2022-04-19 17:10:26
ᠠᠷᠠᠳ᠎ᠤᠨ ᠳᠤᠮᠳᠠ ᠲᠠᠷᠢᠶᠠᠯᠡᠡᠭ ᠤᠨ ᠬᠤᠷ᠎ᠠ ᠪᠤᠯᠪᠠᠰᠤ ᠶᠠᠭᠤ ᠬᠢᠳᠡᠭ ᠤᠯᠠᠮᠵᠢᠯᠠᠯ ᠲᠠᠢ ᠪᠤᠢ?
ᠴᠠᠢ ᠤᠤᠭᠤᠨ᠎ᠠ
ᠲᠠᠷᠢᠶᠠᠯᠡᠡᠭ᠎ᠤᠨ ᠬᠤᠷ᠎ᠠ ᠵᠢᠨ ᠴᠠᠶ ᠪᠣᠯ ᠳᠠᠷᠤᠶ ᠲᠠᠷᠢᠶᠠᠯᠡᠡᠭ᠎ᠤᠨ ᠬᠤᠷ᠎ᠠ ᠡᠬᠢᠯᠡᠭᠰᠡᠨ ᠡᠨᠡ ᠡᠳᠦᠷᠲᠡᠭᠦᠭᠰᠡᠨ ᠱᠢᠨ᠎ᠡ ᠰᠣᠷᠭᠣᠭ ᠴᠠᠶ ᠪᠠᠷ ᠦᠶ᠋ᠯᠡᠳᠦᠭ᠌ᠰᠡᠨ ᠴᠠᠶ ᠪᠣᠯᠤᠨ᠎ᠠ᠂ ᠲᠡᠷᠡ ᠮᠥᠷᠲᠡᠭᠡᠨ ᠡᠨᠡ ᠴᠠᠢ ᠵᠢ ᠦᠳᠡ᠎ᠶ᠋ᠢᠨ ᠡᠮᠦᠨ᠎ᠡ ᠲᠡᠭᠦᠬᠦ᠌ ᠬᠡᠷᠡᠭ᠌ᠲᠡᠶ᠃ ᠲᠠᠷᠢᠶᠠᠯᠡᠡᠭ᠎ᠤᠨ ᠬᠤᠷ᠎ᠠ ᠵᠢᠨ ᠴᠠᠶ᠎ᠶ᠋ᠢᠨ ᠥᠩᠭᠡ ᠨᠢ ᠨᠣᠮᠢᠨ ᠨᠣᠭᠣᠭᠠᠨ᠂ ᠨᠠᠪᠴᠢ ᠨᠢ ᠵᠥᠭᠡᠯᠡᠨ᠂ ᠣᠯᠠᠨ ᠵᠦᠶ᠋ᠯ᠎ᠦᠨ ᠸᠢᠲ᠋ᠠᠮᠢᠨ ᠪᠠ ᠠᠮᠢᠨᠣ᠋ ᠬᠦᠴᠢᠯ ᠡᠯᠪᠡᠭ ᠠᠭᠤᠯᠵᠤ᠂ ᠠᠩᠬᠢᠯᠤᠮ᠎ᠠ ᠰᠠᠢᠬᠠᠨ ᠦᠨᠦᠷ ᠲᠠᠶ ᠪᠠᠢᠳᠠᠭ᠃ ᠲᠠᠷᠢᠶᠠᠯᠡᠡᠭ ᠤᠨ ᠬᠤᠷ᠎ᠠ ᠡᠬᠢᠯᠡᠭᠰᠡᠨ ᠡᠨᠡ ᠡᠳᠦᠷ ᠬᠥᠮᠦᠰ ᠠᠭᠤᠯᠠᠨ᠎ᠳᠦ ᠭᠠᠷᠴᠤ ᠱᠢᠨ᠎ᠡ ᠴᠠᠶ ᠲᠡᠭᠦᠵᠦ᠍ ᠠᠪᠴᠢᠷᠠᠨ ᠴᠠᠢ ᠪᠦᠷᠢᠵᠤ ᠤᠤᠭᠤᠳᠠᠭ᠃

ᠮᠠᠨᠳᠠᠷᠠᠸ᠎ᠠ ᠰᠤᠨᠢᠷᠬᠠᠨ᠎ᠠ
ᠲᠠᠷᠢᠶᠠᠯᠠᠡᠭ ᠵᠢᠨ ᠬᠤᠷ᠎ᠠ ᠵᠢᠨ ᠡᠮᠦᠨ᠎ᠡ ᠬᠣᠢᠨ᠎ᠠ ᠮᠠᠨᠳᠠᠷᠠᠸ᠎ᠠ ᠴᠡᠴᠡᠭ ᠳᠡᠯᠭᠡᠷᠡᠬᠦ᠌ ᠴᠢᠬᠤᠯᠠ ᠴᠠᠭ ᠬᠤᠭᠤᠴᠠᠭ᠎ᠠ ᠪᠣᠯᠬᠣᠷ ᠮᠠᠨᠳᠠᠷᠠᠸ᠎ᠠ ᠴᠡᠴᠡᠭ ᠢ ᠪᠠᠰᠠ《ᠬᠤᠷ᠎ᠠ ᠶ᠋ᠢᠨ ᠴᠡᠴᠡᠭ》᠂ ᠪᠠᠶᠠᠨ ᠲᠠᠩᠰᠤᠭ ᠴᠡᠴᠡᠭ ᠭᠡᠳᠡᠭ᠃ ᠲᠠᠷᠢᠶᠠᠯᠡᠡᠭ᠎ᠤᠨ ᠬᠤᠷ᠎ᠠ ᠵᠢᠨ ᠤᠯᠠᠷᠢᠯ᠎ᠳᠤ ᠮᠠᠨᠳᠠᠷᠠᠸ᠎ᠠ ᠴᠡᠴᠡᠭᠰᠤᠨᠢᠷᠬᠠᠬᠤ ᠵᠠᠡᠭᠰᠢᠯ ᠨᠢ ᠨᠢᠭᠡᠨᠲᠡ ᠮᠢᠩᠭᠠᠨ ᠵᠢᠯ ᠦᠷᠭᠦᠯᠵᠢᠯᠡᠵᠡᠢ᠃ ᠣᠳᠣ ᠪᠣᠯᠲᠠᠯ᠎ᠠ᠂ ᠱᠠᠨᠳᠦ᠋ᠩ᠎ᠦᠨ ᠾᠧ ᠽᠸ᠋᠂ ᠾᠧᠨᠠᠨ᠎ᠤ ᠯᠦᠸᠸ ᠶᠠᠩ ᠳ᠋ᠥ᠍ ᠴᠥᠮ ᠲᠠᠷᠢᠶᠠᠯᠠᠡᠭ᠎ᠤᠨ ᠬᠤᠷ᠎ᠠ ᠵᠢᠨ ᠦᠶ᠎ᠡ ᠪᠡᠷ ᠮᠠᠨᠳᠠᠷᠠᠸ᠎ᠠ ᠴᠡᠴᠡᠭ᠎ᠦᠨ ᠴᠤᠭ᠍ᠯᠠᠭᠠᠨ ᠪᠤᠯᠳᠠᠭ᠃

ᠼᠠᠩ ᠵᠢᠶᠧ ᠳᠦ ᠲᠠᠬᠢᠯ ᠡᠷᠭᠦᠨ᠎ᠠ
ᠬᠠᠩᠰᠢ᠎ᠶ᠋ᠢᠨ ᠡᠳᠦᠷ ᠬᠤᠸᠠᠩᠳᠢ ᠵᠢ ᠲᠠᠬᠢᠵᠤ᠂ ᠲᠠᠷᠢᠶᠠᠯᠡᠡᠭ ᠤᠨ ᠬᠤᠷ᠎ᠠ ᠡᠬᠢᠯᠡᠭᠰᠡᠨ ᠡᠳᠦᠷ ᠼᠠᠩ ᠵᠢᠶᠧ᠎ᠳᠦ ᠲᠠᠬᠢᠯ ᠡᠷᠭᠦᠬᠦ᠌ ᠪᠣᠯ ᠬᠠᠨ ᠤᠯᠤᠰ᠎ᠠᠴᠠ ᠨᠠᠭᠠᠰᠢ ᠮᠢᠩᠭᠠᠨ ᠵᠢᠯ ᠤᠯᠠᠮᠵᠢᠯᠠᠭ᠍ᠳᠠᠭ᠍ᠰᠠᠭᠠᠷ ᠢᠷᠡᠭᠰᠡᠨ ᠠᠷᠠᠳ᠎ᠤᠨ ᠤᠯᠠᠮᠵᠢᠯᠠᠯ ᠪᠣᠯᠤᠨ᠎ᠠ᠃ ᠵᠢᠯ ᠪᠦᠷᠢ᠎ᠶ᠋ᠢᠨ ᠲᠠᠷᠢᠶᠠᠯᠡᠡᠭ᠎ᠤᠨ ᠬᠤᠷ᠎ᠠ ᠪᠤᠯᠬᠤ ᠪᠡᠷ ᠱᠠᠨᠰᠢ᠎ᠶ᠋ᠢᠨ ᠪᠠᠶ ᠱᠦᠶ ᠱᠢᠶᠠᠨ᠎ᠳᠤ 《ᠼᠠᠩ ᠵᠢᠶᠧ ᠶ᠋ᠢᠨ ᠰᠦᠮ᠎ᠡ᠎ᠶ᠋ᠢᠨ ᠬᠤᠷᠠᠯ》 ᠶᠠᠪᠤᠭ᠍ᠳᠠᠳᠠᠭ᠃

ᠦᠨᠦᠷ᠎ᠲᠤ ᠨᠢᠴᠦᠭᠦᠨ ᠬᠤᠪᠤᠯᠤ ᠢᠳᠡᠨ᠎ᠡ
《ᠪᠣᠷᠣᠭᠠᠨ᠎ᠤ ᠡᠮᠦᠨ᠎ᠡ ᠦᠨᠦᠷᠲᠦ ᠨᠢᠴᠦᠭᠦᠨ ᠬᠣᠪᠣᠯᠣ ᠨᠢ ᠱᠢᠷᠬᠡᠭ ᠮᠡᠲᠦ ᠵᠥᠭᠡᠯᠡᠨ》 ᠭᠡᠳᠡᠭ; ᠲᠠᠷᠢᠶᠠᠯᠠᠡᠭ ᠤᠨ ᠬᠤᠷ᠎ᠠ᠎ᠶ᠋ᠢᠨ ᠡᠮᠦᠨ᠎ᠡ ᠬᠣᠢᠨ᠎ᠠ᠂ ᠦᠨᠦᠷᠲᠦ ᠨᠢᠴᠦᠭᠦᠨ ᠬᠣᠪᠣᠯᠣ᠎ᠨᠢ ᠭᠤᠶᠤ ᠦᠨᠦᠷ ᠠᠮᠲᠠᠲᠠᠶ ᠱᠢᠮ᠎ᠡ ᠲᠡᠵᠢᠭᠡᠯ ᠥᠨᠳᠥᠷ ᠪᠠᠢᠳᠠᠭ᠂ ᠬᠥᠮᠦᠰ ᠬᠠᠪᠤᠷ ᠴᠠᠭ᠎ᠲᠦ ᠦᠨᠦᠷᠲᠦ ᠨᠢᠴᠦᠭᠦᠨ ᠬᠣᠪᠣᠯᠣ ᠲᠡᠭᠦᠵᠤ ᠢᠳᠡᠬᠦ᠌᠎ᠶ᠋ᠢ 《ᠬᠠᠪᠤᠷ ᠢᠳᠡᠬᠦ᠌》 ᠭᠡᠵᠦ᠍ ᠬᠡᠯᠡᠳᠡᠭ᠃ ᠱᠢᠨ᠎ᠡ ᠬᠣᠪᠣᠯᠣ᠎ᠶ᠋ᠢᠨ ᠨᠠᠬᠢᠶ᠎ᠠ᠎ᠳᠤ ᠡᠯᠪᠡᠭ ᠪᠠᠶᠠᠯᠢᠭ ᠤᠭᠤᠷᠠᠭ᠂ ᠬᠤᠯᠤᠤᠪᠠᠩ᠎ᠤᠨ ᠡᠳ᠋ ᠪᠠ ᠶᠡᠬᠡ ᠬᠡᠮᠵᠢᠶᠡᠨ᠎ᠦ ᠸᠢᠲ᠋ᠠᠮᠢᠨ C ᠠᠭᠤᠯᠤᠭ᠍ᠳᠠᠵᠤ᠂ ᠲᠡᠭᠦᠨ᠎ᠦ ᠨᠠᠪᠴᠢ᠂ ᠨᠠᠬᠢᠶ᠎ᠠ᠂ ᠦᠨᠳᠦᠰᠦ᠂ ᠠᠷᠠᠰᠤ ᠪᠠ ᠵᠢᠮᠢᠰ ᠨᠢ ᠪᠦᠷ ᠡᠮ ᠳᠦ ᠣᠷᠣᠵᠤ᠂ ᠬᠣᠳᠣᠭᠣᠳᠣᠨ ᠲᠠᠮᠢᠷ ᠢ ᠰᠠᠢᠵᠢᠷᠠᠭᠤᠯᠵᠤ᠂ ᠰᠠᠭᠤᠯᠭᠠᠬᠤ᠎ᠶ᠋ᠢ ᠵᠣᠭ᠍ᠰᠣᠭᠠᠵᠤ ᠠᠷᠠᠰᠤ ᠶ᠋ᠢ ᠵᠥᠭᠡᠯᠡᠷᠡᠭᠦᠯᠬᠦ᠌ ᠵᠡᠷᠭᠡ ᠣᠯᠠᠨ ᠵᠦᠢᠯ ᠦᠨ ᠦᠢᠯᠡᠳᠦᠯ᠎ᠲᠡᠶ ᠪᠠᠢᠳᠠᠭ᠃

ᠳᠠᠯᠠᠢ ᠲᠠᠬᠢᠨ᠎ᠠ
ᠲᠠᠷᠢᠶᠠᠯᠠᠡᠭ᠎ᠤᠨ ᠬᠤᠷ᠎ᠠ ᠵᠢᠨ ᠨᠠᠢᠷ ᠢ ᠪᠠᠰᠠ ᠵᠢᠭᠠᠰᠤᠴᠢᠳ᠎ᠤᠨ ᠲᠡᠯᠡᠶ᠎ᠳᠦ ᠭᠠᠷᠴᠤ᠌ ᠵᠢᠭᠠᠰᠤ ᠠᠩᠨᠠᠬᠤ 《ᠦᠪᠡᠳᠡᠭᠰᠢ ᠨᠠᠢᠷ》ᠭᠡᠳᠡᠭ᠃ ᠮᠠᠨ᠎ᠤ ᠤᠯᠤᠰ᠎ᠤᠨ ᠲᠡᠯᠡᠶ ᠳᠠᠭᠠᠤ ᠣᠷᠣᠨ᠎ᠤ ᠵᠢᠭᠠᠰᠤᠴᠢᠳ ᠲᠠᠷᠢᠶᠠᠯᠠᠡᠭ᠎ᠤᠨ ᠬᠤᠷ᠎ᠠ ᠵᠢ ᠳᠤᠷᠠᠰᠬᠠᠨ ᠲᠡᠮᠳᠡᠭᠯᠡᠭᠡᠳ ᠨᠢᠭᠡᠨᠲᠡ ᠬᠣᠶᠠᠷ ᠮᠢᠩᠭ᠎ᠠ ᠭᠠᠷᠤᠶ ᠵᠢᠯ᠎ᠦᠨ ᠲᠡᠦᠬᠡ᠎ᠲᠡᠶ ᠪᠣᠯᠵᠠᠶ᠃ ᠲᠡᠯᠡᠶ ᠶ᠋ᠢᠨ ᠲᠠᠬᠢᠯᠭ᠎ᠠ ᠶ᠋ᠢᠨ ᠴᠠᠭ ᠪᠣᠯᠤᠮᠠᠭ᠍ᠴᠠ᠂ ᠵᠢᠭᠠᠰᠤᠴᠢᠳ ᠲᠠᠬᠢᠯ ᠤᠨ ᠡᠳ᠋ ᠢᠶᠡᠨ ᠳᠠᠮᠨᠠᠵᠤ ᠲᠡᠯᠡᠶ᠎ᠶ᠋ᠢᠨ ᠰᠠᠬᠢᠭᠤᠯᠰᠤᠨ᠎ᠤ ᠰᠦᠮ᠎ᠡ᠂ ᠬᠠᠲᠤᠨ᠎ᠤ ᠰᠦᠮ᠎ᠡ᠎ᠶ᠋ᠢᠨ ᠡᠮᠦᠨ᠎ᠡ ᠣᠴᠢᠵᠤ ᠲᠠᠬᠢᠯ ᠲᠠᠯᠪᠢᠨ᠎ᠠ᠂ ᠵᠠᠷᠢᠮ ᠨᠢ ᠲᠠᠬᠢᠯ ᠤᠨ ᠡᠳ᠋ ᠢᠶᠡᠨ ᠲᠡᠯᠡᠶ᠎ᠶ᠋ᠢᠨ ᠬᠥᠪᠡᠭᠡᠨ᠎ᠳᠦ ᠠᠪᠠᠴᠢᠵᠤ᠂ ᠬᠠᠷᠠᠩᠭ᠎ᠠ ᠬᠡᠩᠭᠡᠷᠭᠡ ᠳᠡᠯᠡᠳᠦᠨ᠂ ᠫᠤᠤᠵᠢᠩ ᠲᠠᠯᠪᠢᠵᠤ᠂ ᠲᠡᠯᠡᠶ ᠨᠢᠭᠤᠷᠯᠠᠨ ᠲᠠᠬᠢᠯᠭ᠎ᠠ ᠬᠢᠳᠡᠭ᠂ ᠡᠨᠡ ᠬᠦ᠌ ᠵᠠᠡᠭ ᠵᠠᠩᠱᠢᠯ ᠨᠢ ᠱᠠᠨᠳᠦᠢ᠍ᠡᠭ ᠤᠨ ᠤᠷᠴᠢᠮ ᠵᠢᠡᠷ ᠥᠨᠥᠳᠦᠷ ᠪᠤᠯᠲᠠᠯ᠎ᠠ ᠮᠥᠨ ᠯᠡ ᠳᠡᠯᠭᠡᠷᠡᠭ᠌ᠰᠡᠭᠡᠷ ᠪᠠᠢᠨ᠎ᠠ᠃

ᠠᠢᠯᠴᠢᠯᠠᠨ ᠵᠢᠭᠤᠯᠴᠢᠯᠠᠨ᠎ᠠ
ᠡᠷᠲᠡᠨ᠎ᠦ ᠦᠶ᠎ᠡ᠎ᠳᠦ ᠲᠠᠷᠢᠶᠠᠯᠠᠡᠭ᠎ᠤᠨ ᠬᠤᠷ᠎ᠠ ᠵᠢᠨ ᠨᠠᠢᠷ ᠵᠢᠡᠷ ᠬᠠᠷᠢᠯᠴᠠᠨ ᠠᠢᠯᠴᠢᠯᠠᠬᠤ ᠵᠠᠩᠱᠢᠯ᠎ᠲᠠᠶ ᠪᠡᠢᠵᠡᠢ᠂ ᠲᠠᠷᠢᠶᠠᠯᠠᠡᠭ ᠤᠨ ᠬᠤᠷ᠎ᠠ ᠡᠬᠢᠯᠡᠭᠰᠡᠨ ᠡᠨᠡ ᠡᠳᠦᠷ ᠵᠠᠯᠠᠭᠤ ᠡᠮᠡᠭ᠌ᠲᠡᠢᠴᠦᠳ ᠠᠢᠯ ᠲᠣᠰᠭᠣᠨ᠂ ᠰᠠᠳᠤᠨ ᠲᠥᠷᠥᠯ ᠤᠨ ᠬᠢ ᠪᠡᠷ ᠵᠢᠡᠨ ᠠᠢᠯᠴᠢᠯᠠᠵᠤ᠂ ᠵᠠᠷᠢᠮ ᠨᠢ ᠪᠠᠰᠠ ᠬᠡᠭᠡᠷ᠎ᠡ ᠬᠦᠳᠡᠭᠡ ᠵᠢᠭᠤᠯᠴᠢᠯᠠᠬᠤ ᠪᠡᠷ ᠭᠠᠷᠳᠠᠭ᠃ ᠡᠨᠡ ᠨᠢ ᠬᠦᠮᠦᠨ ᠪᠠᠢᠭᠠᠯᠢ ᠬᠠᠷᠢᠯᠴᠠᠨ ᠠᠭᠤᠰᠤᠯᠴᠠᠵᠤ᠂ ᠪᠡᠶ᠎ᠡ ᠮᠠᠬᠠᠪᠤᠳ ᠵᠢᠡᠨ ᠴᠢᠭᠢᠷᠠᠭ᠍ᠵᠢᠭᠤᠯᠬᠤ ᠭᠡᠰᠡᠨ ᠤᠳᠬ᠎ᠠ ᠲᠠᠢ᠃

ᠲᠠᠷᠢᠶᠠᠯᠠᠡᠭ ᠤᠨ ᠬᠤᠷ᠎ᠠ ᠵᠢᠨ ᠨᠠᠭᠠᠯᠲᠠ ᠨᠠᠭᠠᠨᠠᠠ
ᠲᠠᠷᠢᠶᠠᠯᠠᠡᠭ᠎ᠤᠨ ᠬᠤᠷ᠎ᠠ ᠵᠢᠨ ᠨᠠᠭᠠᠯᠲᠠ᠂ ᠲᠠᠪᠤᠨ ᠬᠤᠤᠷ᠎ᠢ ᠠᠯᠠᠬᠤ᠎ᠶ᠋ᠢ ᠴᠠᠭᠠᠵᠠᠯᠠᠨ᠎ᠠ᠂ ᠲᠠᠷᠢᠶᠠᠯᠠᠡᠭ ᠬᠤᠷ᠎ᠠ ᠵᠢᠨ ᠳᠠᠷᠠᠭ᠎ᠠ ᠠᠭᠠᠷ᠎ᠤᠨ ᠳᠤᠯᠠᠭᠠᠨ ᠳᠡᠭᠡᠭ᠌ᠰᠢᠯᠡᠵᠦ᠍᠂ ᠡᠪᠡᠳᠴᠢᠨ ᠬᠣᠷᠣᠬᠠᠶ᠎ᠶ᠋ᠢᠨ ᠬᠦᠨᠦᠭᠡᠯ ᠥᠨᠳᠥᠷ ᠦᠷᠡᠵᠢᠯ ᠦᠨ ᠬᠤᠭᠤᠴᠠᠭᠠᠨ ᠳᠤ ᠤᠷᠤᠳᠠᠭ᠂ ᠡᠪᠡᠳᠴᠢᠨ ᠬᠣᠷᠣᠬᠠᠶ᠎ᠶ᠋ᠢᠨ ᠲᠠᠷᠢᠮᠠᠯ᠎ᠢ ᠬᠦᠨᠦᠭᠡᠭᠦ ᠵᠢᠴᠢ ᠬᠥᠮᠦᠨ᠎ᠢ ᠬᠤᠤᠷᠯᠠᠬᠤ᠎ᠶ᠋ᠢ ᠪᠠᠭᠠᠰᠭᠠᠬᠤ᠎ᠶ᠋ᠢᠨ ᠲᠥᠯᠥᠭᠡ᠂ ᠲᠠᠷᠢᠶᠠᠴᠢᠨ ᠡᠷᠦᠬᠡ ᠲᠠᠷᠢᠶᠠᠨ᠎ᠳᠤ ᠣᠷᠣᠵᠤ ᠬᠣᠷᠣᠬᠠᠶ᠎ᠶ᠋ᠢ ᠤᠰᠠᠳᠭᠠᠬᠤ ᠪᠦᠭᠡᠳ ᠪᠠᠰᠠ ᠲᠠᠷᠢᠶᠠᠯᠠᠡᠭ᠎ᠤᠨ ᠬᠤᠷ᠎ᠠ ᠵᠢᠨ ᠨᠠᠭᠠᠯᠲᠠ ᠨᠠᠭᠠᠵᠤ᠂ ᠭᠠᠶ ᠪᠠᠷᠴᠢᠳ᠎ᠢ ᠬᠥᠭᠡᠭᠡᠵᠦ᠍ ᠥᠯᠵᠡᠶ ᠪᠡᠯᠭᠡ᠎ᠶ᠋ᠢ ᠳᠠᠭᠠᠳᠭᠠᠳᠠᠭ᠃

- ᠨᠠᠢᠷᠠᠭᠤᠯᠤᠭ᠍ᠴᠢ᠄
- ᠨᠡᠪᠲᠡᠷᠡᠭᠦᠯᠦᠭᠴᠢ᠄
- ᠮᠡᠷᠭᠡᠵᠢᠯ᠄
ᠨᠠᠢᠷᠠᠭᠤᠯᠤᠭ᠍ᠴᠢ᠄ ᠰᠤᠶᠤᠯᠲᠦ
ᠣᠷᠴᠢᠭᠤᠯᠤᠭ᠍ᠴᠢ᠄




ᠰᠢᠭᠦᠮᠵᠢ ᠠᠯᠠᠭ᠎ᠠ ᠂ ᠬᠤᠷᠳᠤᠨ ᠨᠢᠭᠡᠳᠦᠭᠡᠷ ᠵᠤᠷᠪᠤᠰ ᠰᠢᠭᠦᠮᠵᠢ ᠨᠡᠢ᠌ᠲᠡᠯᠡᠭᠡᠷᠡᠢ᠃