24ᠴᠠᠭ ᠤᠯᠠᠷᠢᠯ > ᠨᠡᠭᠡᠭᠡᠭᠰᠡᠨ ᠬᠠᠩᠰᠢ

2022-04-06 11:36:30

ᠵᠣᠬᠢᠶᠠᠭ᠍ᠴᠢ᠄ ᠱᠢᠨᠡᠴᠡᠴᠡᠭ ᠣᠩᠱᠢᠭ᠍ᠰᠠᠨ ᠣᠳᠠᠭ᠎ᠠ᠄ 3

ᠬᠠᠩᠰᠢ ᠨᠡᠭᠡᠭᠡᠬᠦ ᠪᠡᠷ ᠲᠩᠷᠢ ᠴᠡᠯᠮᠡᠭ᠌ᠰᠢᠨ᠂ ᠠᠭᠤᠷ ᠠᠮᠢᠰᠭᠤᠯ ᠳᠤᠯᠠᠭᠠᠷᠠᠵᠤ ᠬᠠᠪᠤᠷ᠎ᠤᠨ ᠤᠯᠠᠷᠢᠯ᠎ᠤᠨ ᠬᠠᠮᠤᠭ᠎ᠤᠨ ᠲᠠᠭᠠᠯᠠᠮᠵᠢᠲᠠᠢ ᠴᠠᠭ ᠤᠯᠠᠷᠢᠯ ᠪᠤᠯᠳᠠᠭ᠃ ᠡᠨᠡ ᠤᠯᠠᠷᠢᠯ ᠨᠢ ᠣᠩᠭᠣᠨ ᠱᠦᠭᠦᠷᠳᠡᠬᠦ᠌ ᠵᠠᠩᠱᠢᠯ᠎ᠲᠠᠶ ᠬᠣᠯᠪᠣᠭ᠎ᠠ᠎ᠲᠠᠶ᠎ᠪᠠᠷ ᠪᠠᠷᠠᠬᠤ ᠦᠭᠡᠢ᠂ ᠨᠠᠩ᠎ᠴᠤ ᠪᠡᠶ᠎ᠡ ᠰᠤᠪᠢᠯᠠᠬᠤ᠎ᠳᠦ ᠲᠤᠬᠢᠷᠠᠮᠵᠢᠲᠠᠢ ᠴᠠᠭ ᠤᠯᠠᠷᠢᠯ ᠪᠣᠯᠤᠨ᠎ᠠ᠃

ᠲᠡᠭᠡᠪᠡᠯ᠂ ᠬᠠᠩᠰᠢ᠎ᠶ᠋ᠢᠨ ᠤᠯᠠᠷᠢᠯ᠎ᠳᠦ ᠬᠡᠷᠬᠢᠨ ᠪᠡᠶ᠎ᠡ᠎ᠪᠡᠨ ᠰᠤᠪᠢᠯᠠᠪᠠᠯ ᠵᠤᠬᠢᠬᠤ ᠪᠣᠶ?

1᠂ ᠬᠣᠳᠣᠭᠣᠳᠣ ᠬᠠᠮᠤᠭ᠎ᠤᠨ ᠰᠠᠢᠨ ᠦᠶ᠎ᠡ᠎ᠳᠦ ᠥᠷᠯᠥᠭᠡᠨ᠎ᠦ ᠬᠣᠭᠣᠯᠠ ᠢᠳᠡᠨ᠎ᠠ

ᠬᠠᠩᠰᠢ᠎ᠨᠡᠭᠡᠭᠡᠬᠦ ᠪᠡᠷ ᠡᠳᠦᠷ ᠤᠷᠲᠤ ᠰᠥᠨᠢ ᠣᠬᠣᠷ ᠪᠤᠯᠳᠠᠭ᠂ ᠡᠷᠲᠡ ᠤᠨᠲᠠᠨ ᠡᠷᠲᠡ ᠪᠣᠰᠴᠤ᠂ ᠵᠣᠬᠢᠰᠲᠠᠶ ᠬᠥᠳᠡᠯᠭᠡᠭᠡᠨ ᠬᠢᠬᠦ᠌ ᠪᠣᠯ ᠲᠤᠰ ᠴᠠᠭ ᠤᠯᠠᠷᠢᠯ᠎ᠤᠨ ᠤᠨᠲᠠᠵᠤ ᠠᠮᠠᠷᠠᠬᠤ ᠶᠡᠷᠦᠩᠬᠡᠶ ᠳᠦᠷᠢᠮ ᠪᠣᠯᠤᠨ᠎ᠠ᠃ ᠭᠡᠪᠡᠴᠦ᠍ ᠡᠨᠳᠡ ᠬᠡᠯᠡᠵᠦ᠍ ᠪᠠᠢᠭ᠎ᠠ ᠡᠷᠲᠡ ᠪᠣᠰᠭᠤ ᠭᠡᠳᠡᠭ ᠨᠢ 《ᠳᠠᠬᠢᠶ᠎ᠠ᠎ᠠᠴᠠ ᠡᠷᠲᠡ ᠪᠣᠰᠭᠤ》ᠪᠢᠰᠢ᠂ ᠬᠠᠷᠢᠨ ᠥᠷᠯᠥᠭᠡ᠎ᠶ᠋ᠢᠨ 7 — 8 ᠴᠠᠭ᠎ᠲᠤ ᠪᠤᠰᠴᠤ᠂ ᠬᠣᠳᠣᠭᠣᠳᠣᠨ᠎ᠤ ᠪᠠᠢᠳᠠᠯ ᠬᠠᠮᠤᠭ ᠰᠠᠢᠨ ᠦᠶ᠎ᠡ᠎ᠳᠦ ᠦᠷᠯᠦᠭᠡ ᠵᠢᠨ ᠬᠣᠭᠣᠯᠠ ᠪᠡᠨ ᠢᠳᠡᠪᠡᠯ ᠰᠠᠢᠨ᠃


微信图片_20220406113855.png


2᠂ ᠬᠣᠭᠣᠯᠠ ᠤᠮᠳᠠ᠎ᠪᠠᠨ《ᠰᠤᠯᠠ》 ᠰᠢᠭ᠋᠂ ᠬᠡᠮᠵᠢᠶ᠎ᠡ ᠵᠢ ᠨᠢ 《ᠪᠠᠭ᠎ᠠ》 ᠰᠢᠭ᠋ ᠢᠳᠡᠨ᠎ᠠ

ᠡᠨᠡ ᠤᠯᠠᠷᠢᠯ᠎ᠤᠨ ᠢᠳᠡᠭᠡᠨ ᠤᠮᠳᠠᠭᠠᠨ᠎ᠤ ᠠᠮᠲᠠ᠎ᠶ᠋ᠢ 《ᠰᠤᠯᠠ》 ᠰᠢᠭ᠋ ᠪᠠᠢᠯᠭᠠᠵᠤ᠂ ᠮᠢᠬ᠎ᠠ ᠲᠤᠰᠤ ᠦᠭᠡᠢ᠂ ᠲᠣᠰᠣ᠂ ᠳᠠᠪᠤᠰᠤ᠂ ᠱᠢᠬᠢᠷ ᠪᠠᠭ᠎ᠠ᠂ ᠠᠮᠲᠠ ᠣᠷᠣᠭᠤᠯᠬᠤ ᠡᠳ᠋ ᠪᠠᠭ᠎ᠠ ᠬᠢᠪᠡᠯ ᠰᠠᠢᠨ᠃ ᠬᠤᠭᠤᠯᠠᠨ᠎ᠤ ᠬᠡᠮᠵᠢᠶ᠎ᠡ ᠪᠡᠨ《ᠪᠠᠭ᠎ᠠ》ᠰᠢᠭ᠋ ᠪᠠᠢᠯᠭᠠᠵᠤ᠂ ᠳᠡᠩᠳᠡᠭᠦᠦ ᠠᠷᠪᠢᠨ ᠢᠳᠡᠵᠦ᠍ ᠪᠣᠯᠬᠤ ᠦᠭᠡᠢ᠂ ᠣᠨᠴᠠᠭᠠᠢᠯᠠᠨ ᠣᠷᠣᠢ ᠵᠢᠨ ᠬᠤᠭᠤᠯᠠᠨ᠎ᠶᠢ ᠠᠷᠪᠢᠨ ᠢᠳᠡᠵᠦ᠍ ᠪᠣᠯᠬᠤ ᠦᠭᠡᠢ᠃ ᠬᠠᠷᠢᠨ ᠤᠯᠠᠷᠢᠯ᠎ᠳᠦ ᠲᠤᠬᠢᠷᠠᠭᠰᠠᠨ 《ᠰᠣᠷᠭᠣᠭ》 ᠨᠣᠭᠣᠭ᠎ᠠ ᠢᠯᠡᠭᠦᠬᠡᠨ ᠢᠳᠡᠬᠦ᠌ ᠬᠡᠷᠡᠭ᠌ᠲᠡᠢ᠃


微信图片_20220406113902.png


3᠂ ᠬᠠᠪᠤᠷ᠎ᠤᠨ ᠤᠯᠠᠷᠢᠯ ᠢᠰᠭᠡᠭᠰᠡᠨ ᠢᠳᠡᠭᠡᠨ ᠢᠳᠡᠬᠦ ᠡᠴᠡ ᠵᠠᠢᠯᠠᠰᠬᠢᠬᠦ ᠬᠡᠷᠡᠭᠲᠡᠢ

ᠡᠨᠡ ᠤᠯᠠᠷᠢᠯ᠎ᠳᠦ ᠰᠠᠯᠪᠤᠷᠢ ᠮᠥᠭᠡᠷᠰᠦᠨ ᠬᠣᠭᠣᠯᠠᠶ᠎ᠶ᠋ᠢᠨ ᠬᠢᠷᠬᠢᠷ᠎ᠡ᠂ ᠠᠷᠠᠰᠤᠨ᠎ᠤ ᠡᠪᠡᠳᠴᠢᠨ᠂ ᠵᠢᠷᠦᠬᠡᠨ ᠲᠢᠲᠢᠮ᠎ᠦᠨ ᠡᠪᠡᠳᠴᠢᠨ ᠵᠡᠷᠭᠡ ᠡᠪᠡᠳᠴᠢᠨ ᠬᠢᠯᠪᠠᠷᠬᠠᠨ ᠬᠦᠨᠳᠦᠷᠡᠳᠡᠭ᠂ ᠵᠢᠱ᠌ᠢᠶᠡᠯᠡᠪᠡᠯ ᠡᠳᠡᠭᠡᠷ ᠡᠪᠡᠳᠴᠢᠨ ᠲᠠᠢ ᠬᠦᠮᠦᠰ ᠵᠣᠬᠢᠰ ᠥᠬᠡᠶ 《ᠢᠰᠭᠡᠭᠰᠡᠨ ᠢᠳᠡᠭᠡᠨ》 ᠢᠳᠡᠪᠡᠯ ᠡᠪᠡᠳᠴᠢᠨ ᠨᠢ ᠬᠦᠨᠳᠦᠷᠡᠵᠦ᠍ ᠮᠡᠳᠡᠨ᠎ᠡ᠃


微信图片_20220406113908.jpg


ᠭᠢᠶᠠᠯᠲᠤ ᠵᠢᠭᠠᠰᠤ᠂ ᠴᠢᠯᠠᠭᠤᠨ ᠳᠡᠭ᠌ᠳᠡᠭᠡ᠂ ᠬᠢᠰᠤᠭ᠎ᠠ᠎ᠶ᠋ᠢᠨ ᠮᠢᠬ᠎ᠠ᠂ ᠰᠠᠮ ᠬᠣᠷᠣᠬᠠᠶ᠂ ᠨᠠᠢᠮᠠᠯᠵᠢ ᠵᠡᠷᠭᠡ ᠤᠰᠤᠨ᠎ᠤ ᠭᠠᠷᠤᠯᠲᠠ ᠪᠠ ᠲᠠᠬᠢᠶᠠᠨ ᠮᠢᠬ᠎ᠠ᠂ ᠲᠠᠬᠢᠶᠠᠨ ᠲᠣᠯᠣᠭᠠᠶ᠂ ᠭᠠᠬᠠᠶ᠎ᠶ᠋ᠢᠨ ᠲᠣᠯᠣᠭᠠᠶ᠎ᠶ᠋ᠢᠨ ᠮᠢᠬ᠎ᠠ᠂ ᠭᠠᠯᠠᠭᠤᠨ ᠮᠢᠬ᠎ᠠ᠂ ᠲᠠᠬᠢᠶᠠᠨ ᠳᠠᠯᠠᠪᠴᠢ᠂ ᠲᠠᠬᠢᠶᠠᠨ ᠰᠠᠪᠠᠷ᠂ ᠡᠯᠵᠢᠭᠡᠨ ᠮᠢᠬ᠎ᠠ᠂ ᠬᠦᠳᠡᠷᠢ᠎ᠶ᠋ᠢᠨ ᠮᠢᠬ᠎ᠠ᠂ ᠦᠬᠡᠷ᠎ᠦᠨ ᠮᠢᠬ᠎ᠠ᠂ ᠬᠣᠨᠢᠨ ᠮᠢᠬ᠎ᠠ᠂ ᠨᠣᠬᠠᠶ᠎ᠶ᠋ᠢᠨ ᠮᠢᠬ᠎ᠠ ᠵᠡᠷᠭᠡ ᠵᠢᠭᠦᠷᠲᠡᠨ ᠮᠠᠯ᠎ᠤᠨ ᠲᠥᠷᠥᠯ᠂ ᠦᠨᠦᠷᠲᠦ ᠨᠢᠴᠦᠭᠦᠨ ᠬᠣᠪᠣᠯᠣ᠂ ᠬᠤᠯᠤᠰᠤᠨ ᠰᠦᠶ᠎ᠡ ᠵᠡᠷᠭᠡ ᠢᠳᠡᠱᠢᠨ ᠨᠣᠭᠣᠭ᠎ᠠ ᠵᠢ ᠲᠤᠲᠠᠭᠤ ᠢᠳᠡᠬᠦ ᠬᠡᠷᠡᠭᠲᠡᠢ᠃

4᠂ ᠡᠯᠢᠭᠡ ᠱᠢᠮᠡᠵᠢᠭᠦᠯᠬᠦ᠌ ᠢᠳᠡᠭᠡᠨ᠎ᠢ ᠢᠯᠡᠭᠦᠬᠡᠨ ᠢᠳᠡᠪᠡᠯ ᠵᠣᠬᠢᠨ᠎ᠠ

ᠬᠠᠩᠰᠢ ᠵᠢᠨ ᠤᠯᠠᠷᠢᠯ ᠪᠤᠯ ᠮᠥᠨ ᠴᠦ᠍ ᠡᠯᠢᠭᠡ ᠰᠤᠪᠢᠯᠠᠬᠤ ᠰᠠᠢᠬᠠᠨ ᠤᠯᠠᠷᠢᠯ ᠮᠥᠨ; ᠴᠢᠨᠣ᠎ᠠ᠎ᠶ᠋ᠢᠨ ᠬᠠᠷᠠᠮᠠᠭ᠂ ᠴᠢᠪᠠᠭ᠎ᠠ᠂ ᠪᠤᠷᠴᠠᠭ᠎ᠤᠨ ᠢᠳᠡᠭᠡᠨ᠂ ᠮᠥᠩᠭᠥᠨ ᠳᠡᠯᠳᠡᠦ ᠵᠡᠷᠭᠡ ᠡᠯᠢᠭᠡ ᠎ᠰᠢᠮᠡᠵᠢᠭᠦᠯᠬᠦ ᠢᠳᠡᠭᠡᠨ᠎ᠢ ᠢᠯᠡᠭᠦᠬᠡᠨ ᠢᠳᠡᠵᠦ᠍᠂ ᠡᠯᠢᠭᠡ᠎ᠪᠡᠨ ᠲᠥᠯᠥᠵᠢᠭᠦᠯᠦᠭᠡᠷᠡᠢ᠃


微信图片_20220406113913.jpg


5᠂ ᠢᠯᠡᠭᠦᠦ ᠬᠥᠳᠡᠯᠵᠦ᠍ ᠳᠤᠲᠠᠭᠤ ᠰᠠᠭᠤ

ᠬᠠᠩᠰᠢ᠎ᠶ᠋ᠢᠨ ᠤᠯᠠᠷᠢᠯ᠎ᠳᠦ ᠪᠡᠶ᠎ᠡ᠎ᠪᠡᠨ ᠰᠤᠪᠢᠯᠠᠬᠤ᠎ᠶ᠋ᠢᠨ ᠵᠠᠩᠭᠢᠯᠠᠭ᠎ᠠ ᠨᠢ ᠢᠯᠡᠭᠦᠬᠡᠨ《ᠬᠥᠳᠡᠯᠬᠦ》᠎ᠳᠦ ᠪᠤᠢ᠂ 《ᠬᠦᠳᠡᠯᠭᠡᠭᠡᠨ ᠦᠭᠡᠢ》 ᠪᠠᠢᠬᠤ᠎ᠶ᠋ᠢ ᠴᠢᠩᠭ᠎ᠠ ᠴᠡᠭᠡᠷᠯᠡᠵᠦ᠍᠂ ᠡᠭᠦᠳᠡ᠎ᠪᠡᠨ ᠲᠦᠭ᠌ᠵᠢᠨ ᠭᠠᠳᠠᠭᠰᠢ ᠭᠠᠷᠬᠤ ᠥᠬᠡᠶ ᠪᠤᠶᠤ ᠨᠠᠩ ᠴᠤ᠌ ᠤᠷᠲᠤ ᠬᠤᠭᠤᠴᠠᠭ᠎ᠠ ᠪᠡᠷ ᠰᠠᠭᠤᠵᠤ ᠪᠣᠯᠬᠤ ᠥᠬᠡᠶ᠃ ᠭᠡᠪᠡᠴᠦ᠍ ᠠᠩᠬᠠᠷᠬᠤ ᠴᠢᠬᠤᠯᠠᠲᠠᠶ ᠵᠦᠶ᠋ᠯ ᠭᠡᠪᠡᠯ᠂ ᠨᠠᠰᠤᠲᠠᠢᠴᠤᠳ ᠬᠠᠪᠤᠷ᠎ᠤᠨ ᠪᠣᠯᠪᠠᠰᠤᠷᠠᠯ᠎ᠢᠶᠠᠨ ᠳᠡᠩᠳᠡᠭᠦᠦ ᠡᠷᠲᠡ ᠬᠢᠵᠦ᠍ ᠪᠣᠯᠬᠤ ᠥᠬᠡᠶ᠂ ᠨᠠᠷᠠ ᠬᠠᠯᠠᠭᠰᠠᠨ᠎ᠤ ᠳᠠᠷᠠᠭ᠎ᠠ ᠬᠢᠬᠦ᠌ ᠬᠡᠷᠡᠭ᠌ᠲᠡᠶ᠃ ᠡᠭᠦᠨ᠎ᠡᠴᠡ ᠭᠠᠳᠠᠨ᠎ᠠ᠂ ᠭᠠᠳᠠᠭ᠍ᠰᠢ ᠭᠠᠷᠴᠤ᠌ ᠵᠢᠭᠤᠯᠴᠢᠯᠠᠬᠤ᠂ ᠬᠥᠳᠡᠯᠭᠡᠭᠡᠨ ᠬᠢᠬᠦ᠎ᠳᠡᠭᠡᠨ ᠬᠡᠮᠵᠢᠶ᠎ᠡ ᠪᠡᠨ ᠪᠠᠷᠢᠮᠲᠠᠯᠠᠬᠤ ᠬᠡᠷᠡᠭ᠌ᠲᠡᠢ᠃ ᠵᠢᠷᠦᠬᠡᠨ ᠡᠪᠡᠳᠴᠢᠨ᠂ ᠴᠢᠰᠤᠨ ᠳᠠᠷᠤᠯᠲᠠ ᠥᠨᠳᠥᠷ᠂ ᠤᠳᠠᠭᠠᠨ ᠴᠢᠨᠠᠷᠲᠠᠶ ᠰᠠᠯᠪᠤᠷᠢ ᠮᠥᠭᠡᠷᠰᠦᠨ ᠬᠣᠭᠣᠯᠠᠶ᠎ᠶ᠋ᠢᠨ ᠦᠷᠪᠢᠰᠦᠯ ᠵᠡᠷᠭᠡ ᠡᠪᠡᠳᠴᠢᠨ ᠲᠠᠢ ᠡᠪᠡᠳᠴᠢᠲᠡᠨ ᠠᠭᠤᠯᠠ ᠠᠪᠠᠷᠢᠵᠤ ᠪᠤᠯᠬᠤ ᠦᠭᠡᠢ᠃


微信图片_20220406113920.jpg


6᠂ ᠴᠠᠭᠠᠰᠤᠨ ᠱᠢᠪᠠᠭᠤ ᠨᠢᠰᠭᠡᠵᠤ ᠪᠤᠯᠤᠨ᠎ᠠ

ᠬᠠᠪᠤᠷ᠎ᠤᠨ ᠤᠯᠠᠷᠢᠯ ᠴᠠᠭᠠᠰᠤᠨ ᠱᠢᠪᠠᠭᠤ ᠨᠢᠰᠭᠡᠬᠦ᠌᠎ᠳᠦ ᠬᠠᠮᠤᠭ᠎ᠤᠨ ᠲᠣᠬᠢᠷᠠᠮᠵᠢᠲᠠᠢ᠂ ᠤᠴᠢᠷ ᠨᠢ ᠬᠠᠪᠤᠷ᠎ᠤᠨ ᠤᠯᠠᠷᠢᠯ᠎ᠳᠤ ᠲᠩᠷᠢ ᠴᠡᠯᠮᠡᠭᠰᠢᠨ᠂ ᠠᠭᠤᠷ ᠠᠮᠢᠰᠭᠤᠯ ᠳᠤᠯᠠᠭᠠᠷᠠᠵᠤ᠂ ᠴᠠᠭᠠᠰᠤᠨ ᠱᠢᠪᠠᠭᠤ ᠨᠢᠰᠭᠡᠬᠦ᠌ ᠨᠢ ᠲᠩᠷᠢ ᠭᠠᠵᠠᠷ᠎ᠤᠨ ᠠᠭᠤᠷ ᠠᠮᠢᠰᠭᠤᠯ᠎ᠳᠤ ᠵᠣᠬᠢᠴᠠᠵᠤ᠂ ᠪᠡᠶ᠎ᠡ ᠰᠡᠳᠭᠢᠯ᠎ᠦᠨ ᠡᠷᠡᠭᠦᠯ ᠮᠡᠨᠳᠦ᠍᠎ᠳᠦ ᠬᠠᠮᠤᠭ ᠠᠱᠢᠭ᠍ᠲᠠᠢ᠃


微信图片_20220406113926.png


7᠂ ᠡᠪᠡᠳᠴᠢᠨ᠎ᠲᠠᠭ᠍ᠰᠢᠭᠤᠷ᠎ᠢ ᠰᠡᠷᠭᠡᠢᠯᠡᠬᠦ ᠬᠡᠷᠡᠭᠲᠡᠢ

ᠬᠠᠩᠰᠢ᠎ᠶ᠋ᠢᠨ ᠦᠶ᠎ᠡ᠎ᠳᠦ ᠠᠭᠤᠷ ᠠᠮᠢᠰᠬᠤᠯ ᠲᠤᠭᠲᠠᠪᠦᠷᠢ ᠦᠭᠡᠢ ᠪᠠᠢᠵᠤ᠂ ᠭᠡᠨᠡᠳᠲᠡ ᠳᠤᠯᠠᠭᠠᠷᠠᠵᠤ ᠭᠡᠨᠡᠳᠲᠡ ᠬᠦᠶ᠋ᠲᠡᠷᠡᠨ᠂ ᠪᠠᠺᠲ᠋ᠧᠷᠢ᠂ ᠸᠢᠷᠦ᠋ᠰ ᠠᠮᠠᠷᠬᠠᠨ ᠡᠭᠦᠰᠳᠡᠭ᠂ ᠡᠨᠡ ᠦᠶ᠎ᠡ᠎ᠳᠦ ᠭᠠᠳᠠᠭ᠍ᠰᠢ ᠭᠠᠷᠬᠤ᠎ᠳᠠᠭᠠᠨ ᠳᠤᠯᠠᠭᠠᠯᠠᠬᠤ᠎ᠶ᠋ᠢ ᠠᠩᠬᠠᠷᠴᠤ᠂ ᠲᠠᠭᠰᠢᠭᠤᠷ ᠬᠦᠷᠬᠦ ᠡᠴᠡ ᠰᠡᠷᠭᠡᠢᠯᠡᠬᠦ ᠬᠡᠷᠡᠭᠲᠡᠢ᠃


微信图片_20220406113931.png


8᠂ ᠵᠢᠷᠦᠬᠡ ᠲᠠᠷᠢᠬᠢᠨ ᠰᠤᠳᠠᠯ᠎ᠤᠨ ᠡᠪᠡᠳᠴᠢᠨ᠎ᠢ ᠰᠡᠷᠭᠡᠢᠯᠡᠬᠦ ᠬᠡᠷᠡᠭᠲᠡᠢ

ᠴᠠᠭ ᠠᠭᠤᠷ᠎ᠤᠨ ᠬᠤᠪᠢᠷᠠᠯᠲᠠ ᠠᠷᠪᠢᠨ ᠮᠥᠷᠲᠡᠭᠡᠨ ᠬᠠᠩᠰᠢ᠎ᠶ᠋ᠢᠨ ᠡᠳᠦᠷ ᠣᠩᠭᠣᠨ ᠱᠦᠭᠦᠷᠳᠡᠬᠦ᠌ ᠨᠢ ᠬᠢᠯᠪᠠᠷᠬᠠᠨ ᠬᠦᠮᠦᠰ᠎ᠢ ᠤᠶᠠᠷᠠᠭᠤᠯᠳᠠᠬ ᠤᠴᠢᠷ ᠤᠷᠮ᠎ᠠ ᠰᠡᠳᠬᠢᠯᠭᠡ ᠮᠠᠭᠤ ᠪᠠᠢᠬᠤ ᠨᠢ ᠵᠠᠷᠢᠮ ᠵᠢᠷᠦᠬᠡ ᠲᠠᠷᠢᠬᠢᠨ ᠰᠤᠳᠠᠯ᠎ᠤᠨ ᠡᠪᠡᠳᠴᠢᠲᠡᠨ᠎ᠦ ᠢᠯᠡᠷᠡᠯ᠎ᠢ ᠬᠦᠨᠳᠦᠷᠡᠭᠦᠯᠬᠦ ᠪᠤᠯᠤᠮᠵᠢᠲᠠᠢ᠃ ᠡᠢᠮᠦ᠍᠎ᠡᠴᠡ᠂ ᠵᠢᠷᠦᠬᠡ ᠲᠠᠷᠢᠬᠢᠨ ᠰᠤᠳᠠᠯ᠎ᠤᠨ ᠡᠪᠡᠳᠴᠢᠨ᠎ᠲᠡᠶ᠂ ᠴᠢᠰᠤᠨ ᠳᠠᠷᠤᠯᠲᠠ ᠥᠨᠳᠥᠷ ᠬᠥᠮᠦᠰ ᠬᠡᠲᠦᠷᠬᠡᠶ ᠶᠠᠳᠠᠷᠠᠬᠤ ᠪᠤᠶᠤ ᠰᠡᠳᠭᠢᠯ ᠵᠣᠪᠠᠬᠤ ᠥᠬᠡᠶ ᠪᠠᠢᠬᠤ᠎ᠶ᠋ᠢ ᠨᠠᠩ ᠠᠩᠬᠠᠷᠴᠤ᠌᠂ ᠤᠷᠮ᠎ᠠ ᠰᠡᠳᠭᠢᠯᠭᠡ᠎ᠪᠡᠨ ᠲᠣᠭ᠍ᠲᠠᠪᠤᠷᠢᠵᠢᠭᠤᠯᠵᠤ᠂ ᠣᠩᠭᠣᠨ ᠱᠦᠭᠦᠷᠳᠡᠬᠦ᠌ ᠦᠶ᠎ᠡ᠎ᠳᠦ ᠬᠠᠮᠤᠭ᠎ᠤᠨ ᠰᠠᠢᠨ ᠨᠢ ᠲᠥᠷᠥᠯ ᠰᠠᠳᠤᠨ᠎ᠢᠶᠠᠷ᠎ᠢᠶᠠᠨ ᠬᠠᠨᠢ ᠪᠣᠯᠭᠠᠬᠤ ᠬᠡᠷᠡᠭ᠌ᠲᠡᠶ᠃


微信图片_20220406113936.png


ᠡᠭᠦᠨ᠎ᠡᠴᠡ ᠭᠠᠳᠠᠨ᠎ᠠ ᠬᠠᠪᠤᠷ᠎ᠤᠨ ᠤᠯᠠᠷᠢᠯ᠎ᠳᠦ ᠥᠨᠳᠡᠭᠡᠨ ᠱᠢᠷ᠎ᠠ ᠪᠠ ᠪᠤᠷᠴᠠᠭ᠎ᠤᠨ ᠵᠦᠢᠯ ᠵᠡᠷᠭᠡ ᠸᠢᠲ᠋ᠠᠮᠢᠨ E ᠡᠯᠪᠡᠭ ᠠᠭᠤᠯᠤᠭ᠍ᠰᠠᠨ ᠢᠳᠡᠭᠡᠨ᠎ᠢ ᠢᠯᠡᠭᠦᠬᠡᠨ ᠢᠳᠡᠵᠦ᠍᠂ ᠡᠭᠡᠯᠢᠯᠡᠭᠡ ᠵᠢᠨ ᠴᠢᠳᠠᠪᠤᠷᠢ᠎ᠪᠡᠨ ᠳᠡᠭᠡᠭ᠌ᠰᠢᠯᠡᠭᠦᠯᠵᠤ ᠪᠤᠯᠤᠨ᠎ᠠ᠃

  • ᠨᠠᠢᠷᠠᠭᠤᠯᠤᠭ᠍ᠴᠢ᠄

  • ᠨᠡᠪᠲᠡᠷᠡᠭᠦᠯᠦᠭᠴᠢ᠄

  • ᠮᠡᠷᠭᠡᠵᠢᠯ᠄

ᠨᠠᠢᠷᠠᠭᠤᠯᠤᠭ᠍ᠴᠢ᠄ ᠰᠤᠶᠤᠯᠲᠦ

ᠣᠷᠴᠢᠭᠤᠯᠤᠭ᠍ᠴᠢ᠄

ᠢᠷᠡᠯᠲᠡ᠄ ᠳᠤᠮᠳᠠᠳᠤ ᠤᠯᠤᠰ᠎ᠤ᠋ᠨ ᠮᠣᠩᠭᠣᠯ ᠬᠡᠯᠡᠨ᠎ᠦ᠌ ᠰᠣᠨᠢᠨ ᠮᠡᠳᠡᠭᠡ᠎ᠶ᠋ᠢᠨ ᠰᠦᠯᠵᠢᠶ᠎ᠡ
兼容浏览器的HTML页面