰ ᠪᠥᠮᠪᠥᠷᠴᠡᠭ᠎ᠲᠦ ᠳᠠᠷᠤᠶ ᠨᠠᠮᠤᠷ᠎ᠤᠨ ᠬᠤᠭᠤᠰ ᠪᠣᠯᠤᠨ᠎ᠠ᠃
ᠬᠠᠪᠤᠷ᠎ᠤᠨ ᠬᠤᠭᠤᠰᠤᠨ ᠳᠠᠷᠠᠭ᠎ᠠ᠂ ᠨᠡᠷᠡᠨ᠎ᠦ ᠡᠭ᠌ᠴᠡ ᠲᠣᠰᠣᠯᠳᠠ ᠶ᠋ᠢᠨ ᠴᠡᠭ ᠦᠷᠭᠦᠯᠵᠢᠯᠡᠨ ᠤᠮᠠᠷᠠᠰᠢ ᠱᠢᠯᠵᠢᠵᠦ᠍᠂ ᠤᠮᠠᠷᠠᠲᠤ ᠬᠠᠭᠠᠰ ᠪᠥᠮᠪᠥᠷᠴᠡᠭ ᠤᠨ ᠡᠯ᠎ᠡ ᠭᠠᠵᠠᠷ᠎ᠤᠨ ᠡᠳᠦᠷ ᠠᠭᠠᠵᠢᠮ ᠢᠶᠠᠷ ᠣᠷᠳᠣᠰᠴᠤ᠂ ᠰᠥᠨᠢ ᠠᠭᠠᠵᠢᠮ᠎ᠢᠶᠠᠷ ᠣᠬᠣᠷ ᠪᠣᠯᠳᠠᠭ; ᠡᠮᠦᠨᠡᠲᠦ ᠬᠠᠭᠠᠰ ᠪᠥᠮᠪᠥᠷᠴᠡᠭ᠎ᠦᠨ ᠡᠯ᠎ᠡ ᠭᠠᠵᠠᠷ᠎ᠤᠨ ᠰᠥᠨᠢ ᠠᠭᠠᠵᠢᠮ᠎ᠢᠶᠠᠷ ᠣᠷᠳᠣᠰᠴᠤ᠂ ᠡᠳᠦᠷ ᠨᠢ ᠠᠭᠠᠵᠢᠮ᠎ᠢᠶᠠᠷ ᠣᠬᠣᠷ ᠪᠣᠯᠳᠠᠭ᠃
ᠬᠠᠪᠤᠷ᠎ᠤᠨ ᠬᠤᠭᠤᠰᠤᠨ ᠦᠶ᠎ᠡ᠎ᠳᠦ᠂ ᠪᠥᠬᠥ᠌ ᠳᠡᠯᠡᠬᠡᠶ᠎ᠳᠦ ᠲᠤᠢᠯ᠎ᠤᠨ ᠡᠳᠦᠷ ᠪᠠ ᠲᠤᠢᠯ᠎ᠤᠨ ᠰᠥᠨᠢ᠎ᠶ᠋ᠢᠨ ᠦᠵᠡᠭ᠌ᠳᠡᠯ ᠪᠠᠢᠬᠤ ᠦᠭᠡᠢ᠃ ᠬᠠᠪᠤᠷ᠎ᠤᠨ ᠬᠤᠭᠤᠰ᠎ᠠᠴᠠ ᠰᠡᠭᠦᠯᠡᠷ᠂ ᠤᠮᠠᠷᠠᠲᠤ ᠲᠤᠢᠯ᠎ᠤᠨ ᠣᠢᠷᠠᠯᠴᠠᠭ᠎ᠠ ᠲᠤᠢᠯ᠎ᠤᠨ ᠡᠳᠦᠷ ᠪᠤᠯᠵᠤ ᠡᠬᠢᠯᠡᠳᠡᠭ ᠪᠦᠭᠡᠳ ᠬᠡᠪᠴᠢᠶ᠎ᠡ ᠨᠢ ᠠᠭᠠᠵᠢᠮ ᠢᠶᠠᠷ ᠥᠷᠭᠡᠳᠦᠨᠡ; ᠡᠮᠦᠨᠡᠲᠦ ᠲᠤᠢᠯ᠎ᠤᠨ ᠣᠢᠷᠠᠯᠴᠠᠭ᠎ᠠ ᠲᠤᠢᠯ ᠤᠨ ᠡᠳᠦᠷ ᠳᠠᠭᠤᠰᠴᠤ᠌᠂ ᠲᠤᠢᠯ᠎ᠤᠨ ᠰᠥᠨᠢ ᠡᠬᠢᠯᠡᠳᠡᠭ ᠪᠦᠭᠡᠳ ᠬᠡᠪᠴᠢᠶ᠎ᠡ ᠨᠢ ᠠᠭᠠᠵᠢᠮ᠎ᠢᠶᠠᠷ ᠥᠷᠭᠡᠳᠦᠨᠡ᠃
- ᠨᠠᠢᠷᠠᠭᠤᠯᠤᠭ᠍ᠴᠢ᠄
- ᠨᠡᠪᠲᠡᠷᠡᠭᠦᠯᠦᠭᠴᠢ᠄
- ᠮᠡᠷᠭᠡᠵᠢᠯ᠄
ᠨᠠᠢᠷᠠᠭᠤᠯᠤᠭ᠍ᠴᠢ᠄ ᠪᠣᠣ ᠮᠧᠢ ᠷᠥᠩ
ᠣᠷᠴᠢᠭᠤᠯᠤᠭ᠍ᠴᠢ᠄ ᠵᠤᠯᠠ




ᠰᠢᠭᠦᠮᠵᠢ ᠠᠯᠠᠭ᠎ᠠ ᠂ ᠬᠤᠷᠳᠤᠨ ᠨᠢᠭᠡᠳᠦᠭᠡᠷ ᠵᠤᠷᠪᠤᠰ ᠰᠢᠭᠦᠮᠵᠢ ᠨᠡᠢ᠌ᠲᠡᠯᠡᠭᠡᠷᠡᠢ᠃