24ᠴᠠᠭ ᠤᠯᠠᠷᠢᠯ > ᠲᠠᠷᠢᠶᠠᠯᠠᠩ᠎ᠤ᠋ᠨ ᠬᠤᠷ᠎ᠠ

2022-04-19 17:02:22

ᠵᠣᠬᠢᠶᠠᠭ᠍ᠴᠢ᠄ ᠱᠢᠨᠡᠴᠡᠴᠡᠭ ᠣᠩᠱᠢᠭ᠍ᠰᠠᠨ ᠣᠳᠠᠭ᠎ᠠ᠄ 3

ᠴᠢᠭᠢᠭ ᠎ᠢ ᠠᠷᠢᠯᠭᠠᠬᠤ ᠤᠰᠤᠯᠢᠭ ᠢᠳᠡᠭᠡᠨ ᠢᠯᠡᠭᠦᠬᠡᠨ ᠢᠳᠡᠪᠡᠯ ᠵᠤᠬᠢᠨ᠎ᠠ

ᠲᠠᠷᠢᠶᠠᠯᠡᠡᠭ᠎ᠤᠨ ᠬᠤᠷ᠎ᠠ ᠵᠢᠨ ᠴᠠᠭ ᠤᠯᠠᠷᠢᠯ ᠎ᠤᠨ ᠳᠠᠷᠠᠭ᠎ᠠ ᠠᠭᠠᠷ᠎ᠤᠨ ᠴᠢᠭᠢᠭ᠌ᠲᠦᠴᠡ ᠠᠭᠠᠵᠢᠮ᠎ᠢᠶᠠᠷ ᠶᠡᠬᠡᠰᠭᠦ ᠤᠴᠢᠷ᠎ᠠᠴᠠ《ᠴᠢᠭᠢᠭ᠌᠎ᠤᠨ ᠬᠡᠮ》᠎ᠦᠨ ᠬᠠᠯᠳᠠᠪᠤᠷᠢᠯᠠᠯ᠎ᠠᠴᠠ ᠰᠡᠷᠭᠡᠢᠯᠡᠬᠦ᠌ ᠴᠢᠬᠤᠯᠠᠲᠠᠶ᠃ ᠠᠮᠢᠳᠤᠷᠠᠯ ᠳᠤᠮᠳᠠ ᠪᠡᠨ ᠴᠣᠩᠬᠣ᠎ᠪᠠᠨ ᠢᠯᠡᠭᠦᠬᠡᠨ ᠨᠡᠭᠡᠭᠡᠵᠦ᠍ ᠰᠠᠯᠬᠢ ᠨᠡᠪᠲᠡᠷᠡᠭᠦᠯᠬᠦ᠌᠎ᠶ᠋ᠢ ᠠᠩᠬᠠᠷᠴᠤ᠌᠂ ᠳᠤᠯᠠᠭᠠᠯᠠᠬᠤ ᠬᠡᠷᠡᠭ᠌ᠲᠡᠢ᠂ ᠵᠢᠩᠭᠢᠨᠡᠵᠦ᠍ ᠪᠣᠯᠬᠤ ᠦᠭᠡᠢ᠂ ᠨᠡᠷᠡᠨ᠎ᠳᠦ ᠢᠯᠡᠭᠦᠦ ᠡᠭᠡᠭᠡᠵᠦ᠍᠂ ᠵᠣᠬᠢᠰᠲᠠᠢ ᠬᠥᠳᠡᠯᠭᠡᠭᠡᠨ ᠬᠢᠬᠦ᠌ ᠬᠡᠷᠡᠭ᠌ᠲᠡᠢ᠃

ᠬᠡᠷᠪᠡ ᠨᠢᠭᠡᠨᠲᠡ《ᠴᠢᠭᠢᠭ᠎ᠦᠨ ᠭᠠᠵᠢᠭᠤ》 ᠣᠷᠣᠵᠤ ᠢᠷᠡᠭ᠌ᠰᠡᠨ ᠪᠠᠢᠪᠠᠯ᠂ ᠡᠳᠦᠷ ᠲᠤᠲᠤᠮ᠎ᠤᠨ ᠢᠳᠡᠭᠡᠨ ᠤᠮᠳᠠᠭᠠᠨ ᠎ᠳᠠᠭᠠᠨ ᠤᠰᠤᠯᠢᠭ ᠴᠢᠭᠢᠭ᠎ᠢ ᠠᠷᠢᠯᠭᠠᠬᠤ ᠢᠳᠡᠭᠡᠨ ᠎ᠢ ᠢᠯᠡᠭᠦᠬᠡᠨ ᠨᠡᠮᠡᠵᠤ ᠪᠤᠯᠤᠨ᠎ᠠ᠂ ᠵᠢᠱ᠌ᠢᠶᠡᠯᠡᠪᠡᠯ ᠡᠷᠳᠡᠨᠢ ᠱᠢᠰᠢ᠂ ᠨᠠᠷᠠᠰᠤᠨ ᠮᠣᠳᠣᠨ᠎ᠤ ᠱᠢᠮ᠎ᠡ᠂ ᠳ᠋ᠦᠩᠭᠤᠸᠠ᠂ ᠬᠣᠯᠢᠮ᠎ᠠ᠂ ᠤᠯᠠᠭᠠᠨ ᠪᠤᠷᠴᠠᠭ ᠵᠡᠷᠭᠡ᠃


微信图片_20220419170251.png


ᠲᠠᠷᠢᠶᠠᠯᠡᠭ᠎ᠤᠨ ᠬᠤᠷ᠎ᠠ ᠵᠢᠨ ᠪᠠᠶᠠᠷ ᠪᠣᠯ ᠬᠠᠪᠤᠷ᠎ᠤᠨ ᠤᠯᠠᠷᠢᠯ᠎ᠤᠨ ᠬᠠᠮᠤᠭ᠎ᠤᠨ ᠰᠡᠭᠦᠯᠴᠢ᠎ᠶ᠋ᠢᠨ ᠨᠢᠭᠡ ᠴᠠᠭ ᠤᠯᠠᠷᠢᠯ ᠪᠣᠯᠤᠨ᠎ᠠ᠂ ᠲᠠᠷᠢᠶᠠᠯᠡᠭ᠎ᠤᠨ ᠬᠤᠷ᠎ᠠ ᠵᠢᠨ ᠤᠯᠠᠷᠢᠯ᠎ᠳᠦ ᠪᠡᠶ᠎ᠡ᠎ᠰᠤᠪᠢᠯᠠᠬᠤ᠎ᠳᠤ ᠡᠯᠢᠭᠡ᠎ᠪᠡᠨ ᠰᠢᠮᠡᠵᠢᠭᠦᠯᠵᠤ ᠡᠯᠢᠭᠡ᠎ᠪᠡᠨ ᠬᠠᠮᠠᠭᠠᠯᠠᠬᠤ ᠡᠴᠡ ᠭᠠᠳᠠᠨ᠎ᠠ ᠪᠠᠰᠠ ᠳᠡᠯᠢᠭᠦᠦ᠍ ᠬᠤᠳᠤᠭᠤᠳᠤ᠎ᠪᠡᠨ ᠬᠠᠮᠠᠭᠠᠯᠠᠬᠤ ᠎ᠶ᠋ᠢ ᠠᠩᠬᠠᠷᠬᠤ ᠬᠡᠷᠡᠭ᠌ᠲᠡᠶ᠃ ᠲᠠᠷᠢᠶᠠᠯᠠᠡᠭ ᠎ᠤᠨ ᠬᠤᠷ᠎ᠠ ᠥᠩᠭᠡᠷᠡᠪᠡᠯ ᠬᠠᠪᠤᠷ᠎ᠤᠨ ᠤᠯᠠᠷᠢᠯ ᠤᠳᠠᠯ ᠥᠬᠡᠶ ᠳᠠᠭᠤᠰᠴᠤ᠂ ᠵᠣᠨ᠎ᠤ ᠤᠯᠠᠷᠢᠯ ᠬᠦᠷᠴᠦ᠍ ᠢᠷᠡᠬᠦ᠌ ᠪᠤᠯᠤᠨ᠎ᠠ᠂ ᠵᠣᠨ᠎ᠤ ᠤᠯᠠᠷᠢᠯ ᠠᠭᠠᠭᠢᠮ᠎ᠠ ᠬᠠᠯᠠᠭᠤᠨ ᠴᠢᠭᠢᠭ᠌ᠯᠢᠭ ᠠᠭᠤᠷ ᠠᠮᠢᠰᠭᠤᠯ᠎ᠢᠶᠠᠷ ᠭᠤᠤᠯᠯᠠᠨ᠎ᠠ᠂ ᠡᠨᠡ ᠦᠶ᠎ᠡ᠎ᠳᠦ ᠬᠤᠪᠢ ᠬᠥᠮᠦᠨ᠎ᠦ ᠪᠡᠶ᠎ᠡ ᠮᠠᠬᠠᠪᠣᠳ᠎ᠢᠶᠠᠨ ᠦᠨᠳᠦᠰᠦᠯᠡᠨ᠂ ᠳᠡᠯᠢᠭᠦᠦ ᠬᠣᠳᠣᠭᠣᠳᠣ᠎ᠪᠠᠨ ᠰᠠᠢᠵᠢᠷᠠᠭᠤᠯᠵᠤ᠂ ᠴᠢᠬᠢᠭ᠎ᠢ ᠠᠷᠢᠯᠭᠠᠬᠤ ᠢᠳᠡᠭᠡᠨ᠎ᠢ ᠢᠯᠡᠭᠦᠦ ᠢᠳᠡᠪᠡᠯ ᠵᠣᠬᠢᠨ᠎ᠠ᠂ ᠵᠢᠱ᠌ᠢᠶᠡᠯᠡᠪᠡᠯ ᠦᠨᠦᠷᠲᠦ ᠬᠣᠪᠣᠯᠣ᠂ ᠬᠠᠷ᠎ᠠ ᠪᠤᠷᠴᠠᠭ᠂ ᠬᠣᠯᠢᠮ᠎ᠠ ᠎ᠶ᠋ᠢᠨ ᠪᠤᠳᠠᠭ᠎ᠠ᠂ ᠨᠠᠩᠭᠢ ᠴᠠᠭᠠᠨ᠂ ᠬᠡᠯᠲᠡᠭᠡ ᠵᠢᠭᠠᠰᠤ ᠵᠡᠷᠭᠡ ᠨᠢ ᠵᠣᠨ ᠎ᠤ ᠤᠯᠠᠷᠢᠯ ᠎ᠤᠨ ᠢᠳᠡᠭᠡᠨ ᠤᠮᠳᠠᠭᠠᠨ ᠎ᠤ ᠲᠡᠷᠢᠭᠦᠨ ᠰᠤᠡᠭᠭᠤᠯᠲᠠ ᠪᠤᠯᠤᠨ᠎ᠠ᠃


微信图片_20220419170311.png


ᠬᠦᠳᠡᠭᠡ ᠬᠡᠭᠡᠷ᠎ᠡ ᠵᠢᠭᠤᠯᠴᠢᠯᠡᠨ ᠲᠤᠭᠤᠷᠢᠬᠤ ᠨᠢ ᠠᠷᠭ᠎ᠠ ᠎ᠶ᠋ᠢ ᠲᠡᠵᠢᠭᠡᠵᠦ᠍ ᠡᠯᠢᠭᠡ ᠎ᠶ᠋ᠢ ᠰᠢᠮᠡᠵᠢᠭᠦᠯᠦᠨ᠎ᠠ

ᠠᠮᠢᠳᠤᠷᠠᠯ ᠰᠤᠪᠢᠯᠠᠯᠲᠠ ᠵᠢᠨ ᠲᠠᠯ᠎ᠠ᠎ᠪᠠᠷ᠂ ᠲᠠᠷᠢᠶᠠᠯᠡᠭ᠎ᠤᠨ ᠬᠤᠷ᠎ᠠ ᠵᠢᠨ ᠤᠯᠠᠷᠢᠯ ᠥᠩᠭᠡᠷᠡᠭ᠌ᠰᠡᠨ᠎ᠦ ᠳᠠᠷᠠᠭ᠎ᠠ᠂ ᠠᠭᠠᠷ᠎ᠤᠨ ᠳᠤᠯᠠᠭᠠᠨ ᠠᠭᠠᠵᠢᠮ᠎ᠢᠶᠠᠷ ᠳᠡᠭᠡᠭ᠌ᠰᠢᠯᠡᠵᠦ᠍᠂ ᠪᠣᠷᠣᠭᠠᠨ᠎ᠤ ᠬᠡᠮᠵᠢᠶ᠎ᠡ ᠢᠯᠡᠳᠲᠡ ᠨᠡᠮᠡᠭ᠌ᠳᠡᠨ᠎ᠡ᠂ ᠡᠨᠡ ᠦᠶ᠎ᠡ ᠎ᠳᠦ ᠳᠤᠯᠠᠭᠠᠯᠠᠬᠤ ᠎ᠶ᠋ᠢ ᠠᠩᠬᠠᠷᠬᠤ ᠬᠡᠷᠡᠭ᠌ᠲᠡᠶ᠂ ᠡᠷᠲᠡ ᠣᠷᠣᠶ ᠎ᠳᠠᠭᠠᠨ ᠬᠤᠪᠴᠠᠰᠤ ᠬᠤᠨᠠᠷ ᠵᠢᠠᠨ ᠵᠤᠵᠠᠭᠠᠯᠠᠵᠤ ᠡᠮᠦᠰᠬᠦ ᠬᠡᠷᠡᠭᠲᠡᠢ᠃ 《ᠲᠠᠷᠢᠶᠠᠯᠠᠡᠭ᠎ᠤᠨ ᠬᠤᠷ᠎ᠠ ᠵᠢᠨ ᠬᠦᠶ᠋ᠲᠡᠨ᠎ᠳᠦ ᠬᠤᠯᠤᠭᠠᠨ᠎ᠠ᠎ᠬᠦᠯᠳᠡᠵᠤ ᠦᠬᠦᠳᠡᠭ》 ᠭᠡᠵᠤ ᠡᠷᠲᠡᠨ᠎ᠤ ᠬᠦᠮᠦᠰ ᠬᠡᠯᠡᠯᠴᠡᠳᠡᠭ᠃ ᠲᠠᠷᠢᠶᠠᠯᠠᠡᠭ᠎ᠤᠨ ᠬᠤᠷ᠎ᠠ ᠵᠢᠨ ᠤᠯᠠᠷᠢᠯ ᠎ᠳᠦ ᠮᠠᠰᠢ ᠤᠯᠠᠨ ᠬᠦᠮᠦᠰ ᠡᠬᠢᠯᠡᠨ ᠵᠣᠨ᠎ᠤ ᠬᠤᠪᠴᠠᠰᠤᠨ᠎ᠳᠠᠭᠠᠨ ᠤᠷᠤᠳᠠᠭ᠂ ᠦᠨᠡᠨ ᠎ᠳᠡᠭᠡᠨ ᠤᠯᠠᠷᠢᠯ ᠪᠣᠯᠤᠭ᠎ᠠ ᠥᠬᠡᠶ᠂ ᠴᠢᠭᠢᠭ᠌ᠯᠢᠭ ᠠᠭᠤᠷ᠂ ᠬᠦᠶ᠋ᠲᠡᠨ ᠠᠭᠤᠷ ᠠᠮᠢᠰᠭᠤᠯ ᠨᠢ ᠠᠮᠠᠷᠬᠠᠨ ᠨᠢᠴᠦᠭᠦᠨ ᠬᠡᠰᠡᠭ ᠎ᠵᠢᠡᠷ ᠪᠡᠶ᠎ᠡ᠎ᠳᠦ ᠣᠷᠣᠵᠤ᠂ ᠬᠢᠮᠤᠷᠠᠭ᠎ᠠ ᠡᠭᠦᠰᠭᠡᠳᠡᠭ᠃ ᠬᠢᠲᠠᠳ ᠡᠮᠨᠡᠯᠭᠡ ᠎ᠳᠦ《ᠬᠠᠪᠤᠷ ᠵᠤᠨ ᠠᠷᠭ᠎ᠠ᠎ᠵᠢ ᠲᠡᠵᠢᠭᠡᠵᠤ᠂ ᠨᠠᠮᠤᠷ ᠡᠪᠦᠯ ᠪᠢᠯᠢᠭ᠎ᠢ ᠲᠦᠯᠦᠵᠢᠭᠦᠯᠬᠦ》᠎ᠶ᠋ᠢ ᠡᠷᠬᠢᠮᠯᠡᠳᠡᠭ᠃


微信图片_20220419170327.png

ᠬᠠᠪᠤᠷ ᠪᠣᠯ ᠶᠡᠷᠦ᠍ ᠨᠢ ᠬᠥᠮᠦᠰ ᠎ᠲᠦ ᠲᠦᠮᠡᠨ ᠪᠣᠳᠠᠰ ᠲᠦᠯᠵᠢᠨ ᠤᠷᠭᠤᠵᠤ᠂ ᠡᠳᠦᠷ ᠎ᠡᠴᠡ ᠡᠳᠦᠷ ᠥᠭᠡᠳᠡᠯᠡᠨ ᠮᠠᠨᠳᠤᠬᠤ ᠦᠵᠡᠮᠵᠢ ᠎ᠶ᠋ᠢ ᠤᠯᠭᠤᠳᠠᠭ᠂ ᠡᠨᠡ ᠦᠶ᠎ᠡ ᠎ᠳᠦ ᠬᠦᠳᠡᠭᠡ ᠬᠡᠭᠡᠷ᠎ᠡ ᠎ᠶ᠋ᠢᠨ ᠠᠭᠤᠷ ᠠᠮᠢᠰᠭᠤᠯ ᠱᠢᠨ᠎ᠡ ᠰᠣᠷᠭᠣᠭ᠂ ᠪᠠᠢᠭᠠᠯᠢ᠎ᠶ᠋ᠢᠨ ᠰᠠᠢᠬᠠᠨ ᠠᠭᠤᠷ ᠠᠮᠢᠰᠭᠤᠯ᠎ᠢ ᠪᠡᠶ᠎ᠡ ᠎ᠳᠡᠭᠡᠨ ᠱᠢᠩᠭᠡᠭᠡᠨ ᠠᠪᠴᠤ᠌ ᠠᠷᠭ᠎ᠠ ᠵᠢ ᠲᠡᠵᠢᠭᠡᠬᠦ᠌ ᠰᠠᠢᠨ ᠴᠠᠭ ᠲᠣᠬᠢᠶᠠᠯ ᠪᠣᠯᠤᠨ᠎ᠠ᠃ ᠪᠡᠶ᠎ᠡ ᠮᠠᠬᠠᠪᠣᠳ᠎ᠤᠨ ᠪᠠᠢᠳᠠᠯ ᠵᠢᠡᠨ ᠦᠨᠳᠦᠰᠦᠯᠡᠨ᠂ ᠠᠭᠠᠵᠢᠮ ᠭᠦᠶᠦᠬᠦ᠌᠂ ᠬᠦᠡᠭᠭᠡᠨ ᠲᠠᠮᠢᠷ ᠬᠢᠬᠦ᠌᠂ ᠪᠥᠮᠪᠥᠭᠡ ᠨᠠᠭᠠᠳᠭᠤ ᠵᠡᠷᠭᠡ ᠲᠠᠮᠢᠷ᠎ᠤᠨ ᠬᠦᠳᠡᠯᠭᠡᠭᠡᠨ᠎ᠳᠦ ᠤᠷᠤᠯᠴᠠᠬᠤ ᠪᠤᠶᠤ ᠬᠡᠭᠡᠷ᠎ᠡ ᠭᠠᠳᠠᠨ᠎ᠠ ᠭᠠᠷᠴᠤ ᠵᠢᠭᠤᠯᠴᠢᠯᠡᠨ ᠰᠡᠯᠡᠭᠦᠴᠡᠵᠤ ᠪᠣᠯᠤᠨ᠎ᠠ᠂ ᠡᠨᠡ ᠨᠢ ᠪᠡᠶ᠎ᠡ ᠰᠡᠳᠭᠢᠯ ᠎ᠢ ᠲᠠᠢᠪᠤᠷᠢᠰᠢᠭᠤᠯᠤᠨ᠂ ᠰᠡᠳᠭᠢᠯ ᠰᠠᠨᠠᠭ᠎ᠠ ᠎ᠶ᠋ᠢ ᠠᠭᠤᠵᠢᠷᠠᠭᠤᠯᠵᠤ᠂ ᠪᠡᠶ᠎ᠡ ᠮᠠᠬᠠᠪᠣᠳ ᠎ᠤᠨ ᠱᠢᠨ᠎ᠡ ᠬᠠᠭᠤᠴᠢᠨ ᠎ᠤ ᠰᠣᠯᠢᠯᠴᠠᠭ᠎ᠠ ᠎ᠶ᠋ᠢ ᠰᠠᠢᠵᠢᠷᠠᠭᠤᠯᠤᠨ᠂ ᠬᠥᠯᠥᠰᠥ᠍ ᠭᠠᠷᠭᠠᠵᠦ᠍᠂ ᠬᠡᠢ ᠴᠢᠰᠤ᠎ᠶ᠋ᠢ ᠱᠢᠯᠤᠭᠤᠳᠭᠠᠨ᠂ ᠤᠢᠳᠭᠠᠷ ᠭᠤᠨᠢᠭ᠎ᠢ ᠰᠠᠷᠨᠢᠭᠤᠯᠵᠤ᠂ ᠴᠢᠭᠢᠭ ᠎ᠢ ᠠᠷᠢᠯᠭᠠᠨ ᠬᠣᠣᠷ᠎ᠢ ᠠᠷᠢᠯᠭᠠᠵᠤ᠂ ᠵᠢᠷᠦᠬᠡ ᠠᠭᠤᠰᠭᠢ ᠎ᠶ᠋ᠢᠨ ᠠᠵᠢᠯᠯᠠᠭ᠎ᠠ ᠎ᠶ᠋ᠢ ᠳᠡᠭᠡᠭ᠌ᠰᠢᠯᠡᠭᠦᠯᠦᠨ᠂ ᠪᠡᠶ᠎ᠡ ᠮᠠᠬᠠᠪᠣᠳ᠎ᠤᠨ ᠬᠡᠪ ᠴᠢᠨᠠᠷ᠎ᠢ ᠳᠡᠭᠡᠭ᠌ᠰᠢᠯᠡᠭᠦᠯᠵᠦ᠍᠂ ᠡᠪᠡᠳᠴᠢᠨ ᠡᠮᠭᠡᠭ ᠡᠭᠦᠰᠭᠦ ᠎ᠶ᠋ᠢ ᠪᠠᠭᠠᠰᠭᠠᠵᠤ᠂ ᠪᠡᠶ᠎ᠡ ᠮᠠᠬᠠᠪᠣᠳ ᠎ᠢ ᠭᠠᠳᠠᠭᠠᠳᠤ ᠣᠷᠴᠢᠨ᠎ᠲᠠᠶ ᠲᠡᠩᠴᠡᠭᠦᠷᠢᠲᠡᠶ ᠪᠣᠯᠭᠠᠳᠠᠭ᠃


微信图片_20220419170349.gif

ᠲᠠᠷᠢᠶᠠᠯᠠᠡᠭ᠎ᠤᠨ ᠬᠤᠷ᠎ᠠ ᠵᠢᠨ ᠴᠠᠭ ᠤᠯᠠᠷᠢᠯ ᠎ᠳᠦ᠂ ᠣᠶᠤᠨ ᠰᠠᠨᠠᠭ᠎ᠠ ᠤᠷᠮ᠎ᠠ ᠰᠡᠳᠭᠢᠯᠭᠡ᠎ᠶ᠋ᠢᠨ ᠰᠤᠪᠢᠯᠠᠯᠲᠠ᠎ᠶ᠋ᠢᠨ ᠲᠠᠯ᠎ᠠ ᠎ᠪᠠᠷ ᠢᠯᠡᠭᠦᠬᠡᠨ ᠠᠡᠭᠬᠠᠷᠴᠤ᠂ ᠣᠶᠤᠨ ᠰᠠᠨᠠᠭᠠᠨ᠎ᠤ ᠰᠤᠪᠢᠯᠠᠯᠲᠠ᠎ᠶ᠋ᠢ ᠴᠢᠬᠤᠯᠠᠴᠢᠯᠠᠬᠤ ᠬᠡᠷᠡᠭ᠌ᠲᠡᠶ᠃ ᠬᠢᠯᠢᠩᠨᠡᠵᠤ ᠪᠤᠬᠢᠨᠢᠳᠤᠬᠤ ᠵᠢ ᠴᠡᠭᠡᠷᠯᠡᠵᠤ᠂ ᠰᠡᠳᠭᠢᠯ ᠰᠠᠨᠠᠭ᠎ᠠ ᠎ᠪᠠᠨ ᠠᠭᠤᠵᠢᠭᠤ ᠲᠠᠯᠪᠢᠭᠤ ᠪᠠᠢᠯᠭᠠᠵᠤ᠂ ᠳᠠᠭᠤᠤ ᠬᠥᠭ᠌ᠵᠢᠮ ᠰᠣᠨᠣᠰᠭᠤ᠂ ᠵᠢᠭᠠᠰᠤ ᠭᠥᠬᠢᠳᠡᠬᠦ᠌᠂ ᠬᠠᠪᠤᠷ᠎ᠤᠨ ᠵᠢᠭᠤᠯᠴᠢᠯᠠᠯ ᠬᠢᠬᠦ᠌᠂ ᠰᠡᠯᠡᠭᠦᠴᠡᠨ ᠠᠯᠬᠤᠬᠤ ᠵᠡᠷᠭᠡ ᠪᠡᠷ ᠪᠡᠶ᠎ᠡ ᠰᠡᠳᠬᠢᠯ ᠵᠢᠡᠨ ᠴᠢᠯᠦᠭᠡᠯᠡᠨ ᠲᠠᠢᠪᠤᠰᠢᠷᠠᠭᠤᠯᠵᠤ᠂ ᠰᠠᠨᠠᠭᠠᠱᠢᠷᠠᠨ ᠵᠣᠪᠠᠨᠢᠬᠤ ᠎ᠶ᠋ᠢ ᠴᠢᠩᠭ᠎ᠠ ᠴᠡᠭᠡᠷᠯᠡᠵᠦ᠍᠂ ᠡᠯᠢᠭᠡᠨ ᠬᠠᠯᠠᠭᠤᠨ ᠬᠥᠭ᠌ᠰᠡᠬᠦ᠌᠎ᠡᠴᠡ ᠰᠡᠷᠭᠡᠢᠯᠡᠬᠦ᠌ ᠬᠡᠷᠡᠭ᠌ᠲᠡᠶ᠃


微信图片_20220419170409.gif

  • ᠨᠠᠢᠷᠠᠭᠤᠯᠤᠭ᠍ᠴᠢ᠄

  • ᠨᠡᠪᠲᠡᠷᠡᠭᠦᠯᠦᠭᠴᠢ᠄

  • ᠮᠡᠷᠭᠡᠵᠢᠯ᠄

ᠨᠠᠢᠷᠠᠭᠤᠯᠤᠭ᠍ᠴᠢ᠄ ᠰᠤᠶᠤᠯᠲᠦ

ᠣᠷᠴᠢᠭᠤᠯᠤᠭ᠍ᠴᠢ᠄

ᠢᠷᠡᠯᠲᠡ᠄ ᠳᠤᠮᠳᠠᠳᠤ ᠤᠯᠤᠰ᠎ᠤ᠋ᠨ ᠮᠣᠩᠭᠣᠯ ᠬᠡᠯᠡᠨ᠎ᠦ᠌ ᠰᠣᠨᠢᠨ ᠮᠡᠳᠡᠭᠡ᠎ᠶ᠋ᠢᠨ ᠰᠦᠯᠵᠢᠶ᠎ᠡ
兼容浏览器的HTML页面