24ᠴᠠᠭ ᠤᠯᠠᠷᠢᠯ > ᠲᠠᠷᠢᠶᠠᠯᠠᠩ᠎ᠤ᠋ᠨ ᠬᠤᠷ᠎ᠠ

2022-04-27 16:36:29

ᠵᠣᠬᠢᠶᠠᠭ᠍ᠴᠢ᠄ ​ᠭᠣᠣ ᠷᠦᠢ ᠹᠸᠩ ᠣᠩᠱᠢᠭ᠍ᠰᠠᠨ ᠣᠳᠠᠭ᠎ᠠ᠄ 3

ᠬᠡᠳᠦᠨ ᠮᠢᠩᠭᠠᠨ ᠵᠢᠯ ᠦᠷᠭᠦᠯᠵᠢᠯᠡᠭᠰᠡᠨ ᠳᠤᠮᠳᠠᠳᠤ᠎ᠶ᠋ᠢᠨ ᠪᠣᠯᠪᠠᠰᠤᠨ ᠥᠪᠡᠷᠮᠢᠴᠡ ᠦᠷᠳᠡᠭ᠎ᠦᠨ ᠱᠢᠰᠲ᠋ᠧᠮ᠎ᠲᠡᠶ᠃ ᠳᠤᠮᠳᠠᠳᠤ᠎ᠶ᠋ᠢᠨ ᠱᠢᠯᠢᠳᠡᠭ ᠤᠯᠠᠮᠵᠢᠯᠠᠯᠲᠤ ᠰᠣᠶᠣᠯ ᠨᠢᠭᠡᠨᠲᠡ ᠳᠤᠮᠳᠠᠳᠤ ᠶ᠋ᠢᠨ ᠦᠨᠳᠦᠰᠦᠲᠡᠨ᠎ᠦ ᠭᠧᠨ ᠪᠤᠯᠵᠤ᠂ ᠳᠤᠮᠳᠠᠳᠤᠴᠤᠳ᠎ᠤᠨ ᠳᠣᠲᠣᠭᠠᠳᠤ ᠰᠡᠳᠭᠢᠯ ᠳ᠋ᠦ ᠦᠨᠳᠦᠰᠦᠯᠡᠵᠦ᠍᠂ ᠳᠤᠮᠳᠠᠳᠤᠴᠤᠳ᠎ᠤᠨ ᠦᠵᠡᠯ ᠰᠠᠨᠠᠭᠠᠨ᠎ᠤ ᠬᠡᠯᠪᠡᠷᠢ ᠪᠠ ᠦᠢᠯᠡ ᠠᠵᠢᠯᠯᠠᠭ᠎ᠠ᠎ᠶ᠋ᠢᠨ ᠬᠡᠯᠪᠡᠷᠢ᠎ᠶ᠋ᠢ ᠠᠶᠠᠨᠳᠠᠭᠠᠨ ᠨᠥᠯᠥᠭᠡᠯᠡᠵᠦ᠍ ᠪᠠᠢᠳᠠᠭ᠃

— ᠶᠡᠷᠦᠩᠬᠡᠶ ᠱᠦᠵᠢ ᠰᠢ ᠵᠢᠨ ᠫᠢᠩ᠎ᠦᠨ ᠪᠡᠭᠡᠵᠢᠩ ᠶᠡᠬᠡ ᠰᠤᠷᠭᠠᠭᠤᠯᠢ᠎ᠶ᠋ᠢᠨ ᠪᠠᠭ᠍ᠰᠢ ᠰᠤᠷᠤᠭ᠍ᠴᠢᠳ᠎ᠤᠨ ᠶᠠᠷᠢᠯᠴᠠᠬᠤ ᠬᠤᠷᠠᠯ ᠳᠡᠭᠡᠷᠡᠬᠢ ᠶᠠᠷᠢᠶ᠎ᠠ ᠡᠴᠡ

( 2014 ᠣᠨ᠎ᠤ 5ᠰᠠᠷ᠎ᠠ᠎ᠶ᠋ᠢᠨ 4᠎ᠦ ᠡᠳᠦᠷ)



ᠬᠤᠷ᠎ᠠ ᠤᠰᠤ ᠦᠩᠭᠡᠷᠡᠪᠡᠯ ᠵᠤᠨ ᠠᠢᠰᠤᠢ ᠵᠢᠨ ᠲᠡᠮᠲᠡᠭ ᠪᠢᠯᠠ᠂ 4 ᠰᠠᠷ᠎ᠠ᠎ᠶ᠋ᠢᠨ 20᠎ᠤ᠋ ᠡᠳᠦᠷ᠎ᠤᠨ10 ᠴᠠᠭ 24 ᠮᠢᠨᠦ᠋ᠲ᠎ᠲᠦ ᠬᠤᠷ᠎ᠠ ᠤᠰᠤ ᠵᠢᠨ ᠴᠠᠭ ᠤᠯᠠᠷᠢᠯ ᠪᠤᠯᠤᠨ᠎ᠠ᠃

ᠬᠤᠷ᠎ᠠ ᠤᠰᠤ ᠦᠩᠭᠡᠷᠡᠭᠡᠳ ᠡᠳᠦᠷ ᠤᠷᠢᠨ ᠳᠤᠯᠠᠭᠠᠨ ᠪᠤᠯᠪᠠ᠂ ᠭᠡᠪᠡᠴᠦ᠍ ᠬᠠᠯᠠᠭᠤᠨ ᠢᠷᠡᠬᠦ ᠴᠠᠭ ᠠᠷᠠᠢ ᠪᠤᠯᠤᠭ᠎ᠠ ᠦᠭᠡᠢ᠃ ᠬᠦᠶ᠋ᠲᠡᠨ᠎ᠤ ᠡᠷᠴᠢ ᠨᠢᠬᠡᠨᠳᠡ ᠠᠷᠢᠯᠵᠤ᠂ ᠤᠷᠢᠬᠠᠨ ᠰᠠᠯᠬᠢ ᠬᠠᠴᠠᠷ᠎ᠢ ᠢᠯᠪᠢᠨ᠂ ᠬᠠᠮᠤᠭ᠎ᠤᠨ ᠲᠠᠭᠠᠯᠠᠮᠵᠢᠳᠠᠢ ᠤᠯᠠᠷᠢᠯ ᠪᠤᠯᠬᠤ ᠰᠠᠨ᠃ ᠭᠦᠢᠯᠡᠰᠦᠨ ᠴᠡᠴᠡᠭ ᠪᠠᠳᠠᠷᠠᠨ ᠳᠡᠯᠭᠡᠷᠡᠵᠦ᠂ ᠲᠤᠭᠤᠷ᠎ᠤᠨ ᠴᠡᠴᠡᠭ ᠥᠩᠭᠡ ᠮᠦᠴᠡᠭᠡᠷᠭᠡᠨ᠂ ᠬᠥᠬᠡ ᠡᠪᠡᠰᠦ ᠴᠤᠬᠤᠢᠵᠤ ᠪᠤᠷᠭᠠᠰᠤ ᠨᠠᠬᠢᠶᠠᠯᠠᠭᠠᠳ᠂ ᠲᠦᠮᠡᠨ ᠪᠣᠳᠠᠰ ᠡᠰᠡᠨᠢᠨ ᠠᠮᠢᠯᠠᠬᠤ ᠬᠠᠮᠤᠭ᠎ᠤᠨ ᠰᠠᠢᠬᠠᠨ ᠴᠠᠭ ᠦᠶ᠎ᠡ ᠬᠦᠷᠴᠦ ᠢᠷᠡᠯ᠎ᠡ᠃

ᠥᠪᠥᠷ ᠮᠣᠩᠭᠣᠯ᠎ᠤᠨ ᠡᠬᠡ ᠭᠠᠵᠠᠷ᠎ᠲᠤ ᠠᠮᠢᠵᠢᠷᠠᠯ᠎ᠤᠨ ᠬᠦᠴᠦᠨ ᠪᠢᠯᠬᠠᠵᠤ᠂ ᠠᠭᠤᠷ ᠠᠮᠢᠰᠭᠤᠯ ᠳᠤᠯᠠᠭᠠᠨ ᠴᠢᠬᠢᠭᠯᠢᠭ ᠪᠤᠯᠤᠭᠰᠠᠨ ᠨᠢ ᠬᠠᠪᠤᠷ᠎ᠤᠨ ᠲᠠᠷᠢᠶᠠᠯᠠᠭ᠎ᠠ ᠨᠢᠭᠡᠨᠲᠡ ᠡᠬᠢᠯᠡᠭ᠌ᠰᠡᠨ᠎ᠢ ᠬᠠᠷᠠᠭᠤᠯᠵᠤ ᠪᠠᠢᠨ᠎ᠠ; ᠬᠠᠪᠤᠷ᠎ᠤᠨ ᠰᠡᠭᠦᠯ ᠰᠢᠪᠲᠤᠷᠡᠵᠦ ᠵᠤᠨ ᠠᠢᠰᠤᠢ ᠨᠢ ᠱᠢᠨ᠎ᠡ ᠨᠢᠭᠡ ᠡᠭᠡᠯᠵᠢ᠎ᠶ᠋ᠢᠨ ᠠᠮᠢᠳᠤᠷᠠᠯ᠎ᠤᠨ ᠠᠢᠵᠠᠮ ᠡᠬᠢᠯᠡᠬᠦ᠌᠎ᠶ᠋ᠢ ᠬᠠᠷᠠᠭᠤᠯᠵᠤ ᠪᠠᠢᠨ᠎ᠠ; ᠵᠤᠵᠠᠭᠠᠨ ᠬᠤᠪᠴᠠᠰᠤ᠎ᠡᠴᠡ ᠪᠠᠨ ᠳᠠᠩ ᠬᠤᠪᠴᠠᠰᠤᠨ᠎ᠳᠤ ᠰᠢᠯᠵᠢᠭᠡᠳ ᠬᠥᠮᠦᠰ ᠪᠠᠢᠭᠠᠯᠢ ᠵᠢᠨ ᠬᠤᠪᠢᠷᠠᠯᠲᠠ ᠤᠷᠴᠢᠯ᠎ᠳᠤ ᠵᠣᠬᠢᠴᠠᠨ᠂ ᠤᠷᠮ᠎ᠠ ᠰᠡᠳᠬᠢᠯ᠎ᠠᠴᠠ ᠢᠳᠡᠭᠡᠨ ᠤᠮᠳᠠᠭᠠᠨ ᠬᠦᠷᠲᠡᠯ᠎ᠡ ᠴᠠᠭ ᠤᠯᠠᠷᠢᠯ᠎ᠢ ᠳᠠᠭᠠᠯᠳᠤᠨ ᠬᠤᠪᠢᠷᠠᠵᠤ ᠪᠠᠢᠳᠠᠭ᠃

ᠡᠳᠦᠷ ᠳᠤᠯᠠᠭᠠᠷᠠᠨ ᠬᠠᠪᠤᠷ᠎ᠤᠨ ᠲᠠᠷᠢᠶᠠᠯᠠᠭ᠎ᠠ ᠡᠬᠢᠯᠡᠨ᠎ᠡ

ᠬᠤᠷ᠎ᠠ ᠤᠰᠤ ᠵᠢᠨ ᠴᠠᠭ ᠤᠯᠠᠷᠢᠯ ᠵᠢᠯ ᠪᠦᠷᠢ᠎ᠶ᠋ᠢᠨ 4 ᠰᠠᠷ᠎ᠠ᠎ᠶ᠋ᠢᠨ 20 ᠎ᠤ᠋ ᠡᠳᠦᠷ ᠪᠤᠶᠤ 21᠎ᠤ᠋ ᠡᠳᠦᠷ᠂ ᠳᠠᠷᠤᠢ ᠨᠠᠷᠠ ᠱᠢᠷ᠎ᠠ ᠤᠷᠲᠤᠷᠢᠭ᠎ᠤᠨ 30 ᠭᠷᠠᠳᠦ᠋ᠰ ᠬᠥᠷᠬᠥ᠌ ᠦᠶ᠎ᠡ᠎ᠳᠦ ᠮᠠᠨ᠎ᠤ ᠳᠡᠷᠭᠡᠲᠡ ᠬᠦᠷᠴᠦ ᠢᠷᠡᠳᠡᠭ᠂ ᠬᠤᠷ᠎ᠠ ᠤᠰᠤ ᠪᠤᠯ ᠬᠠᠪᠤᠷ᠎ᠤᠨ ᠤᠯᠠᠷᠢᠯ᠎ᠤᠨ ᠡᠴᠦᠰ᠎ᠦᠨ ᠴᠠᠭ ᠤᠯᠠᠷᠢᠯ ᠪᠣᠯᠤᠨ᠎ᠠ᠃

ᠡᠷᠲᠡᠨ᠎ᠦ ᠦᠶ᠎ᠡ᠎ᠳᠦ ᠬᠤᠷ᠎ᠠ ᠤᠰᠤ ᠵᠢᠨ ᠴᠠᠭ ᠤᠯᠠᠷᠢᠯ᠎ᠢ ᠭᠤᠷᠪᠠᠨ ᠴᠠᠭ ᠠᠭᠤᠷ ᠬᠤᠪᠢᠶᠠᠳᠠᠭ ᠪᠠᠢᠵᠠᠢ᠂ 《ᠨᠢᠭᠡᠳᠦᠭᠡᠷ ᠴᠠᠭ ᠠᠭᠤᠷ ᠨᠢ ᠤᠨᠠᠭᠠᠨ ᠲᠤᠷᠤᠭᠤ ᠤᠰᠤᠨ᠎ᠳᠤ ᠤᠷᠭᠤᠵᠤ ᠡᠬᠢᠯᠡᠨ᠎ᠡ; ᠬᠤᠶᠠᠳᠤᠭᠠᠷ ᠴᠠᠭ ᠠᠭᠤᠷ ᠨᠢ ᠬᠦᠬᠦᠭᠡ ᠰᠢᠪᠠᠭᠤ ᠳᠤᠩᠭᠤᠳᠤᠨ ᠦᠳᠦ ᠪᠠᠨ ᠰᠠᠮᠨᠡᠨ᠎ᠡ; ᠭᠤᠷᠪᠠᠳᠤᠭᠠᠷ ᠴᠠᠭ ᠠᠭᠤᠷ ᠨᠢ ᠪᠦᠪᠡᠭᠡᠯᠵᠢ ᠢᠯᠠᠮ᠎ᠠ ᠵᠢᠨ ᠮᠤᠳᠤᠨ᠎ᠳᠤ ᠪᠠᠭᠤᠨ᠎ᠠ》᠃ ᠡᠨᠡ ᠨᠢ ᠲᠠᠷᠢᠶᠠᠯᠠᠩ᠎ᠤᠨ ᠪᠣᠷᠣᠭᠠᠨ᠎ᠤ ᠳᠠᠷᠠᠭ᠎ᠠ ᠬᠤᠷ᠎ᠠ ᠲᠣᠨᠣᠳᠠᠰᠤ ᠨᠡᠮᠡᠭ᠌ᠳᠡᠵᠦ᠍᠂ ᠤᠨᠠᠭᠠᠨ ᠲᠤᠷᠤᠭᠤ ᠤᠰᠤᠨ᠎ᠳᠤ ᠤᠷᠭᠤᠵᠤ᠂ ᠵᠠᠯᠭᠠᠭᠠᠳ ᠬᠥᠬᠥᠭᠡ ᠱᠢᠪᠠᠭᠤ ᠬᠥᠮᠦᠰ᠎ᠲᠦ ᠬᠠᠪᠤᠷ᠎ᠤᠨ ᠲᠠᠷᠢᠶᠠᠯᠠᠭ᠎ᠠ ᠵᠢᠨ ᠴᠠᠭ ᠬᠦᠷᠴᠦ ᠢᠷᠡᠭᠰᠡᠨ᠎ᠢ ᠮᠡᠳᠡᠭᠡᠯᠡᠨ᠎ᠡ᠂ ᠳᠠᠷᠠᠭ᠎ᠠ ᠨᠢ ᠢᠯᠠᠮ᠎ᠠ᠎ᠶ᠋ᠢᠨ ᠮᠣᠳᠣᠨ ᠳᠡᠭᠡᠷ᠎ᠡ᠎ᠡᠴᠡ ᠪᠦᠪᠡᠭᠡᠯᠵᠢ᠎ᠶ᠋ᠢ ᠣᠯᠵᠤ ᠦᠵᠡᠬᠦ᠌ ᠪᠣᠯᠤᠨ᠎ᠠ ᠭᠡᠰᠡᠨ ᠤᠳᠬ᠎ᠠ ᠲᠡᠢ᠃

ᠪᠠᠢᠭᠠᠯᠢ᠎ᠶ᠋ᠢᠨ ᠵᠢᠮ᠎ᠡ ᠶᠣᠰᠣ᠎ᠶ᠋ᠢ ᠳᠠᠭᠠᠵᠤ᠂ ᠵᠢᠯ ᠪᠦᠷᠢ᠎ᠶ᠋ᠢᠨ ᠬᠤᠷ᠎ᠠ ᠤᠰᠤ ᠬᠦᠷᠴᠦ ᠢᠷᠡᠬᠦ᠎ᠶᠢ ᠲᠠᠭᠠᠯᠳᠤᠨ ᠥᠪᠥᠷ ᠮᠣᠩᠭᠣᠯ᠎ᠤᠨ ᠳᠤᠮᠳᠠ ᠪᠠᠷᠠᠭᠤᠨ ᠬᠡᠰᠡᠭ ᠲᠦ᠍ ᠬᠠᠪᠤᠷ᠎ᠤᠨ ᠲᠠᠷᠢᠶᠠᠯᠠᠭ᠎ᠠ ᠭᠡᠳ ᠮᠠᠰᠢ ᠶᠠᠭᠠᠷᠠᠯᠲᠠᠶ ᠪᠤᠯᠳᠠᠭ᠃

《ᠬᠤᠷ᠎ᠠ ᠤᠰᠤ ᠵᠢᠨ ᠴᠠᠭ ᠤᠯᠠᠷᠢᠯ᠎ᠢ ᠪᠥᠬᠥ᠌ ᠣᠷᠣᠨ᠎ᠤ ᠭᠤᠤᠯ ᠲᠠᠷᠢᠮᠠᠯ᠎ᠤᠨ ᠬᠠᠪᠤᠷ᠎ᠤᠨ ᠲᠠᠷᠢᠶᠠᠯᠠᠭ᠎ᠠ᠎ᠶ᠋ᠢᠨ ᠱᠠᠲᠤᠨ᠎ᠳᠤ ᠤᠷᠤᠬᠰᠠᠨ᠎ᠤ ᠰᠢᠨᠵᠢ ᠲᠡᠮᠳᠡᠭ ᠭᠡᠵᠦ᠍ ᠬᠡᠯᠡᠵᠦ ᠪᠣᠯᠤᠨ᠎ᠠ》 ᠭᠡᠵᠦ ᠥᠪᠥᠷ ᠮᠣᠩᠭᠣᠯ᠎ᠤᠨ ᠠᠮᠢ ᠠᠬᠤᠶ ᠬᠢᠭᠡᠳ ᠲᠠᠷᠢᠶᠠᠯᠠᠩ᠎ᠤᠨ ᠴᠠᠭ ᠠᠭᠤᠷ᠎ᠤᠨ ᠲᠥᠪ᠎ᠦᠨ ᠳᠡᠭᠡᠳᠦ ᠵᠡᠷᠭᠡ᠎ᠶ᠋ᠢᠨ ᠢᠨᠵᠧᠨᠧᠷ ᠦ᠋ ᠷᠦᠩ ᠱᠧᠩ ᠬᠡᠯᠡᠵᠦ ᠪᠠᠢᠯ᠎ᠠ᠂ ᠵᠢᠯ ᠪᠦᠷᠢ᠎ᠶ᠋ᠢᠨ 4 ᠰᠠᠷ᠎ᠠ᠎ᠶ᠋ᠢᠨ ᠳᠤᠮᠳᠠᠴᠢ᠎ᠠᠴᠠ ᠡᠬᠢᠯᠡᠨ᠂ ᠪᠥᠬᠥ᠌ ᠣᠷᠣᠨ᠎ᠳᠤ ᠪᠠᠷᠠᠭᠤᠨ᠎ᠠᠴᠠ ᠵᠡᠭᠦᠨᠰᠢ ᠡᠷᠳᠡᠨᠢ ᠱᠢᠰᠢ ᠪᠠ ᠲᠥᠮᠥᠰᠥ ᠳᠠᠷᠢᠵᠤ ᠡᠬᠢᠯᠡᠨ ᠂ ᠮᠠᠨ᠎ᠤ ᠣᠷᠣᠨ᠎ᠤ ᠳᠤᠮᠳᠠ ᠪᠠᠷᠠᠭᠤᠨ ᠪᠡᠶ᠎ᠠ ᠵᠢᠨ ᠭᠠᠵᠠᠷ ᠣᠷᠣᠨ ᠶᠡᠬᠡ ᠬᠡᠪᠴᠢᠶ᠎ᠡ᠎ᠪᠡᠷ ᠬᠠᠪᠤᠷ᠎ᠤᠨ ᠳᠠᠷᠢᠶᠠᠯᠠᠭ᠎ᠠ ᠵᠢᠨ ᠱᠠᠲᠤᠨ᠎ᠳᠤ ᠣᠷᠤᠳᠠᠭ᠃

ᠡᠸ᠋ ᠷᠦᠩ ᠱᠧᠩ᠎ᠤᠨ ᠬᠡᠯᠡᠬᠦ᠌᠎ᠪᠡᠷ᠂ ᠡᠨᠡ ᠦᠶ᠎ᠡ᠎ᠳᠦ ᠪᠣᠷᠣᠲᠣᠬᠣᠶ᠎ᠶ᠋ᠢᠨ ᠤᠰᠤᠯᠠᠯᠲᠠ᠎ᠶ᠋ᠢᠨ ᠣᠷᠣᠨ᠎ᠤ ᠪᠣᠭᠣᠳᠠᠶ᠎ᠶ᠋ᠢᠨ ᠲᠠᠷᠢᠶᠠᠯᠠᠭ᠎ᠠ ᠰᠢᠪᠲᠤᠷᠠᠭᠠᠨ᠎ᠳᠠᠭᠠᠨ ᠤᠷᠤᠵᠤ᠂ ᠡᠷᠳᠡᠨᠢ ᠱᠢᠰᠢ ᠳᠠᠷᠢᠬᠤ ᠠᠵᠢᠯ ᠶᠠᠪᠤᠭᠳᠠᠨ᠂ ᠱᠢᠷ᠎ᠠ ᠪᠤᠷᠴᠠᠭ᠂ ᠲᠥᠮᠥᠰᠥ᠎ᠶ᠋ᠢ 4 ᠰᠠᠷ᠎ᠠ᠎ᠶ᠋ᠢᠨ ᠰᠡᠭᠦᠯᠴᠢ᠎ᠡᠴᠡ 5 ᠰᠠᠷ᠎ᠠ᠎ᠶ᠋ᠢᠨ ᠡᠬᠢ ᠪᠣᠯᠲᠠᠯ᠎ᠠ ᠳᠠᠷᠢᠨ᠎ᠠ ᠭᠡᠨ᠎ᠡ᠃

ᠲᠠᠷᠢᠶᠠᠯᠠᠭ᠎ᠠ ᠵᠢᠨ ᠠᠵᠢᠯ ᠦᠷᠨᠢᠭᠦᠯᠬᠦ᠎ᠳᠤ ᠠᠭᠤᠷ ᠠᠮᠢᠰᠭᠤᠯ᠎ᠤᠨ ᠨᠥᠬᠥᠴᠡᠯ ᠲᠠᠷᠢᠮᠠᠯ᠎ᠳᠤ ᠲᠣᠬᠢᠷᠠᠬᠤ ᠬᠡᠷᠡᠭᠲᠡᠢ ᠃

ᠥᠪᠥᠷ ᠮᠣᠩᠭᠣᠯ᠎ᠤᠨ ᠠᠮᠢ ᠠᠬᠤᠶ ᠬᠢᠭᠡᠳ ᠲᠠᠷᠢᠶᠠᠯᠠᠩ᠎ᠤᠨ ᠴᠠᠭ ᠠᠭᠤᠷ᠎ᠤᠨ ᠲᠥᠪ᠎ᠦᠨ ᠬᠢᠨᠠᠨ ᠬᠡᠮᠵᠢᠯᠲᠡ᠎ᠶ᠋ᠢ ᠦᠨᠳᠦᠰᠦᠯᠡᠪᠡᠯ ᠂ ᠡᠨᠡ ᠵᠢᠯ᠎ᠦᠨ 4 ᠰᠠᠷ᠎ᠠ᠎ᠶ᠋ᠢᠨ ᠡᠬᠢ᠎ᠪᠡᠷ ᠂ ᠮᠠᠨ᠎ᠤ ᠣᠷᠣᠨ᠎ᠤ ᠲᠠᠷᠢᠶᠠᠯᠠᠩ᠎ᠤᠨ ᠴᠠᠭ ᠠᠭᠤᠷ᠎ᠤᠨ ᠨᠥᠬᠥᠴᠡᠯ᠎ᠳᠦ 《ᠥᠨᠳᠥᠷ ᠳᠤᠯᠠᠭᠠᠨ ᠪᠣᠷᠣᠭᠠᠨ ᠪᠠᠭ᠎ᠠ ᠂ ᠴᠢᠭᠢᠭ᠎ᠦᠨ ᠪᠠᠢᠳᠠᠯ ᠨᠡᠯᠢᠶᠡᠳ ᠰᠠᠢᠨ》 ᠪᠠᠢᠬᠤ ᠣᠨᠴᠠᠯᠢᠭ ᠢᠯᠡᠷᠡᠵᠦ᠍ ᠂ ᠲᠠᠷᠢᠶᠠᠯᠠᠩ ᠦᠶ᠋ᠯᠡᠳᠪᠦᠷᠢᠯᠡᠯ᠎ᠳᠦ ᠠᠱᠢᠭ᠍ᠲᠠᠶ᠃

ᠠᠷᠪᠠᠨ ᠡᠳᠦᠷ᠎ᠦᠨ ᠳᠣᠲᠣᠷ᠎ᠠ᠂ ᠮᠠᠨ᠎ᠤ ᠣᠷᠣᠨ᠎ᠤ ᠪᠣᠭᠣᠳᠠᠶ ᠳᠠᠷᠢᠬᠤ ᠠᠵᠢᠯ ᠪᠠᠷᠠᠭᠤᠨ᠎ᠠᠴᠠ ᠵᠡᠭᠦᠨᠰᠢ ᠪᠥᠬᠥ᠌ ᠲᠠᠯ᠎ᠠ᠎ᠪᠠᠷ ᠡᠬᠢᠯᠡᠪᠡ᠃ ᠬᠠᠪᠤᠷ᠎ᠤᠨ ᠪᠣᠭᠣᠳᠠᠶ᠎ᠶ᠋ᠢ ᠪᠣᠷᠣᠲᠣᠬᠣᠶ᠎ᠶ᠋ᠢᠨ ᠭᠠᠵᠠᠷ ᠣᠷᠣᠨ᠎ᠳᠤ ᠨᠢᠭᠡᠨᠲᠡ ᠳᠠᠷᠢᠵᠤ ᠳᠠᠭᠤᠰᠭᠠᠵᠠᠢ᠂ ᠣᠷᠳᠣᠰ ᠬᠣᠲᠠ᠂ ᠪᠤᠭᠤᠲᠤ ᠬᠣᠲᠠ ᠪᠣᠯᠤᠨ ᠲᠦᠩᠯᠢᠶᠣᠤ ᠬᠣᠲᠠ ᠲᠣᠰ ᠲᠣᠰ 6.3 ᠲᠦᠮᠡᠨ ᠮᠥ᠍ ᠂ 0.96 ᠲᠦᠮᠡᠨ ᠮᠥ᠍ ᠪᠠ 5 ᠲᠦᠮᠡᠨ ᠮᠥ᠍ ᠳᠠᠷᠢᠵᠤ᠂ ᠪᠤᠰᠤᠳ ᠭᠠᠵᠠᠷ ᠣᠷᠣᠨ᠎ᠳᠤ ᠬᠡᠰᠡᠭ ᠪᠤᠰᠠᠭ᠎ᠢᠶᠠᠷ ᠳᠠᠷᠢᠬᠰᠠᠨ ᠪᠠᠢᠨ᠎ᠠ᠃ ᠣᠳᠣᠬᠠᠨ᠎ᠳᠤ ᠪᠣᠷᠣᠲᠣᠬᠣᠶ ᠣᠷᠣᠨ᠎ᠤ ᠬᠠᠪᠤᠷ᠎ᠤᠨ ᠪᠤᠭᠤᠳᠠᠶ ᠨᠢᠭᠡᠨᠲᠡ ᠴᠢᠬᠢᠯᠡᠬᠦ᠌ ᠬᠤᠭᠤᠴᠠᠭᠠᠨ᠎ᠳᠠᠭᠠᠨ ᠣᠷᠣᠵᠠᠶ᠃ ᠬᠤᠷ᠎ᠠ ᠤᠰᠤ ᠵᠢᠨ ᠴᠠᠭ ᠤᠯᠠᠷᠢᠯ᠎ᠤᠨ ᠳᠤᠮᠳᠠᠴᠢ ᠠᠭᠠᠷ᠎ᠤᠨ ᠳᠤᠯᠠᠭᠠᠨ 10 ᠭᠷᠠᠳᠦ᠋ᠰ᠎ᠡᠴᠡ ᠳᠡᠭᠡᠭ᠌ᠰᠢ ᠪᠠᠢᠵᠤ᠂ ᠡᠷᠳᠡᠨᠢ ᠱᠢᠰᠢ ᠪᠠ ᠲᠥᠮᠥᠰᠥ᠍ ᠳᠠᠷᠢᠬᠤ᠎ᠳᠤ ᠮᠠᠰᠢ ᠲᠣᠬᠢᠷᠠᠮᠵᠢᠲᠠᠶ᠃

《ᠭᠡᠪᠡᠴᠦ᠍ ᠬᠠᠪᠤᠷ ᠲᠠᠭᠠᠨ ᠬᠦᠢᠲᠡᠷᠡᠬᠦ᠌ ᠪᠣᠯᠤᠮᠵᠢ᠎ᠶ᠋ᠢ ᠦᠭᠡᠢᠰᠭᠡᠬᠦ᠌᠎ᠶ᠋ᠢᠨ ᠠᠷᠭ᠎ᠠ ᠦᠭᠡᠶ》 ᠭᠡᠵᠦ ᠡᠸ᠋ ᠷᠦᠩ ᠱᠧᠩ ᠬᠡᠯᠡᠵᠦ ᠪᠠᠢᠯ᠎ᠠ᠂ ᠬᠦᠶ᠋ᠲᠡᠨ ᠴᠠᠭ ᠠᠭᠤᠷ᠎ᠤᠨ ᠨᠦᠯᠦᠭᠡ ᠪᠡᠷ ᠠᠭᠠᠷ᠎ᠤᠨ ᠳᠤᠯᠠᠭᠠᠨ ᠨᠡᠯᠢᠶᠡᠳ ᠪᠠᠭᠤᠷᠠᠪᠠᠯ᠂ ᠬᠠᠪᠤᠷ᠎ᠤᠨ ᠲᠠᠷᠢᠶᠠᠯᠠᠭ᠎ᠠ ᠵᠢ ᠨᠥᠯᠥᠭᠡᠯᠡᠨ᠎ᠡ᠂ ᠳᠠᠬᠢᠭᠠᠳ ᠬᠠᠪᠤᠷ ᠬᠠᠷ᠎ᠠ ᠰᠠᠯᠬᠢ ᠡᠯᠡᠰᠦᠨ ᠱᠢᠭᠤᠷᠭ᠎ᠠ᠎ᠲᠠᠶ ᠴᠠᠭ ᠠᠭᠤᠷ ᠨᠡᠯᠢᠶᠡᠳ ᠠᠷᠪᠢᠨ ᠢᠯᠡᠷᠡᠬᠦ ᠪᠣᠯᠬᠣᠷ ᠲᠣᠮᠣ ᠬᠡᠯᠪᠡᠷᠢ᠎ᠶ᠋ᠢᠨ ᠮᠠᠰᠢᠨ ᠵᠢᠡᠷ ᠠᠵᠢᠯᠯᠠᠬᠤ᠎ᠳᠤ ᠠᠱᠢᠭ ᠥᠬᠡᠶ᠃

ᠡᠬᠡ ᠪᠠᠢᠭᠠᠯᠢ ᠎ᠵᠢᠨ ᠰᠠᠢᠨ ᠰᠠᠢᠬᠠᠨ᠎ᠢ ᠪᠠᠬᠠᠷᠬᠠᠨ᠎ᠠ

ᠬᠤᠷ᠎ᠠ ᠤᠰᠤ ᠵᠢᠨ ᠴᠠᠭ ᠤᠯᠠᠷᠢᠯ ᠬᠦᠷᠴᠦ ᠢᠷᠡᠬᠦ᠎ᠳᠤ᠂ ᠡᠮᠦᠨᠡᠲᠦ ᠣᠷᠣᠨ᠎ᠳᠤ ᠤᠳᠠᠨ ᠤᠩᠭᠠᠷᠢᠯ ᠪᠠᠭᠤᠵᠤ᠂ ᠬᠥᠬᠥᠭᠡ ᠵᠢᠷᠭᠢᠨ᠂ ᠮᠠᠨᠳᠠᠷᠠᠸ᠎ᠠ ᠴᠡᠴᠡᠭ ᠳᠡᠯᠭᠡᠷᠡᠭᠡᠳ᠂ ᠢᠩᠲᠣᠣᠷ ᠤᠯᠠᠢᠵᠤ ᠪᠣᠯᠪᠠᠰᠤᠷᠠᠨ᠎ᠠ᠃ ᠡᠮᠦᠨᠡᠲᠦ ᠣᠷᠣᠨ᠎ᠤ ᠵᠦᠢᠯ ᠪᠦᠷᠢ ᠵᠢᠨ ᠴᠡᠴᠡᠭ ᠦᠩᠭᠡ ᠢᠯᠭᠠᠷᠠᠨ ᠳᠡᠯᠭᠡᠷᠡᠬᠦ ᠦᠵᠡᠮᠵᠢ ᠯᠤᠭᠡ ᠬᠠᠷᠢᠴᠠᠭᠤᠯᠪᠠᠯ ᠤᠮᠠᠷᠠᠲᠤ ᠣᠷᠣᠨ᠎ᠳᠤ ᠪᠠᠢᠭ᠎ᠠ ᠥᠪᠥᠷ ᠮᠣᠩᠭᠣᠯ ᠬᠠᠷᠢᠨ ᠬᠤᠷ᠎ᠠ ᠤᠰᠤ ᠵᠢᠨ ᠴᠠᠭ ᠤᠯᠠᠷᠢᠯ᠎ᠤᠨ ᠦᠶ᠎ᠡ᠎ᠳᠤ ᠦᠭᠡᠷ᠎ᠡ ᠵᠦᠢᠯ᠎ᠤᠨ ᠦᠩᠭᠡ ᠦᠵᠡᠮᠵᠢ ᠲᠠᠢ᠃ ᠲᠤᠭᠤᠷ᠎ᠤᠨ ᠴᠡᠴᠡᠭ ᠶᠠᠭᠠᠨ ᠦᠩᠭᠡ ᠪᠠᠨ ᠭᠠᠢᠬᠠᠭᠤᠯᠬᠤ᠎ᠳᠤ ᠬᠦᠶ᠋ᠯᠡᠰᠦᠨ ᠴᠡᠴᠡᠭ ᠴᠠᠭᠠᠨ ᠦᠩᠭᠡ ᠪᠡᠷ ᠮᠦᠴᠡᠭᠡᠷᠭᠡᠨ᠎ᠡ᠂ ᠬᠣᠲᠠ ᠵᠡᠭᠡᠯᠢ᠎ᠪᠡᠷ ᠴᠡᠴᠡᠭ᠎ᠦᠨ ᠦᠨᠦᠷ ᠬᠠᠩᠬᠤᠯᠵᠤ ᠰᠡᠳᠬᠢᠯ᠎ᠳᠤ ᠲᠠᠭᠠᠲᠡᠢ᠃

ᠵᠠᠭᠤ ᠮᠢᠩᠭᠠᠨ ᠵᠢᠯ᠎ᠦᠨ ᠲᠤᠷᠰᠢ᠂ ᠡᠨᠡ ᠬᠦ᠌ ᠪᠠᠢᠭᠠᠯᠢ ᠡᠴᠡ ᠰᠣᠶᠣᠷᠬᠠᠭ᠍ᠰᠠᠨ ᠡᠯᠳᠡᠪ ᠵᠦᠶ᠋ᠯ᠎ᠦᠨ ᠭᠣᠶᠣ ᠦᠵᠡᠮᠵᠢ ᠠᠩᠬᠢᠯᠦᠮ᠎ᠠ ᠦᠨᠦᠷ᠎ᠳᠦ᠍ ᠰᠤᠭᠲᠤᠭᠤᠷᠠᠬᠤ᠎ᠳᠠᠭᠠᠨ ᠬᠥᠮᠦᠰ ᠪᠠᠢᠭᠠᠯᠢ᠎ᠶ᠋ᠢ ᠭᠦᠨᠳᠦᠳᠭᠡᠨ᠂ ᠪᠠᠢᠭᠠᠯᠢ᠎ᠳᠤ ᠲᠠᠯᠠᠷᠬᠠᠵᠠᠭᠠᠨ᠎ᠠ᠂ ᠲᠡᠭᠡᠬᠦ᠎ᠳᠡᠭᠡᠨ ᠪᠠᠢᠭᠠᠯᠢ᠎ᠶ᠋ᠢᠨ ᠵᠢᠮ᠎ᠠ ᠶᠤᠰᠤ ᠵᠢ ᠳᠠᠭᠠᠭᠰᠠᠨ ᠠᠮᠢᠳᠤᠷᠠᠯ᠎ᠤᠨ ᠠᠢᠵᠠᠮ᠎ᠳᠤ ᠪᠠᠶᠠᠯᠢᠭ ᠰᠠᠢᠬᠠᠨ ᠦᠶ᠋ᠯᠡᠳᠪᠦᠷᠢᠯᠡᠯ ᠠᠮᠢᠳᠤᠷᠠᠯ᠎ᠤᠨ ᠵᠠᠩ ᠦᠢᠯᠡ ᠵᠢ ᠪᠦᠷᠢᠯᠳᠦᠭᠦᠯᠦᠭᠰᠡᠨ ᠪᠠᠢᠨ᠎ᠠ᠃

ᠬᠤᠷ᠎ᠠ ᠤᠰᠤ ᠵᠢᠨ ᠴᠠᠭ ᠤᠯᠠᠷᠢᠯ ᠪᠤᠯᠪᠠᠯ ᠵᠢᠭᠠᠰᠤᠴᠢᠳ ᠲᠡᠯᠡᠶ᠎ᠶ᠋ᠢᠨ ᠲᠠᠬᠢᠯᠭ᠎ᠠ ᠬᠢᠵᠦ᠍ ᠂ ᠲᠡᠯᠡᠶ᠎ᠶ᠋ᠢᠨ ᠰᠠᠬᠢᠭᠤᠯᠰᠤᠨ᠎ᠳᠤ ᠠᠮᠤᠷ ᠲᠦᠪᠰᠢᠨ᠎ᠵᠢᠡᠨ ᠳᠠᠭᠠᠳᠭᠠᠳᠠᠭ; ᠴᠠᠶ᠎ᠶ᠋ᠢᠨ ᠲᠠᠷᠢᠶᠠᠴᠢᠳ 《ᠬᠤᠷ᠎ᠠ ᠤᠰᠤ ᠵᠢᠨ ᠴᠠᠶ》 ᠲᠡᠭᠦᠵᠦ᠍᠂ ᠭᠠᠶ ᠪᠠᠷᠴᠢᠳ᠎ᠵᠢᠡᠨ ᠠᠷᠢᠯᠭᠠᠨ᠂ ᠬᠠᠯᠠᠭᠤᠨ᠎ᠢ ᠲᠠᠭᠤᠵᠤ ᠨᠢᠳᠦ᠍᠎ᠪᠠᠨ ᠲᠤᠩᠭᠠᠯᠠᠭᠰᠢᠭᠤᠯᠬᠤ ᠵᠢ ᠵᠤᠷᠢᠳᠠᠭ; ᠡᠨᠡ ᠦᠶ᠎ᠡ᠎ᠳᠤ ᠤᠮᠠᠷᠠᠲᠤ ᠣᠷᠣᠨ᠎ᠳᠤ ᠶᠠᠭ ᠰᠠᠢᠬᠠᠨ ᠦᠨᠦᠷᠲᠦ ᠨᠢᠴᠦᠭᠦᠨ ᠬᠣᠪᠣᠯᠣ ᠢᠳᠡᠬᠦ᠌ ᠴᠠᠭ ᠦᠶ᠎ᠡ ᠪᠤᠯᠳᠠᠭ; ᠮᠠᠨᠳᠠᠷᠠᠸ᠎ᠠ ᠴᠡᠴᠡᠭ ᠬᠤᠷ᠎ᠠ ᠤᠰᠤ ᠵᠢᠨ ᠤᠷᠢᠳ ᠬᠣᠵᠢᠳ᠎ᠢᠶᠠᠷ ᠳᠡᠯᠭᠡᠷᠡᠬᠦ ᠪᠤᠯᠬᠤᠷ ᠪᠠᠰᠠ ᠬᠤᠷ᠎ᠠ ᠤᠰᠤ ᠴᠡᠴᠡᠭ ᠭᠡᠳᠡᠭ᠃ ᠬᠤᠷ᠎ᠠ ᠤᠰᠤ ᠵᠢᠨ ᠦᠶ᠎ᠡ᠎ᠳᠤ ᠮᠠᠨᠳᠠᠷᠠᠸ᠎ᠠ ᠴᠡᠴᠡᠭ ᠰᠣᠨᠢᠷᠬᠠᠬᠤ ᠨᠢ ᠱᠠᠨᠳᠦ᠋ᠩ᠂ ᠾᠧᠨᠠᠨ᠂ ᠰᠸᠴᠤᠸᠠᠨ ᠵᠡᠷᠭᠡ ᠭᠠᠵᠠᠷ᠎ᠤᠨ ᠬᠥᠮᠦᠰ᠎ᠦᠨ ᠰᠡᠯᠡᠭᠦᠦ ᠦᠶ᠎ᠡ᠎ᠶ᠋ᠢᠨ ᠴᠢᠬᠤᠯᠠ ᠵᠤᠭ᠎ᠠ ᠴᠡᠩᠭᠡᠯ ᠪᠣᠯᠤᠨ᠎ᠠ᠃

ᠥᠪᠥᠷ ᠮᠣᠩᠭᠣᠯ᠎ᠳᠤ ᠬᠤᠷ᠎ᠠ ᠤᠰᠤ ᠵᠢᠨ ᠦᠶᠡᠰ ᠮᠠᠨᠳᠠᠷᠠᠸ᠎ᠠ ᠴᠡᠴᠡᠭ ᠥᠬᠡᠶ ᠪᠣᠯᠪᠠᠴᠤ᠌ ᠲᠤᠭᠤᠷ᠎ᠤᠨ ᠴᠡᠴᠡᠭ ᠬᠦᠶ᠋ᠯᠡᠰᠦᠨ ᠴᠡᠴᠡᠭ ᠦᠩᠭᠡ ᠢᠯᠭᠠᠷᠠᠭᠠᠳ᠂ ᠠᠩᠬᠢᠯᠤᠮ᠎ᠠ ᠦᠨᠦᠷ ᠵᠢᠡᠨ ᠭᠠᠵᠠᠷ ᠰᠠᠢ ᠦᠭᠡᠢ ᠰᠡᠩᠬᠢᠨᠡᠭᠦᠯᠦᠨ᠎ᠡ᠃

ᠬᠥᠬᠡᠬᠣᠲᠠ᠎ᠶ᠋ᠢᠨ ᠲᠦᠮᠡᠳ ᠵᠡᠭᠦᠨ ᠬᠣᠱᠢᠭᠤᠨ᠎ᠤ ᠴᠠᠭᠠᠰᠤᠴᠢ ᠪᠠᠯᠭᠠᠰᠤᠨ᠎ᠤ ᠬᠥ᠋ᠴᠧᠩ ᠲᠣᠰᠭᠣᠨ᠎ᠤ ᠬᠤᠷ᠎ᠠ ᠤᠰᠤ ᠵᠢᠨ ᠤᠷᠢᠳ ᠬᠣᠵᠢᠳ᠎ᠢᠶᠠᠷ ᠳᠡᠯᠭᠡᠷᠡᠬᠦ ᠦᠩᠭᠡ ᠵᠢᠨ ᠴᠡᠴᠡᠭ᠎ᠤᠨ ᠦᠵᠡᠮᠵᠢ ᠨᠢ ᠬᠤᠯᠠ ᠤᠢᠷ᠎ᠠ᠎ᠳᠠᠭᠠᠨ ᠠᠯᠳᠠᠷᠰᠢᠵᠠᠢ᠃ ᠲᠤᠰ ᠲᠤᠰᠬᠤᠨ ᠨᠢᠳᠤᠨᠤᠨ ᠠᠩᠬᠠᠳᠤᠭᠠᠷ ᠬᠤᠭᠤᠴᠠᠭᠠᠨ᠎ᠤ ᠲᠤᠭᠤᠷ᠎ᠤᠨ ᠴᠡᠴᠡᠭ ᠭᠦᠢᠯᠡᠰᠦᠨ ᠴᠡᠴᠡᠭ᠎ᠦᠨ ᠵᠢᠭᠤᠯᠴᠢᠯᠠᠯ᠎ᠤᠨ ᠨᠠᠢᠷ ᠡᠷᠬᠢᠯᠡᠭ᠌ᠰᠡᠨ ᠰᠠᠭᠤᠷᠢᠨ ᠳᠡᠭᠡᠷ᠎ᠡ᠂ ᠡᠨᠡ ᠵᠢᠯ᠎ᠦᠨ 4 ᠰᠠᠷ᠎ᠠ᠎ᠶ᠋ᠢᠨ 12 ᠎ᠤ᠋ᠨ ᠡᠳᠦᠷ ᠬᠣᠶᠠᠳᠤᠭᠠᠷ ᠬᠤᠭᠤᠴᠠᠭᠠᠨ᠎ᠤ ᠰᠣᠶᠣᠯ᠎ᠤᠨ ᠨᠠᠢᠷ ᠲᠣᠭ᠍ᠲᠠᠭ᠍ᠰᠠᠨ ᠬᠤᠭᠤᠴᠠᠭᠠᠨ᠎ᠳᠠᠭᠠᠨ ᠶᠠᠪᠤᠭ᠍ᠳᠠᠭᠠᠳ 10 ᠡᠳᠦᠷ ᠦᠷᠭᠦᠯᠵᠢᠯᠡᠵᠡᠢ᠃

ᠬᠥ᠋ᠴᠧᠩ ᠲᠣᠰᠭᠣᠨ᠎ᠳᠤ ᠲᠣᠭᠣᠷ᠎ᠤᠨ ᠮᠣᠳᠣ᠂ ᠬᠦᠶ᠋ᠯᠡᠰᠦᠨ ᠮᠣᠳᠣ᠂ ᠤᠯᠠᠭᠠᠨ ᠬᠦᠢᠯᠡᠰᠦᠨ ᠮᠣᠳᠣ 4000 ᠭᠠᠷᠤᠶ ᠰᠠᠭᠤᠷᠢ ᠪᠠᠢᠵᠤ᠂ ᠵᠠᠭᠤ ᠭᠠᠷᠤᠶ ᠮᠥ᠍ ᠡᠵᠡᠯᠡᠨ᠂ ᠠᠢᠯ ᠡᠷᠦᠬᠡ ᠪᠤᠯᠭᠠᠨ ᠬᠡᠷ ᠪᠠᠢᠱᠢᠩ᠎ᠤᠨ᠎ᠢᠶᠠᠨ ᠡᠮᠦᠨ᠎ᠡ ᠬᠣᠢᠨ᠎ᠠ ᠡᠯ᠎ᠡ ᠵᠦᠶ᠋ᠯ᠎ᠦᠨ ᠵᠢᠮᠢᠰ᠎ᠦᠨ ᠮᠣᠳᠣ ᠵᠢ ᠳᠦᠭᠦᠷᠲᠡᠯ᠎ᠡ ᠳᠠᠷᠢᠵᠤ᠂ ᠬᠣᠯᠠ᠎ᠠᠴᠠ ᠬᠠᠷᠠᠬᠤ᠎ᠳᠤ ᠠᠢᠯ ᠡᠷᠦᠬᠡ ᠪᠣᠯᠭᠠᠨ ᠬᠤᠸᠠᠷ ᠴᠡᠴᠡᠭ᠎ᠦᠨ ᠥᠷᠥᠭᠡ ᠱᠢᠭ ᠭᠣᠶᠣ ᠦᠵᠡᠮᠦᠷᠢ ᠲᠠᠢ ᠬᠠᠷᠠᠭᠳᠠᠨ᠎ᠠ᠃ ᠵᠢᠯ ᠪᠦᠷᠢ᠎ᠶ᠋ᠢᠨ 4 ᠰᠠᠷ᠎ᠠ᠎ᠶ᠋ᠢᠨ ᠳᠤᠮᠳᠠᠴᠢ᠎ᠪᠠᠷ ᠭᠦᠴᠸᠩ ᠲᠣᠰᠭᠣᠨ᠎ᠤ ᠲᠤᠭᠤᠷ᠎ᠤᠨ ᠮᠤᠳᠤ᠂ ᠬᠦᠢᠯᠡᠰᠦᠨ ᠮᠤᠳᠤ᠂ ᠤᠯᠠᠭᠠᠨ ᠭᠦᠢᠯᠡᠰᠦᠨ ᠮᠤᠳᠤ ᠤᠷᠢᠳ ᠬᠤᠵᠢᠳ ᠪᠠᠳᠠᠷᠠᠨ ᠳᠡᠯᠭᠡᠷᠡᠵᠦ᠍᠂ ᠲᠣᠰᠭᠣᠨ᠎ᠤ ᠳᠤᠮᠳᠠ ᠠᠩᠬᠢᠯᠤᠮ᠎ᠠ ᠦᠨᠦᠷ ᠰᠡᠩᠬᠢᠨᠡᠨ᠂ ᠰᠡᠳᠬᠢᠯ ᠪᠠᠶᠠᠰᠬᠠᠨ ᠤᠷᠮ᠎ᠡ ᠵᠢ ᠰᠡᠷᠭᠦᠭᠡᠨ᠎ᠡ᠃ ᠡᠨᠡ ᠦᠶ᠎ᠡ᠎ᠳᠤ ᠭᠦᠴᠸᠩ ᠲᠣᠰᠭᠣᠨ ᠴᠡᠴᠡᠭᠡᠰ᠎ᠦᠨ ᠶᠢᠷᠲᠢᠨᠴᠦ᠍ ᠪᠣᠯᠵᠣ᠂ ᠮᠠᠰᠢ ᠣᠯᠠᠨ ᠬᠡᠷᠡᠯ ᠵᠢᠷᠤᠭ᠎ᠤᠨ ᠪᠠᠬᠠᠲᠠᠳ᠂ ᠵᠢᠭᠤᠯᠴᠢᠯᠠᠭᠴᠢᠳ᠎ᠤᠨ ᠪᠠᠬᠠᠷᠬᠠᠯ᠎ᠢ ᠲᠠᠲᠠᠳᠠᠭ᠃

ᠬᠤᠷ᠎ᠠ ᠤᠰᠤ ᠵᠢᠨ ᠴᠠᠭ ᠤᠯᠠᠷᠢᠯ᠎ᠤᠨ ᠦᠶ᠎ᠡ᠎ᠳᠤ ᠬᠥᠬᠡᠬᠣᠲᠠ ᠵᠢᠨ ᠵᠡᠭᠡᠯᠢ ᠭᠤᠳᠤᠮᠵᠢ ᠪᠡᠷ ᠲᠤᠭᠤᠷ᠎ᠤᠨ ᠴᠡᠴᠡᠭ᠎ᠪᠠᠳᠠᠷᠠᠨ ᠳᠡᠯᠭᠡᠷᠡᠭᠡᠳ ᠬᠠᠷᠠᠭ᠎ᠠ ᠪᠠᠶᠠᠰᠬᠠᠨ᠎ᠠ᠃ ᠲᠤᠭᠤᠷ᠎ᠤᠨ ᠣᠢ᠂ ᠭᠦᠢᠯᠡᠰᠦᠨ ᠣᠢ ᠲᠣᠭᠠᠯᠠᠰᠢ ᠦᠭᠡᠢ ᠣᠯᠠᠨ ᠪᠠᠢᠵᠤ᠂ ᠦᠪᠡᠷ ᠦᠪᠡᠷ᠎ᠤᠨ ᠦᠩᠭᠡ ᠦᠵᠡᠮᠵᠢ ᠪᠠᠨ ᠭᠠᠢᠬᠠᠭᠤᠯᠤᠨ᠎ᠠ᠂ ᠭᠦᠩᠵᠦ᠍᠎ᠶ᠋ᠢᠨ ᠣᠷᠳᠣᠨ᠎ᠤ ᠴᠡᠴᠡᠷᠯᠢᠭ᠎ᠤᠨ ᠲᠤᠭᠤᠷ᠎ᠤᠨ ᠴᠡᠴᠡᠭ᠂ ᠮᠠᠨᠳᠤᠬᠠᠢ ᠴᠡᠴᠡᠷᠯᠢᠭ᠎ᠤᠨ ᠲᠤᠭᠤᠷ᠎ᠤᠨ ᠴᠡᠴᠡᠭ᠂ ᠬᠥᠬᠡᠬᠣᠲᠠ ᠴᠡᠴᠡᠷᠯᠢᠭ᠎ᠤᠨ ᠲᠤᠭᠤᠷ᠎ᠤᠨ ᠴᠡᠴᠡᠭ᠂ ᠥᠪᠥᠷ ᠮᠣᠩᠭᠣᠯ᠎ᠤᠨ ᠪᠠᠭ᠍ᠰᠢ᠎ᠶ᠋ᠢᠨ ᠶᠡᠬᠡ ᠰᠤᠷᠭᠠᠭᠤᠯᠢ (ᠱᠧᠩ ᠯᠧ ᠰᠤᠷᠭᠠᠭᠤᠯᠢ᠎ᠶ᠋ᠢᠨ ᠲᠣᠭᠣᠷᠢᠭ) ᠎ᠶ᠋ᠢᠨ ᠲᠤᠭᠤᠷ᠎ᠤᠨ ᠴᠡᠴᠡᠭ᠂ ᠤᠰᠤᠲᠤ᠎ᠶ᠋ᠢᠨ ᠭᠦᠢᠯᠡᠰᠦᠨ ᠴᠡᠴᠡᠭ ᠁᠎ᠤᠳ ᠮᠦᠴᠡᠭᠡᠷᠭᠡᠨ ᠳᠡᠯᠭᠡᠷᠡᠨ᠎ᠡ᠃ ᠲᠤᠭᠤᠷ᠎ᠤᠨ ᠴᠡᠴᠡᠭ᠂ ᠭᠦᠢᠯᠡᠰᠦᠨ ᠴᠡᠴᠡᠭ᠎ᠤᠨ ᠮᠢᠷᠠᠯᠵᠠᠭᠠᠨ᠎ᠳᠤ ᠬᠦᠮᠦᠰ ᠨᠠᠭᠠᠳᠤᠨ ᠵᠤᠭᠠᠯᠠᠨ᠎ᠠ᠂ ᠭᠡᠷᠡᠯ ᠵᠢᠷᠤᠭ ᠰᠡᠭᠦᠳᠡᠷᠯᠡᠨ᠎ᠡ᠂ ᠬᠡᠭᠡᠷ᠎ᠡ ᠬᠣᠭᠣᠯᠠᠯᠠᠨ᠎ᠡ᠂ ᠵᠢᠷᠤᠭ ᠵᠢᠷᠤᠨ᠎ᠠ᠂ ᠨᠣᠮ ᠤᠩᠱᠢᠨ᠎ᠡ ᠁ ᠬᠦᠮᠦᠰ ᠢᠩᠬᠢᠵᠦ ᠬᠠᠪᠤᠷ᠎ᠤᠨ ᠬᠠᠮᠤᠭ᠎ᠤᠨ ᠭᠤᠶᠤ ᠠᠮᠢᠯᠠᠯ ᠬᠥᠭ᠌ᠵᠢᠯ᠎ᠳᠤ ᠵᠢᠷᠭᠠᠨ ᠰᠤᠭᠲᠤᠭᠤᠷᠠᠵᠠᠭᠠᠨ᠎ᠠ᠃

《ᠵᠠᠩ ᠦᠢᠯᠡ ᠪᠣᠯ ᠤᠳᠠᠭᠠᠨ ᠡᠳᠦᠷ ᠵᠤᠵᠠᠭᠠᠨ ᠬᠣᠨᠣᠭ ᠲᠦ᠍ ᠠᠶᠠᠠᠳᠠᠭᠠᠨ ᠪᠦᠷᠢᠯᠳᠦᠭ᠌ᠰᠡᠨ ᠪᠠᠢᠳᠠᠭ᠃ ᠬᠤᠷ᠎ᠠ ᠤᠰᠤ ᠵᠢᠨ ᠤᠷᠢᠳ ᠬᠤᠵᠢᠳ ᠵᠢᠡᠷ ᠲᠤᠭᠤᠷ᠎ᠤᠨ ᠴᠡᠴᠡᠭ ᠂ ᠭᠦᠢᠯᠡᠰᠦᠨ ᠴᠡᠴᠡᠭ ᠰᠣᠨᠢᠷᠬᠠᠬᠤ ᠨᠢ ᠬᠥᠬᠡᠬᠣᠲᠠ᠎ᠶ᠋ᠢᠨ ᠬᠥᠮᠦᠰ᠎ᠦᠨ ᠰᠡᠯᠡᠭᠦᠦ ᠦᠶ᠎ᠡ᠎ᠶ᠋ᠢᠨ ᠬᠠᠮᠤᠭ᠎ᠤᠨ ᠴᠢᠬᠤᠯᠠ ᠵᠤᠭ᠎ᠠ ᠴᠡᠩᠭᠡᠯ ᠪᠣᠯᠵᠠᠶ》ᠭᠡᠵᠦ᠍ ᠬᠥᠬᠡᠬᠣᠲᠠ᠎ᠶ᠋ᠢᠨ ᠱᠢᠨ᠎ᠡ ᠬᠤᠳᠠ ᠲᠣᠭᠣᠷᠢᠭ᠎ᠤᠨ ᠵᠣᠬᠢᠶᠠᠯᠴᠢᠳ᠎ᠤᠨ ᠡᠪᠯᠡᠯ᠎ᠦᠨ ᠵᠥᠪᠯᠡᠭ᠌ᠴᠢ ᠭᠤᠤ᠎ᠶ᠋ᠢᠨ ᠬᠦᠢ ᠶᠠᠷᠢᠨ᠎ᠠ᠃

ᠰᠡᠳᠬᠢᠯ ᠰᠠᠨᠠᠭ᠎ᠠ ᠪᠡᠨ ᠲᠠᠢᠪᠤᠩ ᠪᠠᠢᠯᠭᠠᠵᠤ ᠠᠭᠤᠷ ᠤᠴᠠᠭᠠᠷ ᠵᠢᠠᠨ ᠲᠠᠷᠤᠨ᠎ᠠ

ᠲᠩᠷᠢ ᠭᠠᠵᠠᠷ ᠪᠤᠯ ᠶᠡᠬᠡ ᠣᠷᠴᠢᠯᠠᠩ᠂ ᠬᠥᠮᠦᠨ᠎ᠦ ᠪᠡᠶ᠎ᠡ᠎ᠪᠤᠯ ᠵᠢᠵᠢᠭ ᠣᠷᠴᠢᠯᠠᠩ ᠪᠤᠯᠬᠤ ᠶᠤᠮ᠃

ᠵᠠᠭᠤ ᠮᠢᠩᠭᠠᠨ ᠵᠢᠯ᠎ᠦᠨ ᠲᠤᠷᠰᠢ ᠡᠬᠡ ᠪᠠᠢᠭᠠᠯᠢ᠎ᠯᠤᠭ᠎ᠠ ᠡᠶ᠎ᠡ ᠵᠣᠬᠢᠴᠠᠩᠭᠤᠢ᠎ᠬᠠᠮᠲᠤ ᠣᠷᠣᠱᠢᠬᠤ ᠶᠠᠪᠤᠴᠠ᠎ᠳᠤ ᠡᠷᠲᠡᠨ᠎ᠦ ᠬᠥᠮᠦᠰ ᠲᠦᠷᠪᠡᠨ ᠤᠯᠠᠷᠢᠯ᠎ᠤᠨ ᠠᠭᠤᠷ ᠠᠮᠢᠰᠭᠤᠯ᠎ᠤᠨ ᠬᠤᠪᠢᠷᠠᠯᠲᠠ ᠪᠣᠯᠤᠨ ᠬᠥᠮᠦᠨ᠎ᠦ ᠪᠡᠶ᠎ᠡ ᠤᠶᠤᠨ ᠰᠠᠨᠠᠭᠠᠨ᠎ᠤ ᠬᠦᠳᠡᠯᠭᠡᠭᠡᠨ᠎ᠳᠤ ᠦᠵᠡᠭᠦᠯᠬᠦ ᠨᠥᠯᠥᠭᠡ᠎ᠶ᠋ᠢ ᠳ᠋ᠦᠩᠨᠡᠨ ᠭᠠᠷᠭᠠᠪᠠ᠃ 《ᠬᠤᠸᠠᠩᠳᠢ᠎ᠶ᠋ᠢᠨ ᠳᠣᠲᠣᠭᠠᠳᠤ ᠰᠤᠳᠤᠷ᠎ᠤᠨ ᠦᠨᠳᠦᠰᠦᠨ ᠠᠰᠠᠭᠤᠯᠲᠠ ᠱᠢᠭᠤᠳ ᠲᠠᠢᠯᠪᠤᠷᠢ》᠎ᠳ᠋ᠦ᠂ ᠳᠥᠷᠪᠡᠨ ᠤᠯᠠᠷᠢᠯ ᠵᠢᠪᠬᠤᠭ᠎ᠠ ᠲᠠᠮᠢᠷ᠎ᠢ ᠵᠤᠬᠢᠴᠠᠭᠤᠯᠤᠨ᠎ᠠ᠂ ᠬᠠᠪᠤᠷ᠂ ᠵᠤᠨ᠂ ᠨᠠᠮᠤᠷ᠂ ᠡᠪᠦᠯ ᠳᠥᠷᠪᠡᠨ ᠤᠯᠠᠷᠢᠯ᠎ᠢ ᠳᠠᠭᠠᠵᠤ ᠡᠯᠢᠭᠡ᠂ ᠵᠢᠷᠦᠬᠡ᠂ ᠳᠡᠯᠢᠭᠦᠦ᠂ ᠠᠭᠤᠰᠭᠢ᠂ ᠪᠥᠭᠡᠷ᠎ᠡ ᠲᠠᠪᠤᠨ ᠴᠤᠯᠤ᠎ᠶ᠋ᠢᠨ ᠪᠠᠢᠳᠠᠯ᠎ᠢ ᠳᠤᠬᠢᠷᠠᠭᠤᠯᠳᠠᠭ ᠭᠡᠵᠦ ᠪᠤᠢ᠃

ᠥᠪᠥᠷ ᠮᠣᠩᠭᠣᠯ᠎ᠤᠨ ᠱᠢᠮ᠎ᠡ ᠲᠡᠵᠢᠭᠡᠯ ᠡᠷᠡᠭᠦᠯ ᠮᠡᠨᠳᠦ᠍᠎ᠶ᠋ᠢᠨ ᠬᠠᠮᠢᠶᠠᠷᠤᠯᠲᠠ᠎ᠶ᠋ᠢᠨ ᠨᠡᠢᠭᠡᠮᠯᠢᠭ᠎ᠦᠨ ᠳᠡᠳ᠋ ᠳᠠᠷᠤᠭ᠎ᠠ᠂ ᠤᠯᠤᠰ᠎ᠤᠨ ᠣᠯᠠᠨ ᠨᠡᠢᠲᠡ᠎ᠶ᠋ᠢᠨ ᠱᠢᠮ᠎ᠡ ᠲᠡᠵᠢᠭᠡᠯ᠎ᠦᠨ ᠮᠡᠷᠭᠡᠵᠢᠯᠲᠡᠨ ᠱᠢᠩ ᠶᠠᠨ ᠴᠦᠨ᠎ᠤ ᠬᠡᠯᠡᠬᠦ᠌᠎ᠪᠡᠷ᠂ 《ᠳᠥᠷᠪᠡᠨ ᠤᠯᠠᠷᠢᠯ》 ᠭᠡᠳᠡᠭ ᠨᠢ ᠳᠠᠷᠤᠶ ᠬᠠᠪᠤᠷ᠂ ᠵᠤᠨ᠂ ᠨᠠᠮᠤᠷ᠂ ᠡᠪᠦᠯ ᠳᠥᠷᠪᠡᠨ ᠤᠯᠠᠷᠢᠯ᠎ᠤᠨ ᠠᠭᠤᠷ ᠠᠮᠢᠰᠭᠤᠯ ᠪᠣᠯᠤᠨ᠎ᠠ; 《ᠵᠢᠪᠬᠤᠭ᠎ᠠ》 ᠭᠡᠳᠡᠭ ᠨᠢ ᠬᠥᠮᠦᠰ᠎ᠦᠨ ᠤᠶᠤᠨ ᠰᠠᠨᠠᠭ᠎ᠠ ᠵᠣᠷᠢᠭ ᠰᠠᠨᠠᠭ᠎ᠠ᠎ᠶ᠋ᠢ ᠵᠢᠭᠠᠵᠤ ᠪᠠᠢᠨ᠎ᠠ᠃ ᠳᠥᠷᠪᠡᠨ ᠤᠯᠠᠷᠢᠯ᠎ᠤᠨ ᠠᠭᠤᠷ ᠠᠮᠢᠰᠭᠤᠯ᠎ᠤᠨ ᠬᠤᠪᠢᠷᠠᠯᠲᠠ ᠪᠣᠯ ᠭᠠᠳᠠᠭᠠᠳᠤ ᠣᠷᠴᠢᠨ ᠲᠣᠭᠣᠷᠢᠨ᠎ᠤ ᠭᠤᠤᠯ ᠲᠠᠯ᠎ᠠ ᠪᠣᠯᠤᠨ᠎ᠠ; ᠣᠶᠤᠨ ᠰᠠᠨᠠᠭᠠᠨ᠎ᠤ ᠬᠥᠳᠡᠯᠭᠡᠭᠡᠨ ᠪᠣᠯ ᠬᠥᠮᠦᠨ᠎ᠦ ᠪᠡᠶ᠎ᠡ ᠵᠢᠨ ᠳᠣᠲᠣᠷ ᠴᠤᠯᠤ ᠬᠡᠢ᠎ᠶ᠋ᠢᠨ ᠬᠥᠳᠡᠯᠭᠡᠭᠡᠨ᠎ᠦ ᠵᠠᠬᠢᠷᠤᠭᠴᠢ ᠮᠥᠨ᠂ ᠵᠥᠪᠬᠡᠨ ᠳᠣᠲᠣᠷ ᠴᠤᠯᠤ ᠬᠡᠢ ᠪᠣᠯᠤᠨ ᠭᠠᠳᠠᠭᠠᠳᠤ ᠣᠷᠴᠢᠨ᠎ᠢ ᠨᠢᠭᠡᠳᠦᠯᠲᠡᠶ ᠵᠣᠬᠢᠴᠠᠭᠤᠯᠪᠠᠯ ᠰᠠᠶᠢ ᠪᠡᠶ᠎ᠡ ᠮᠠᠬᠠᠪᠣᠳ᠎ᠤᠨ ᠡᠷᠡᠭᠦᠯ ᠮᠡᠨᠳᠦ ᠵᠢ ᠪᠠᠲᠤᠯᠠᠵᠤ ᠴᠢᠳᠠᠨ᠎ᠠ ᠭᠡᠨ᠎ᠡ᠃

《ᠬᠤᠷ᠎ᠠ ᠤᠰᠤ ᠵᠢᠨ ᠳᠠᠷᠠᠭ᠎ᠠ ᠬᠤᠷ᠎ᠠ ᠲᠤᠨᠳᠠᠰᠤ ᠨᠡᠮᠡᠭ᠌ᠳᠡᠵᠦ᠍᠂ ᠠᠭᠠᠷ᠎ᠤᠨ ᠴᠢᠭᠢᠭ᠎ᠦᠨ ᠬᠡᠮᠵᠢᠶ᠎ᠡ ᠠᠭᠠᠵᠢᠮ᠎ᠢᠶᠠᠷ ᠨᠡᠮᠡᠭ᠌ᠳᠡᠨ᠎ᠡ᠂〈ᠬᠤᠸᠠᠩᠳᠢ᠎ᠶ᠋ᠢᠨ ᠲᠤᠳᠤᠭᠠᠳᠤ ᠰᠤᠳᠤᠷ〉᠎ᠢ᠋ ᠦᠨᠳᠦᠰᠦᠯᠡᠪᠡᠯ᠂ ᠡᠨᠡ ᠦᠶ᠎ᠡ᠎ᠳᠦ ᠪᠡᠶ᠎ᠡ ᠰᠤᠪᠢᠯᠠᠬᠤ᠎ᠳᠤ ᠭᠤᠤᠯᠳᠠᠭᠤ ᠬᠠᠯᠠᠭᠤᠨ ᠭᠦᠢᠲᠡᠨ ᠵᠢᠡᠨ ᠲᠡᠭᠰᠢᠯᠡᠨ᠂ ᠡᠯᠢᠭᠡ᠎ᠪᠠᠨ ᠲᠦᠯᠵᠢᠭᠦᠯᠵᠦ᠂ ᠳᠡᠯᠢᠭᠦᠦ᠍᠎ᠪᠠᠨ ᠲᠡᠮᠢᠷᠵᠢᠭᠤᠯᠤᠨ᠎ᠠ᠃ ᠡᠭᠦᠨ᠎ᠦ ᠬᠠᠮᠲᠤ ᠬᠠᠪᠤᠷ ᠎ᠤᠨ ᠤᠯᠠᠷᠢᠯ ᠳ᠋ᠦ ᠴᠡᠴᠡᠭ᠎ᠦᠨ ᠲᠣᠭᠣᠰᠣ ᠪᠣᠯᠤᠨ ᠤᠩᠭᠠᠷᠢᠯ ᠬᠡᠢᠰᠭᠦ᠎ᠪᠤᠯᠬᠤᠷ ᠬᠠᠷᠰᠢᠬᠤ ᠡᠴᠡ ᠰᠡᠷᠭᠡᠢᠯᠡᠬᠦ᠌ ᠬᠡᠷᠡᠭ᠌ᠲᠡᠶ》 ᠭᠡᠵᠦ᠍ ᠱᠢᠩ ᠶᠠᠨ ᠴᠦᠨ ᠬᠡᠯᠡᠵᠦ ᠪᠠᠢᠯ᠎ᠠ᠃

ᠱᠢᠩ ᠶᠠᠨ ᠴᠦᠨ᠎ᠦ ᠦᠵᠡᠬᠦ᠌᠎ᠪᠡᠷ᠂ ᠬᠤᠷ᠎ᠠ ᠤᠰᠤ ᠵᠢᠨ ᠦᠶᠡᠰ ᠪᠡᠶ᠎ᠡ ᠰᠤᠪᠢᠯᠠᠬᠤ᠎ᠳᠤ ᠣᠶᠤᠨ ᠰᠠᠨᠠᠭ᠎ᠠ ᠪᠠᠨ ᠳᠤᠬᠢᠷᠠᠭᠤᠯᠤᠨ ᠰᠤᠪᠢᠯᠠᠬᠤ᠂ ᠤᠨᠲᠠᠵᠤ ᠠᠮᠠᠷᠠᠬᠤ ᠪᠠᠨ ᠳᠤᠬᠢᠷᠠᠭᠤᠯᠤᠨ ᠰᠤᠪᠢᠯᠠᠬᠤ᠂ ᠢᠳᠡᠭᠡᠨ ᠤᠮᠳᠠᠭᠠᠨ ᠵᠢᠡᠨ ᠳᠤᠬᠢᠷᠠᠭᠤᠯᠤᠨ ᠰᠤᠪᠢᠯᠠᠬᠤ ᠵᠡᠷᠭᠡ ᠭᠤᠷᠪᠠᠨ ᠲᠠᠯ᠎ᠠ᠎ᠪᠡᠷ ᠭᠠᠷᠳᠠᠵᠤ ᠬᠢᠪᠡᠯ ᠵᠤᠬᠢᠨ᠎ᠠ ᠭᠡᠨ᠎ᠡ᠃

ᠲᠡᠭᠦᠨ᠎ᠤ ᠬᠡᠯᠡᠭᠦ ᠪᠡᠷ᠂ ᠬᠠᠪᠤᠷ᠎ᠤᠨ ᠤᠯᠠᠷᠢᠯ ᠪᠤᠯ ᠲᠠᠪᠤᠨ ᠮᠠᠬᠠᠪᠤᠳ᠎ᠤᠨ ᠮᠣᠳᠣᠨ᠎ᠳᠤ ᠬᠠᠷᠢᠶᠠᠯᠠᠭᠳᠠᠵᠤ᠂ ᠡᠯᠢᠭᠡ᠎ᠲᠡᠶ ᠲᠣᠬᠢᠷᠠᠯᠴᠠᠨ᠎ᠠ᠃ ᠡᠢᠮᠦ᠍᠎ᠡᠴᠡ ᠬᠠᠪᠤᠷ ᠪᠡᠶ᠎ᠡ ᠰᠤᠪᠢᠯᠠᠬᠤ᠎ᠳᠤ ᠠᠭᠤᠷᠯᠠᠵᠤ ᠬᠢᠯᠢᠩᠨᠡᠬᠦ᠌᠎ᠶ᠋ᠢ ᠴᠡᠭᠡᠷᠯᠡᠬᠦ᠌᠎ᠪᠡᠷ ᠪᠠᠷᠠᠬᠤ ᠥᠬᠡᠶ᠂ ᠨᠠᠩ ᠴᠤ᠌ ᠰᠡᠳᠭᠢᠯ ᠰᠠᠨᠠᠭ᠎ᠠ ᠪᠤᠬᠢᠨᠢᠳᠤᠬᠤ᠎ᠶ᠋ᠢ ᠴᠡᠭᠡᠷᠯᠡᠨ᠎ᠡ᠂ ᠰᠡᠳᠭᠢᠯ ᠰᠠᠨᠠᠭ᠎ᠠ ᠠᠭᠤᠵᠢᠭᠤ ᠲᠠᠯᠪᠢᠭᠤ᠂ ᠪᠠᠶᠠᠰᠤᠩᠭᠤᠶ ᠪᠠᠢᠵᠤ᠂ ᠦᠷᠭᠦᠯᠵᠢ ᠬᠡᠭᠡᠷ᠎ᠡ ᠭᠠᠳᠠᠭ᠎ᠠ ᠶᠠᠪᠤᠵᠤ᠂ ᠰᠡᠳᠬᠢᠯ ᠰᠠᠨᠠᠭ᠎ᠠ ᠪᠠᠨ ᠠᠮᠤᠷᠵᠢᠭᠤᠯᠪᠠᠯ ᠰᠠᠢᠨ᠂ ᠥᠪᠡᠷ᠎ᠦᠨ ᠣᠶᠤᠨ ᠰᠠᠨᠠᠭ᠎ᠠ ᠤᠷᠮ᠎ᠠ ᠰᠡᠳᠬᠢᠯ ᠵᠢᠡᠨ ᠬᠠᠪᠤᠷ᠎ᠤᠨ ᠤᠯᠠᠷᠢᠯ᠎ᠤᠨ ᠡᠬᠡ ᠪᠠᠢᠭᠠᠯᠢ᠎ᠲᠠᠶ ᠵᠣᠬᠢᠴᠠᠭᠤᠯᠵᠤ᠂ ᠤᠷᠮ᠎ᠠ ᠵᠤᠷᠢᠬ ᠵᠢᠡᠨ ᠳᠠᠢᠴᠢᠯᠠᠨ᠂ ᠴᠤᠭ ᠵᠢᠪᠬᠤᠭ᠎ᠠ ᠲᠠᠢ ᠪᠠᠢᠪᠠᠯ ᠰᠠᠢᠨ ᠭᠡᠨ᠎ᠡ᠃

ᠤᠨᠲᠠᠵᠤ ᠠᠮᠠᠷᠠᠬᠤ ᠲᠠᠯ᠎ᠠ᠎ᠪᠠᠷ᠂ ᠡᠷᠲᠡ ᠤᠨᠲᠠᠵᠤ ᠡᠷᠲᠡ ᠪᠣᠰᠤᠨ᠎ᠠ᠂ ᠵᠠᠯᠬᠠᠭᠤᠷᠠᠨ ᠤᠨᠲᠠᠬᠤ ᠵᠢ ᠲᠠᠪᠴᠢᠨ᠎ᠡ; ᠬᠠᠪᠤᠷ᠎ᠤᠨ ᠲᠡᠭᠷᠢ ᠬᠠᠭᠠᠰ ᠲᠠᠢ ᠬᠤᠭᠤᠰ ᠲᠠᠢ ᠬᠡᠳᠡᠭ ᠵᠢᠡᠷ᠂ ᠭᠡᠨᠡᠳᠲᠡ ᠳᠤᠯᠠᠭᠠᠷᠠᠵᠤ ᠭᠡᠨᠡᠳᠲᠡ ᠬᠦᠢᠲᠡᠷᠡᠬᠦ ᠪᠠᠢᠳᠠᠯ ᠭᠠᠷᠳᠠᠭ᠂ ᠬᠠᠪᠤᠷ᠎ᠤᠨ ᠤᠯᠠᠷᠢᠯ᠎ᠠᠴᠠ ᠡᠬᠢᠯᠡᠨ ᠬᠥᠮᠦᠨ᠎ᠦ ᠪᠡᠶ᠎ᠡ᠎ᠶ᠋ᠢᠨ ᠮᠢᠬᠠᠨ ᠰᠢᠷᠬᠡᠭ ᠨᠢ ᠰᠤᠯᠠᠷᠠᠵᠤ᠂ ᠬᠦᠶ᠋ᠲᠡᠨ᠎ᠢ ᠡᠰᠡᠷᠭᠦᠴᠡᠬᠦ᠌ ᠴᠢᠳᠠᠪᠤᠷᠢ ᠨᠢ ᠪᠠᠭᠤᠷᠠᠳᠠᠭ᠃ ᠡᠢᠮᠦ᠍᠎ᠡᠴᠡ᠂ ᠬᠠᠪᠤᠷ᠎ᠤᠨ ᠤᠯᠠᠷᠢᠯ᠎ᠳᠤ ᠬᠥᠪᠥᠩ ᠬᠤᠪᠴᠠᠰᠤ᠎ᠪᠠᠨ ᠡᠷᠲᠡ ᠲᠠᠢᠯᠵᠤ ᠪᠣᠯᠬᠤ ᠥᠬᠡᠶ᠂ ᠣᠨᠴᠠᠭᠠᠢᠯᠠᠨ ᠨᠠᠰᠤ ᠠᠭᠢᠭᠰᠠᠨ ᠪᠡᠶ᠎ᠡ ᠳᠤᠷᠤᠢ ᠬᠥᠮᠦᠰ ᠡᠪᠦᠯ᠎ᠦᠨ ᠬᠤᠪᠴᠠᠰᠤ᠎ᠪᠠᠨ ᠲᠠᠢᠯᠬᠤ᠎ᠳᠤ ᠣᠨᠴᠠᠭᠠᠢᠯᠠᠨ ᠪᠣᠯᠭᠣᠮᠵᠢᠯᠠᠬᠤ ᠬᠡᠷᠡᠭ᠌ᠲᠡᠶ᠂ ᠨᠢᠭᠡ ᠯᠡ ᠳᠡᠭᠡᠷ᠎ᠡ ᠨᠢᠮᠬᠡᠯᠡᠵᠦ ᠪᠣᠯᠬᠤ ᠥᠬᠡᠶ᠃

ᠬᠠᠪᠤᠷ ᠭᠤᠱᠤᠭᠤᠨ ᠰᠢᠬᠢᠷᠯᠢᠭ ᠠᠮᠲᠠ ᠲᠠᠢ ᠲᠠᠷᠬᠠᠭᠠᠬᠤ ᠦᠢᠯᠡᠳᠦᠯ ᠲᠠᠢ ᠢᠳᠡᠭᠡᠨ ᠢᠳᠡᠪᠡᠯ ᠵᠣᠬᠢᠨ᠎ᠠ᠂ ᠵᠢᠱ᠌ᠢᠶᠡᠯᠡᠪᠡᠯ ᠪᠣᠭᠣᠳᠠᠶ᠂ ᠴᠢᠪᠠᠭ᠎ᠠ᠂ ᠯᠣᠬᠠᠱᠧᠡᠭ᠂ ᠰᠣᠩᠭᠢᠨ᠎ᠠ᠂ ᠦᠨᠦᠷᠲᠦ ᠨᠣᠭᠣᠭ᠎ᠠ ᠵᠡᠷᠭᠡ ᠵᠢ ᠵᠤᠬᠢᠰᠲᠠᠢ ᠢᠳᠡᠵᠦ ᠪᠣᠯᠤᠨ᠎ᠠ᠃ ᠬᠣᠳᠣᠭᠣᠳᠣ ᠳᠡᠯᠢᠭᠦᠦ᠍᠎ᠶ᠋ᠢ ᠭᠡᠮᠲᠦᠭᠡᠬᠦ᠌᠎ᠡᠴᠡ ᠵᠠᠢᠯᠠᠰᠭᠢᠬᠦ ᠵᠢᠨ ᠲᠦᠯᠦᠭᠡ ᠲᠦᠭᠦᠬᠡᠢ ᠬᠦᠶ᠋ᠲᠡᠨ ᠨᠠᠩᠬᠢ ᠢᠳᠡᠭᠡᠨ᠎ᠢ ᠪᠠᠭ᠎ᠠ ᠢᠳᠡᠪᠡᠯ ᠵᠤᠬᠢᠨ᠎ᠠ᠂᠃


QQ截图20220427093851.png


ᠳᠤᠭᠤᠷ᠎ᠤᠨ ᠴᠡᠴᠡᠭ ᠮᠢᠷᠠᠯᠵᠠᠨ ᠳᠡᠯᠬᠡᠷᠡᠨ᠎ᠡ

ᠰᠤᠷᠪᠤᠯᠵᠢᠯᠠᠭ᠍ᠴᠢ ᠴᠸᠩ ᠶᠢᠩ ᠵᠢᠶᠦᠢ᠍ᠨ ᠰᠡᠭᠦᠳᠡᠷᠯᠡᠪᠡ


QQ截图20220427094002.png

ᠤᠰᠤᠲᠤ ᠶ᠋ᠢᠨ ᠭᠦᠢᠯᠡᠰᠦᠨ ᠣᠶ

ᠰᠤᠷᠪᠤᠯᠵᠢᠯᠠᠭ᠍ᠴᠢ ᠸᠠᠩ ᠯᠸᠢ ᠰᠡᠭᠦᠳᠡᠷᠯᠡᠪᠡ

  • ᠨᠠᠢᠷᠠᠭᠤᠯᠤᠭ᠍ᠴᠢ᠄

  • ᠨᠡᠪᠲᠡᠷᠡᠭᠦᠯᠦᠭᠴᠢ᠄

  • ᠮᠡᠷᠭᠡᠵᠢᠯ᠄

ᠨᠠᠢᠷᠠᠭᠤᠯᠤᠭ᠍ᠴᠢ᠄ ᠤᠶᠤᠨᠲᠠᠨ᠎ᠠ

ᠣᠷᠴᠢᠭᠤᠯᠤᠭ᠍ᠴᠢ᠄

ᠢᠷᠡᠯᠲᠡ᠄ ᠳᠤᠮᠳᠠᠳᠤ ᠤᠯᠤᠰ᠎ᠤ᠋ᠨ ᠮᠣᠩᠭᠣᠯ ᠬᠡᠯᠡᠨ᠎ᠦ᠌ ᠰᠣᠨᠢᠨ ᠮᠡᠳᠡᠭᠡ᠎ᠶ᠋ᠢᠨ ᠰᠦᠯᠵᠢᠶ᠎ᠡ
兼容浏览器的HTML页面