2022-04-19 17:20:53
ᠲᠠᠷᠢᠶᠠᠯᠠᠡᠭ ᠤᠨ ᠬᠤᠷ᠎ᠠ ᠪᠣᠯ ᠬᠣᠷᠢᠨ ᠳᠥᠷᠪᠡᠨ ᠴᠠᠭ ᠤᠯᠠᠷᠢᠯ ᠤᠨ ᠵᠢᠷᠭᠤᠳᠤᠭᠠᠷ ᠤᠯᠠᠷᠢᠯ᠂ ᠪᠠᠰᠠ ᠴᠤ ᠬᠠᠪᠤᠷ ᠤᠨ ᠤᠯᠠᠷᠢᠯᠤᠨ ᠡᠴᠦᠰᠦᠨ ᠴᠠᠭ ᠤᠯᠠᠷᠢᠯ ᠪᠣᠯᠤᠨ᠎ᠠ᠃ ᠵᠢᠯ ᠪᠦᠷᠢᠶ᠋ᠢᠨ 4 ᠰᠠᠷ᠎ᠠ ᠶ᠋ᠢᠨ 19 ᠦ ᠡᠳᠦᠷᠡᠴᠡ 21ᠦ ᠡᠳᠦᠷ ᠲᠤᠬᠢᠶᠠᠳᠠᠭ ᠪᠠᠶᠠᠷᠤᠨ ᠡᠳᠦᠷ ᠶᠤᠮ᠃ ᠤᠮᠠᠷᠠᠲᠤ ᠣᠷᠣᠨ ᠳᠤ᠂ ᠲᠠᠷᠢᠶᠠᠯᠡᠡᠭ ᠤᠨ ᠬᠤᠷ᠎ᠠ ᠪᠣᠯ 《ᠡᠴᠦᠰ ᠦᠨ ᠬᠢᠷᠠᠭᠤ》ᠶ᠋ᠢᠨ ᠪᠡᠯᠭᠡ ᠲᠡᠮᠳᠡᠭ ᠪᠣᠯᠤᠨ᠎ᠠ᠃
ᠬᠠᠪᠤᠷ ᠴᠠᠭ ᠤᠳᠠᠯ ᠦᠭᠡᠢ ᠠᠶᠠᠷᠯᠠᠵᠤ᠂ ᠵᠤᠨᠤ ᠤᠯᠠᠷᠢᠯ ᠬᠦᠷᠴᠤ ᠢᠷᠡᠬᠦ ᠵᠢ ᠪᠡᠯᠭᠡᠳᠡᠭᠰᠡᠨ ᠡᠨᠡᠬᠦ ᠴᠠᠭ ᠤᠯᠠᠷᠢᠯ ᠳᠦ᠂ ᠬᠠᠷᠢᠶᠠᠴᠡᠢ᠂ ᠴᠠᠬᠤᠯᠠᠢ᠂ ᠲᠤᠭᠤᠷᠤᠤ ᠵᠡᠷᠭᠡ ᠨᠠᠭᠦᠳᠡᠯ ᠤᠨ ᠰᠢᠪᠠᠭᠤᠳ ᠢᠷᠡᠵᠤ᠂ ᠦᠪᠦᠭᠡᠯᠵᠢ ᠳᠤᠤᠭᠠᠷᠠᠨ᠂ ᠬᠦᠳᠡᠭᠡ ᠨᠤᠲᠤᠭ ᠲᠦ ᠠᠬᠢ ᠨᠢᠲᠤᠯᠠᠵᠤ᠂ ᠬᠤᠷ᠎ᠠ ᠪᠠᠭᠤᠨ ᠲᠠᠷᠢᠶ᠎ᠠ ᠲᠠᠷᠢᠳᠠᠭ᠃

ᠤᠯᠠᠮᠵᠢᠯᠠᠯᠲᠤ ᠲᠠᠷᠢᠶᠠᠯᠠᠬᠤ ᠰᠣᠶᠣᠯ ᠳᠤ᠂ ᠲᠠᠷᠢᠶᠠᠯᠠᠡᠭ ᠤᠨ ᠬᠤᠷ᠎ᠠ ᠵᠢᠨ ᠴᠠᠭ ᠠᠭᠤᠷ ᠨᠢ 《ᠠᠮᠤ》ᠪᠠ 《ᠪᠣᠷᠣᠭᠠᠨ》ᠢ ᠬᠣᠯᠪᠣᠵᠤ᠂ ᠬᠤᠷ᠎ᠠ ᠲᠤᠨᠳᠠᠰᠤᠨᠤ ᠪᠠᠢᠳᠠᠯ ᠪᠠ《ᠲᠠᠷᠢᠶᠠᠯᠡᠡᠭᠤᠨ ᠬᠤᠷ᠎ᠠ ᠪᠡᠷ ᠵᠠᠭᠤᠨ ᠲᠠᠷᠢᠶ᠎ᠠ ᠠᠮᠢᠯᠠᠮᠤᠢ》ᠶ᠋ᠢ ᠢᠯᠡᠳᠭᠡᠳᠡᠭ᠃ ᠡᠨᠡᠬᠦ ᠴᠠᠭ ᠤᠯᠠᠷᠢᠯᠳᠦ ᠬᠤᠷ᠎ᠠ ᠲᠤᠨᠳᠠᠰᠤ ᠢᠯᠡᠳᠲᠡ ᠨᠡᠮᠡᠭ᠌ᠳᠡᠵᠦ᠍᠂ ᠦᠷ᠎ᠠ ᠰᠠᠴᠤᠵᠤ ᠴᠢᠬᠢ ᠰᠠᠭᠤᠯᠭᠠᠬᠤ᠂ ᠲᠠᠷᠪᠤᠰ ᠪᠤᠷᠴᠠᠭ ᠲᠠᠷᠢᠬᠤ ᠬᠠᠮᠤᠭ ᠤᠨ ᠲᠤᠬᠢᠳᠠᠢ ᠴᠠᠭ ᠬᠤᠭᠤᠴᠠᠭ᠎ᠠ ᠬᠦᠷᠴᠤ ᠢᠷᠡᠭᠰᠡᠨ ᠢ ᠬᠠᠷᠠᠭᠤᠯᠵᠤ ᠪᠠᠢᠳᠠᠭ᠃ ᠲᠠᠷᠢᠮᠠᠯ ᠢ ᠱᠢᠨᠡᠪᠡᠷ ᠳᠠᠷᠢᠬᠤᠳᠤ ᠪᠣᠷᠣᠭᠠᠨ ᠤ ᠤᠰᠤ ᠪᠡᠷ ᠱᠢᠮᠡᠵᠢᠭᠦᠯᠬᠦ᠌ ᠶ᠋ᠢ ᠬᠠᠮᠤᠭᠠᠴᠠ ᠱᠠᠭᠠᠷᠳᠠᠨ᠎ᠠ᠂ ᠬᠤᠷ᠎ᠠ ᠲᠤᠨᠳᠠᠰᠤᠨ ᠤ ᠬᠡᠮᠵᠢᠶ᠎ᠡ ᠭᠦᠶ᠋ᠴᠡᠳ ᠪᠥᠭᠡᠳ ᠴᠠᠭ ᠲᠤᠬᠠᠶᠳᠤ ᠨᠢ ᠪᠠᠭᠤᠪᠠᠯ ᠠᠮᠤ ᠪᠤᠳᠠᠭᠠᠨᠤ ᠲᠥᠷᠥᠯ ᠦᠨ ᠲᠠᠷᠢᠮᠠᠯ ᠢᠳᠡᠷᠡᠭᠦᠨ ᠢᠶᠡᠷ ᠦᠰᠦᠨ ᠪᠣᠢᠵᠢᠵᠤ ᠴᠢᠳᠠᠨ᠎ᠠ᠃ ᠲᠠᠷᠢᠶᠠᠯᠠᠡᠭ ᠤᠨ ᠬᠤᠷ᠎ᠠ ᠨᠢ ᠪᠣᠷᠣᠭᠠᠨᠤ ᠤᠰᠤ᠂ ᠪᠠᠭ᠎ᠠ ᠳᠦᠭᠦᠷᠡᠩ᠂ ᠪᠠᠭ᠎ᠠ ᠴᠠᠰᠤ᠂ ᠶᠡᠬᠡ ᠴᠠᠰᠤ ᠵᠡᠷᠭᠡ ᠴᠠᠭ ᠤᠯᠠᠷᠢᠯ ᠲᠠᠶ ᠠᠳᠠᠯᠢ ᠪᠠᠷ ᠪᠦᠷ ᠲᠤᠨᠳᠠᠰᠤᠨ ᠤ ᠦᠵᠡᠭ᠌ᠳᠡᠯ ᠢ ᠲᠤᠰᠭᠠᠵᠤ᠂ ᠡᠷᠲᠡᠨ ᠦ ᠲᠠᠷᠢᠶᠠᠯᠠᠬᠤ ᠰᠣᠶᠣᠯ ᠤᠨ ᠴᠠᠭ ᠤᠯᠠᠷᠢᠯ ᠤᠨ ᠲᠤᠰᠭᠠᠯ ᠪᠣᠯᠤᠨ᠎ᠠ᠃

ᠲᠠᠷᠢᠶᠠᠯᠡᠡᠭ ᠤᠨ ᠬᠤᠷ᠎ᠠ ᠵᠢᠨ ᠴᠠᠭ ᠤᠯᠠᠷᠢᠯᠤᠨ ᠬᠠᠮᠤᠭᠤᠨ ᠭᠤᠤᠯ ᠣᠨᠴᠠᠯᠢᠭ ᠨᠢ ᠬᠤᠷ᠎ᠠ ᠳᠤᠨᠳᠠᠰᠤ ᠠᠷᠪᠢᠳᠠᠨᠠ᠃ ᠲᠠᠷᠢᠶᠠᠯᠡᠡᠭ ᠤᠨ ᠬᠤᠷ᠎ᠠ ᠵᠢᠨ ᠤᠯᠠᠷᠢᠯ ᠤᠨ ᠳᠠᠷᠠᠭ᠎ᠠ᠂ ᠠᠭᠠᠷᠤᠨ ᠳᠤᠯᠠᠭᠠᠨ ᠳᠡᠭᠡᠭ᠌ᠰᠢᠯᠡᠵᠦ᠍᠂ ᠪᠣᠷᠣᠭᠠᠨᠤ ᠬᠡᠮᠵᠢᠶ᠎ᠡ ᠨᠡᠮᠡᠭ᠌ᠳᠡᠨ᠂ ᠠᠭᠠᠷ ᠳᠣᠲᠣᠷᠠᠬᠢ ᠴᠢᠭᠢᠭᠦᠨ ᠬᠡᠮᠵᠢᠶ᠎ᠡ ᠨᠡᠮᠡᠭ᠌ᠳᠡᠵᠦ᠍᠂ ᠠᠮᠤᠪᠤᠳᠠᠭᠠᠨᠤ ᠲᠥᠷᠥᠯᠦᠨ ᠲᠠᠷᠢᠮᠠᠯ ᠤᠨ ᠤᠷᠭᠤᠯᠲᠠ ᠳᠤ ᠲᠤᠢᠯ ᠤᠨ ᠲᠣᠬᠢᠷᠠᠮᠵᠢᠲᠠᠶ ᠪᠤᠯᠳᠠᠭ᠃ ᠮᠠᠨ ᠤ ᠤᠯᠤᠰᠤᠨ ᠡᠮᠦᠨᠡᠲᠦ ᠣᠷᠣᠨᠵᠢᠡᠷ ᠪᠣᠷᠣᠭᠠᠨ ᠡᠯᠪᠡᠭ ᠪᠠᠢᠵᠤ᠂ ᠢᠯᠠᠩᠭᠤᠶ᠎ᠠ ᠡᠮᠦᠨᠡᠲᠦ ᠣᠷᠣᠨᠳᠤ᠂ ᠬᠦᠶ᠋ᠲᠡᠨ ᠠᠭᠠᠷ ᠬᠢᠭᠡᠳ ᠳᠤᠯᠠᠭᠠᠨ ᠴᠢᠭᠢᠭ᠌ᠯᠢᠭ ᠠᠭᠠᠷ ᠨᠡᠢᠯᠡᠪᠡᠯ᠂ ᠦᠷᠭᠦᠯᠵᠢ ᠨᠡᠯᠢᠶᠡᠳ ᠣᠷᠳᠣ ᠬᠤᠭᠤᠴᠠᠭᠠᠨᠤ ᠬᠤᠷ᠎ᠠ ᠲᠤᠨᠳᠠᠰᠤ ᠲᠠᠶ ᠴᠠᠭ ᠠᠭᠤᠷ ᠢᠯᠡᠷᠡᠳᠡᠭ᠃ ᠪᠣᠷᠣᠭᠠᠨ ᠨᠡᠮᠡᠭ᠌ᠳᠡᠬᠦ ᠡᠴᠡ ᠠᠭᠠᠷ ᠳᠣᠲᠣᠷᠠᠬᠢ ᠴᠢᠭᠢᠭ ᠦᠨ ᠬᠡᠮᠵᠢᠶ᠎ᠡ ᠠᠭᠠᠵᠢᠮ ᠢᠶᠠᠷ ᠨᠡᠮᠡᠭ᠌ᠳᠡᠳᠡᠭ᠂ ᠡᠢᠮᠦ᠍ᠡᠴᠡ 《ᠴᠢᠭᠢᠭᠦᠨ ᠬᠡᠮ》ᠡᠴᠠ ᠰᠡᠷᠭᠡᠢᠯᠡᠬᠦ᠌ᠶ᠋ᠢ ᠠᠩᠬᠠᠷᠬᠤ ᠬᠡᠷᠡᠭ᠌ᠲᠡᠶ᠃ ᠠᠷᠠᠳᠤᠨ ᠳᠤᠮᠳᠠ ᠲᠠᠷᠢᠶᠠᠯᠠᠡᠭ ᠤᠨ ᠬᠤᠷ᠎ᠠ ᠵᠢᠨ ᠤᠯᠠᠷᠢᠯ ᠳᠤ ᠬᠤᠷ᠎ᠠ ᠶ᠋ᠢᠨ ᠴᠠᠢ ᠲᠡᠭᠦᠬᠦ᠌᠂ ᠬᠠᠷᠢᠯᠴᠠᠨ ᠠᠢᠯᠴᠢᠯᠠᠵᠤ ᠶᠠᠪᠤᠬᠤ᠂ ᠦᠨᠦᠷᠲᠤ ᠬᠤᠪᠤᠯᠤ ᠢᠳᠡᠬᠦ᠂ ᠴᠡᠴᠡᠭ ᠰᠣᠨᠢᠷᠬᠠᠬᠤ ᠵᠡᠷᠭᠡ ᠵᠠᠩᠱᠢᠯᠲᠠᠶ ᠪᠠᠢᠳᠠᠭ᠃
- ᠨᠠᠢᠷᠠᠭᠤᠯᠤᠭ᠍ᠴᠢ᠄
- ᠨᠡᠪᠲᠡᠷᠡᠭᠦᠯᠦᠭᠴᠢ᠄
- ᠮᠡᠷᠭᠡᠵᠢᠯ᠄
ᠨᠠᠢᠷᠠᠭᠤᠯᠤᠭ᠍ᠴᠢ᠄ ᠰᠤᠶᠤᠯᠲᠦ
ᠣᠷᠴᠢᠭᠤᠯᠤᠭ᠍ᠴᠢ᠄




ᠰᠢᠭᠦᠮᠵᠢ ᠠᠯᠠᠭ᠎ᠠ ᠂ ᠬᠤᠷᠳᠤᠨ ᠨᠢᠭᠡᠳᠦᠭᠡᠷ ᠵᠤᠷᠪᠤᠰ ᠰᠢᠭᠦᠮᠵᠢ ᠨᠡᠢ᠌ᠲᠡᠯᠡᠭᠡᠷᠡᠢ᠃