24ᠴᠠᠭ ᠤᠯᠠᠷᠢᠯ > ᠲᠠᠷᠢᠶᠠᠯᠠᠩ᠎ᠤ᠋ᠨ ᠬᠤᠷ᠎ᠠ

2023-04-20 16:47:54

ᠵᠣᠬᠢᠶᠠᠭ᠍ᠴᠢ᠄ ᠣᠩᠱᠢᠭ᠍ᠰᠠᠨ ᠣᠳᠠᠭ᠎ᠠ᠄ 3


1.1.png


1.2.png


ᠴᠡᠩᠭᠡᠷ ᠤ᠋ᠨ ᠴᠡᠩᠭᠡᠷ ᠡᠴᠡ ᠲᠠᠰᠤᠷᠠᠬᠤ

ᠴᠡᠴᠡᠭᠡᠰ ᠤ᠋ᠨ ᠤᠷᠤᠭᠤᠯ ᠲᠡᠭᠡᠷ᠎ᠡ ᠪᠤᠳᠤᠭ ᠲᠦᠷᠬᠢᠭᠴᠢ ᠨᠢ

ᠪᠤᠷᠤᠭ᠎ᠠ


ᠠᠷᠪᠠᠨ ᠨᠠᠢ᠍ᠮᠠᠨ ᠨᠠᠰᠤ ᠠᠬᠢᠭᠠᠳ ᠲᠡᠯᠭᠡᠷᠡᠨ᠎ᠡ

ᠠᠮᠠᠷᠠᠭ ᠤ᠋ᠨ ᠤᠷᠤᠭᠤᠯ ᠡᠴᠡ ᠪᠠᠯ ᠲᠤᠯᠢᠶᠠᠬᠤ ᠳ᠋ᠤ᠌

ᠪᠤᠷᠤᠭ᠎ᠠ ᠯᠡ ᠦᠨᠦᠷᠳᠦᠨ᠎ᠡ

ᠨᠠᠮᠵᠢᠭᠤᠨ ᠰᠦᠨᠢ ᠶ᠋ᠢᠨ ᠪᠤᠷᠤᠭ᠎ᠠ

ᠨᠠᠪᠴᠢᠨ ᠎ᠤ ᠰᠤᠨᠤᠷ ᠲᠤ᠌ ᠲᠡᠯᠭᠡᠷᠡᠬᠦ

ᠡᠭᠦᠯᠡᠰ ᠤ᠋ᠨ ᠭᠤᠨᠢᠭ᠋


ᠴᠢᠮ᠎ᠡ ᠶ᠋ᠢ ᠰᠠᠨᠠᠭᠰᠠᠨ ᠴᠡᠩᠬᠡᠷᠬᠡᠨ ᠦᠳᠡᠰᠢ ᠶ᠋ᠢᠨ ᠪᠤᠷᠤᠭ᠎ᠠ

ᠴᠢᠬᠢᠨ ᠰᠤᠨᠤᠷ ᠴᠢᠮᠡᠬᠦ

ᠴᠡᠴᠡᠭᠡᠰ ᠤ᠋ᠨ ᠰᠢᠪᠡᠨᠡᠭᠡ

ᠭᠠᠵᠠᠷ ᠨᠢᠯᠬᠠᠷᠠᠵᠤ ᠡᠪᠡᠰᠤ ᠢᠨᠢᠶᠡᠮᠰᠦᠭᠯᠡᠬᠦ ᠳ᠋ᠤ᠌

ᠴᠢᠯᠠᠭᠤ ᠴᠡᠴᠡᠭᠯᠡᠨ᠎ᠡ

ᠪᠤᠷᠤᠭ᠎ᠠ

ᠵᠤᠨ ᠎ᠤ ᠪᠤᠷᠤᠭ᠎ᠠ

ᠵᠢᠷᠤᠭ ᠤ᠋ᠨ ᠪᠠᠭ᠍ᠰᠢ ᠳ᠋ᠤ᠌ ᠪᠤᠳᠤᠭ ᠵᠢᠭᠤᠷᠠᠵᠤ ᠶᠠᠭᠠᠷᠠᠨ᠎ᠠ

ᠴᠤᠬᠤᠮ ᠳ᠋ᠠᠭᠠᠨ ᠶᠠᠭᠤ ᠬᠡᠵᠤ ?

ᠭᠤᠶᠤᠵᠤ ᠭᠤᠶᠤᠵᠤ

ᠭᠤᠶᠤᠯᠠᠯ ᠬᠦᠷᠳᠡᠭᠰᠡᠨ ᠭᠤᠤᠯᠳᠤ ᠪᠤᠷᠤ

ᠪᠤᠷᠤᠭᠠᠨ ᠎ᠤ ᠨᠢᠳᠤ ᠪᠡᠷ ᠢᠨᠢᠶᠡᠨ᠎ᠡ

ᠪᠤᠷᠤ ᠲᠡᠯ ᠲᠠᠢ ᠢᠩᠭᠡ ᠰᠢᠭ ᠡᠭᠦᠯᠡᠨ ᠡᠴᠡ

ᠪᠤᠳᠤᠭᠤᠨ ᠳ᠋ᠠᠭᠠᠨ ᠢᠪᠢᠯᠭᠡᠭᠴᠢ ᠰᠦ ᠪᠤᠯ

ᠪᠤᠷᠤᠭ᠎ᠠ

ᠦᠨᠳᠦᠰᠤᠨ ᠎ᠤ ᠬᠦᠨ ᠤᠷᠤᠭᠤ ᠪᠢᠰᠢᠯᠭᠠᠭ᠍ᠴᠢ

ᠤᠰᠤᠨ ᠎ᠤ ᠬᠦᠨ ᠤᠬᠠᠭᠠᠨ ᠨᠢ

ᠪᠤᠷᠤᠭ᠎ᠠ

ᠭᠠᠵᠠᠷ ᠤ᠋ᠨ ᠢᠯᠴᠢᠨ ᠡᠴᠡ ᠪᠠᠭᠠᠬᠢᠭ᠍ᠰᠠᠨ

ᠲᠡᠭᠷᠢ ᠶ᠋ᠢᠨ ᠬᠦᠯᠤᠰᠤ ᠨᠢ

ᠪᠤᠷᠤᠭ᠎ᠠ

ᠪᠤᠷᠤᠭ᠎ᠠ ᠠᠮᠰᠠᠭᠰᠠᠨ ᠪᠤᠷᠤᠭ ᠡᠪᠡᠰᠦᠨ ᠎ᠤ ᠨᠢᠳᠤᠨ ᠳ᠋ᠤ᠌

ᠤᠷᠴᠢᠯᠠᠩ ᠪᠠᠭᠳᠠᠨ᠎ᠠ

ᠤᠷᠴᠢᠯᠠᠩ ᠤ᠋ᠨ ᠨᠢᠳᠤᠨ ᠳ᠋ᠤ᠌ ᠰᠤᠯᠤᠩᠭᠠᠨ ᠵᠢᠷᠤᠭ ᠬᠠᠷᠠᠭᠳᠠᠨ᠎ᠠ

ᠴᠢᠮ᠎ᠠ ᠶ᠋ᠢ ᠲᠤᠭᠤᠭᠰᠠᠨ

ᠴᠡᠴᠡᠭᠡᠰ ᠤ᠋ᠨ ᠮᠠᠯᠮᠠᠢ ᠲᠡᠭᠡᠷ᠎ᠡ ᠰᠤᠷᠮᠤᠤᠰᠤ ᠰᠢᠭ᠋ ᠲᠡᠪᠢᠭᠴᠢ ᠨᠢ

ᠪᠤᠷᠤᠭ᠎ᠠ

ᠬᠠᠩᠭᠠᠢ ᠦᠮᠦᠯᠵᠡᠭᠦᠯᠦᠭᠰᠡᠨ

ᠪᠤᠷᠤᠭ᠎ᠠ ᠨᠢ

ᠬᠠᠢᠷ᠎ᠠ ᠶ᠋ᠢᠨ ᠰᠢᠯᠦᠭ ᠤ᠋ᠨ ᠦᠨᠦᠷ ᠲᠠᠢ


ᠲᠤᠷᠠᠯᠠᠯ ᠳ᠋ᠠᠭᠠᠨ ᠰᠤᠭᠳᠤᠭᠤᠷᠠᠭ᠍ᠴᠢ ᠵᠤᠨ ᠊ᠣ

ᠲᠤᠷᠠᠰᠤᠮᠵᠢ ᠶ᠋ᠢᠨ ᠦᠯᠢᠭᠡᠷ ᠨᠢ

ᠪᠤᠷᠤᠭ᠎ᠠ

ᠢᠨᠠᠭ ᠤ᠋ᠨ ᠰᠢᠯᠦᠭ ᠤᠩᠰᠢᠬᠤ ᠬᠡᠮᠡᠨ

ᠢᠨᠵᠠᠭᠠᠨ ᠵᠦᠰᠡ

ᠨᠠᠪᠴᠢᠨ ᠎ᠤ ᠰᠤᠨᠤᠷ ᠲᠤ᠌ ᠰᠢᠪᠡᠨᠡᠨ᠎ᠡ

ᠲᠡᠭᠷᠢ ᠶ᠋ᠢᠨ ᠭᠤᠤᠯ ᠦᠶᠡᠷᠯᠡᠵᠤ

ᠬᠡᠯᠬᠢᠶ᠎ᠡ ᠬᠡᠯᠬᠢᠶ᠎ᠡ ᠱ᠌ᠢᠷᠤ ᠪᠤᠳᠠᠷᠠᠨ᠎ᠠ

ᠪᠤᠷᠤᠭ᠎ᠠ ᠁


1.9.png


ᠬᠤᠷᠪᠤᠢᠵᠤ ᠭᠠᠩᠳᠠᠭᠰᠠᠨ

ᠲᠠᠯ᠎ᠠ᠎ᠶᠢᠨ ᠴᠡᠴᠡᠭᠡᠰ

ᠡᠷᠪᠡᠢᠵᠦ ᠰᠡᠷᠪᠡᠢᠵᠦ

ᠬᠠᠪᠤᠷ᠎ᠤᠨ ᠦᠷᠯᠦᠭᠡ

ᠬᠤᠷ᠎ᠠ ᠪᠠᠭᠤᠬᠤ ᠰᠠᠢᠬᠠᠨ

ᠣᠢᠳᠴᠤ ᠭᠤᠨᠳᠠᠭᠰᠠᠨ

ᠬᠦᠮᠦᠨ᠎ᠦ ᠰᠡᠳᠬᠢᠯ

ᠣᠩᠭᠤᠢᠵᠤ ᠴᠤᠩᠭᠤᠢᠵᠦ

ᠬᠠᠪᠤᠷ᠎ᠤᠨ ᠦᠷᠯᠦᠭᠡ

ᠬᠤᠷ᠎ᠠ ᠪᠠᠭᠤᠬᠤ ᠰᠠᠢᠬᠠᠨ

ᠠᠯᠤᠰ ᠴᠠᠭᠠᠨ᠎ᠠ

ᠬᠠᠶᠠ ᠨᠢᠭᠡ

ᠲᠡᠭᠷᠢ ᠳᠤᠤᠭᠠᠷᠴᠤ

ᠠᠯᠲᠠᠨ ᠬᠠᠷᠢᠶᠠᠴᠠᠢ

ᠬᠠᠵᠠᠭᠤ ᠬᠠᠪᠢ᠎ᠪᠠᠷ

ᠭᠢᠯᠪᠢᠭᠡᠨ ᠰᠢᠭ ᠰᠦᠯᠵᠢᠯᠳᠦᠨ

ᠬᠠᠪᠤᠷ᠎ᠤᠨ ᠦᠷᠯᠦᠭᠡ

ᠬᠤᠷ᠎ᠠ ᠪᠠᠭᠤᠬᠤ ᠰᠠᠢᠬᠠᠨ

ᠨᠤᠭᠤᠭᠠᠨ ᠲᠠᠯ᠎ᠠ᠎ᠳᠤ

ᠠᠳᠤᠭᠤ ᠮᠠᠯ

ᠲᠠᠢᠪᠤᠭᠤ ᠢᠳᠡᠰᠢᠯᠡᠵᠦ

ᠨᠤᠢᠲᠠᠨ ᠪᠢᠰᠢᠯᠠᠭ

ᠠᠢᠯ᠎ᠤᠨ ᠭᠡᠷ

ᠲᠠᠪᠠᠭ᠎ᠲᠤ ᠦᠷᠦᠭᠳᠡᠵᠦ

ᠬᠡᠯᠡᠭᠡᠢ ᠣᠭᠣᠷᠠᠭ

ᠮᠣᠩᠭᠣᠯ ᠭᠡᠷ᠎ᠦᠨ

ᠲᠡᠭᠡᠪᠦᠷ᠎ᠲᠦ ᠳᠡᠯᠭᠡᠭᠳᠡᠵᠦ

ᠬᠠᠪᠤᠷ᠎ᠤᠨ ᠦᠷᠯᠦᠭᠡ

ᠬᠤᠷ᠎ᠠ ᠪᠠᠭᠤᠬᠤ ᠰᠠᠢᠬᠠᠨ

ᠴᠡᠴᠡᠭ ᠴᠢᠭᠢᠭ᠎ᠦᠨ

ᠰᠤᠳᠤᠨ ᠦᠨᠦᠷ

ᠬᠠᠮᠠᠷ ᠴᠤᠷᠬᠢᠵᠦ

ᠴᠡᠩᠭᠡᠷ ᠨᠠᠭᠤᠷ᠎ᠤᠨ

ᠭᠠᠯᠠᠭᠤ ᠰᠢᠪᠠᠭᠤᠳ

ᠭᠠᠩᠭᠠᠨᠠᠯᠳᠤᠨ ᠭᠤᠩᠭᠠᠨᠠᠯᠳᠤᠨ

ᠬᠠᠪᠤᠷ᠎ᠤᠨ ᠦᠷᠯᠦᠭᠡ

ᠬᠤᠷ᠎ᠠ ᠪᠠᠭᠤᠬᠤ ᠰᠠᠢᠬᠠᠨ

ᠬᠠᠰᠢᠶ᠎ᠠ ᠬᠦᠷᠢᠶᠡᠨ᠎ᠳᠦ

ᠬᠦᠷᠦᠪᠡᠵᠢᠭᠰᠡᠨ ᠲᠥᠯ᠎ᠤᠳ

ᠳᠡᠭᠳᠡᠨ ᠦᠰᠦᠷᠴᠦ

ᠬᠠᠭᠳᠠ᠎ᠶᠢᠨ ᠳᠤᠤᠷ᠎ᠠ᠎ᠠᠴᠠ

ᠬᠥᠬᠡ ᠨᠤᠭᠤᠭ᠎ᠠ

ᠴᠤᠬᠤᠢᠨ ᠤᠷᠭᠤᠵᠤ

ᠬᠠᠪᠤᠷ᠎ᠤᠨ ᠦᠷᠯᠦᠭᠡ

ᠬᠤᠷ᠎ᠠ ᠪᠠᠭᠤᠬᠤ ᠰᠠᠢᠬᠠᠨ

ᠬᠤᠷᠮᠤᠰᠲᠠ ᠲᠡᠭᠷᠢ᠎ᠡᠴᠡ

ᠷᠠᠰᠢᠶᠠᠨ ᠪᠠᠭᠤᠵᠦ

ᠬᠠᠮᠤᠭ ᠠᠮᠢᠲᠠᠨ᠎ᠤ

ᠠᠮᠢᠨ ᠰᠤᠳᠠᠰᠤᠨ᠎ᠳᠤ

ᠯᠤᠭ᠍ᠰᠢᠨ ᠰᠢᠮᠡᠵᠢᠵᠦ

ᠬᠠᠪᠤᠷ᠎ᠤᠨ ᠦᠷᠯᠦᠭᠡ

ᠬᠤᠷ᠎ᠠ ᠪᠠᠭᠤᠬᠤ ᠰᠠᠢᠬᠠᠨ ᠡ


2.3.png


ᠬᠠᠪᠤᠷ᠎ᠤᠨ ᠨᠠᠷᠠᠨ᠎ᠳᠤ ᠪᠢ ᠴᠡᠭᠴᠡᠦᠬᠡᠢ ᠲᠠᠢ ᠰᠠᠴᠠᠭᠤ ᠵᠢᠷᠬᠢᠳᠡᠭ

ᠬᠠᠮᠤᠭ ᠰᠠᠢᠬᠠᠨ ᠴᠠᠭ ᠢᠷᠡᠵᠦ ᠬᠤᠷ᠎ᠠ ᠤᠰᠤ ᠬᠤᠷᠠᠮᠳᠤᠳᠠᠭ

ᠬᠠᠭᠠᠯᠪᠤᠷᠢᠯᠠᠭᠰᠠᠨ ᠭᠠᠵᠠᠷ᠎ᠲᠤ ᠲᠠᠷᠢᠶᠠᠨ ᠴᠢᠬᠢ ᠪᠦᠷᠢᠳᠦᠨ ᠵᠤᠷᠠᠢᠳᠠᠭ

ᠬᠤᠷᠠᠭ᠎ᠠ ᠢᠰᠢᠭᠡ ᠪᠣᠢᠵᠢᠭᠠᠳ ᠲᠥᠯ᠎ᠦᠨ ᠳᠠᠭᠤᠨ ᠪᠠᠶᠠᠷᠯᠠᠭᠤᠯᠳᠠᠭ

ᠭᠠᠵᠠᠷ᠎ᠤᠨ ᠴᠢᠬᠢᠭ ᠪᠠᠳᠠᠷᠠᠨ ᠰᠣᠨᠢᠨ ᠵᠡᠷᠭᠡᠯᠭᠡᠨ ᠮᠢᠷᠠᠯᠵᠠᠳᠠᠭ

ᠭᠠᠯᠠᠭᠤ ᠰᠢᠪᠠᠭᠤ ᠬᠤᠷᠠᠯᠳᠤᠨ ᠨᠠᠭᠤᠷ᠎ᠤᠨ ᠮᠠᠨᠳᠠᠯ ᠬᠡᠢᠳᠡᠭ



ᠬᠠᠪᠤᠷ᠎ᠤᠨ ᠨᠠᠷᠠᠨ᠎ᠳᠤ ᠪᠢ ᠨᠠᠪᠴᠢ ᠲᠠᠢ ᠰᠠᠴᠠᠭᠤ ᠦᠨᠳᠡᠯᠵᠡᠳᠡᠭ

ᠬᠠᠩᠭᠠᠢ᠎ᠶᠢᠨ ᠮᠠᠨᠠᠨ ᠠᠯᠠᠭᠯᠠᠵᠤ ᠮᠠᠯ᠎ᠤᠨ ᠨᠢᠳᠦ ᠰᠦᠮᠡᠢᠳᠡᠭ

ᠬᠦᠷᠬᠢᠷᠡᠬᠦ ᠴᠣᠩᠭᠢᠶᠠᠯ᠎ᠤᠨ ᠠᠢᠵᠠᠮ᠎ᠢᠶᠠᠷ ᠰᠢᠨ᠎ᠡ ᠨᠣᠭᠤᠭ᠎ᠠ ᠤᠷᠭᠤᠳᠠᠭ

ᠬᠦᠷᠡᠩ ᠲᠣᠯᠣᠭᠠᠳ᠎ᠢᠶᠠᠨ ᠭᠤᠶᠤᠯᠠᠨ ᠠᠯᠳᠠᠨ ᠬᠠᠷᠠᠭᠠᠨ᠎ᠠ ᠴᠡᠴᠡᠭᠯᠡᠳᠡᠭ

ᠬᠦᠩᠭᠡᠨ ᠮᠠᠰᠢᠨ ᠭᠡᠨᠡᠳᠲᠡ ᠳᠠᠪᠬᠢᠵᠤ ᠠᠢᠰᠤᠢ ᠰᠢᠭ᠋ ᠰᠠᠨᠠᠭᠳᠠᠳᠠᠭ

ᠬᠦᠮᠦᠨ᠎ᠦ ᠰᠡᠳᠬᠢᠯ ᠰᠡᠷᠭᠦᠵᠦ ᠠᠳᠠᠯ ᠠᠮᠢᠳᠤᠷᠠᠯ᠎ᠳᠠᠭᠠᠨ ᠶᠠᠭᠠᠷᠠᠳᠠᠭ



ᠬᠠᠪᠤᠷ᠎ᠤᠨ ᠨᠠᠷᠠᠨ᠎ᠳᠤ ᠪᠢ ᠭᠠᠯᠠᠭᠤᠳ ᠲᠠᠢ ᠰᠠᠴᠠᠭᠤ ᠳᠠᠭᠤᠯᠠᠳᠠᠭ

ᠬᠠᠷᠠᠬᠤ᠎ᠠᠴᠠ ᠢᠯᠲᠠᠮ ᠬᠦᠳᠡᠭᠡ ᠵᠢᠷᠦᠬᠡ᠎ᠶᠢ ᠤᠶᠠᠷᠠᠭᠠᠨ ᠭᠡᠷᠡᠯᠲᠦᠳᠡᠭ

ᠬᠣᠩᠭᠤᠷ ᠰᠠᠯᠬᠢᠨ᠎ᠤ ᠰᠡᠪᠡᠯᠵᠡᠭᠡ᠎ᠪᠡᠷ ᠠᠮᠢᠰᠬᠤᠭ᠎ᠠ ᠠᠭᠤᠵᠢᠷᠠᠨ ᠬᠦᠭᠰᠡᠳᠡᠭ

ᠬᠣᠨᠤᠭ᠎ᠤᠨ ᠴᠠᠭᠠᠨ ᠡᠬᠦᠯᠡᠰ᠎ᠡᠴᠡ ᠪᠣᠷᠤᠭ᠎ᠠ ᠰᠢᠪᠡᠷᠡᠵᠦ ᠢᠭᠳᠦᠯᠦᠭᠦᠯᠳᠡᠭ

ᠬᠤᠷᠠᠮᠳᠤᠨ ᠢᠷᠡᠭᠰᠡᠨ ᠵᠦᠭ᠎ᠡᠴᠡ ᠨᠢ ᠮᠦᠷᠦᠭᠡᠳᠦᠯ᠎ᠦᠨ ᠠᠶᠠᠯᠭᠤ ᠨᠠᠭᠠᠰᠢᠯᠠᠳᠠᠭ

ᠬᠤᠷᠸ᠎ᠠ᠎ᠳᠤ ᠠᠭᠤᠯᠵᠠᠭ᠎ᠠ ᠬᠠᠨᠢ᠎ᠶᠢᠨ ᠰᠢᠪᠡᠨᠡᠭᠡ ᠴᠢᠬᠢᠨ᠎ᠳᠦ ᠤᠳᠠᠲᠠᠯ᠎ᠠ ᠬᠠᠩᠭᠢᠨᠠᠳᠠᠭ



ᠬᠠᠪᠤᠷ᠎ᠤᠨ ᠨᠠᠷᠠᠨ᠎ᠳᠤ ᠪᠢ ᠰᠣᠯᠤᠩᠭ᠎ᠠ᠎ᠶᠢ ᠬᠠᠷᠠᠨ ᠲᠠᠢᠳᠬᠤᠷᠠᠳᠠᠭ

ᠬᠣᠷᠭᠤᠢ ᠨᠣᠭᠤᠭᠠᠨ ᠲᠠᠯ᠎ᠠ᠎ᠳᠤ ᠴᠠᠭᠠᠨ ᠭᠡᠷ᠎ᠦᠳ ᠵᠢᠭᠳᠡᠷᠡᠳᠡᠭ

ᠬᠦᠬᠡᠮᠳᠦᠭ ᠠᠰᠬ᠎ᠠ ᠬᠠᠯᠢᠯ᠎ᠳᠤ ᠴᠡᠩᠭᠡᠷ ᠲᠠᠭᠲᠠᠭ᠎ᠠ ᠡᠭᠦᠷᠯᠡᠳᠡᠭ

ᠬᠦᠨᠳᠡᠢ ᠴᠢᠮᠡᠭᠰᠡᠨ ᠠᠢᠯ᠎ᠠᠴᠠ ᠴᠠᠢ᠎ᠶᠢᠨ ᠦᠨᠦᠷ ᠬᠠᠩᠬᠤᠯᠳᠠᠭ

ᠬᠡᠭᠡᠷ᠎ᠡ᠎ᠶᠢᠨ ᠬᠠᠷᠢᠶᠠᠴᠠᠢ ᠰᠦᠯᠵᠢᠯᠳᠦᠨ ᠵᠦᠭᠡᠯᠡᠨ ᠭᠤᠨᠢᠭ᠋᠎ᠢ ᠮᠠᠷᠲᠠᠭᠤᠯᠳᠠᠭ

ᠭᠡᠭᠡᠯᠵᠡᠬᠦ ᠪᠣᠳᠤᠯ᠎ᠢ ᠨᠢᠯᠬᠠᠷᠠᠭᠤᠯᠤᠨ ᠴᠡᠴᠡᠭᠡᠰ ᠮᠦᠰᠢᠶᠡᠨ ᠳᠡᠯᠭᠡᠷᠡᠳᠡᠭ



ᠬᠠᠪᠤᠷ᠎ᠤᠨ ᠨᠠᠷᠠᠨ᠎ᠳᠤ ᠪᠢ ᠰᠠᠯᠬᠢᠨ ᠲᠠᠢ ᠰᠠᠴᠠᠭᠤ ᠴᠡᠩᠬᠡᠷᠯᠡᠳᠡᠭ

ᠬᠠᠴᠢᠨ ᠭᠠᠢᠬᠠᠯᠲᠠᠢ ᠲᠤᠤᠯᠢᠰ᠎ᠢ ᠨᠢ ᠣᠯᠵᠠᠷᠬᠠᠨ ᠴᠡᠭᠡᠵᠢᠯᠡᠵᠦ ᠬᠠᠢᠯᠠᠳᠠᠭ

ᠬᠠᠶᠠᠭᠠᠨ᠎ᠳᠤ ᠢᠷᠡᠭᠰᠡᠨ ᠵᠣᠨ᠎ᠢ ᠨᠠᠮ ᠬᠥᠮ᠎ᠦᠨ ᠳᠤᠮᠳᠠ ᠬᠦᠯᠢᠶᠡᠳᠡᠭ

ᠬᠠᠪᠤᠯᠢᠭ᠋ ᠭᠣᠶᠤᠮᠰᠤᠭ ᠳᠤᠤᠯᠢᠶᠠᠨ ᠳ᠋ᠤᠨᠢ ᠭᠠᠵᠠᠷ᠎ᠤᠨ ᠪᠤᠳᠠᠩ ᠠᠷᠢᠯᠠᠳᠠᠭ

ᠬᠠᠷᠠᠩᠭᠤᠢ᠎ᠳᠤ ᠲᠤᠶᠠᠭᠠᠯᠠᠬᠤ ᠰᠠᠷᠠᠨ᠎ᠳᠤ ᠬᠠᠢᠷ᠎ᠠ᠎ᠪᠠᠨ ᠰᠢᠪᠡᠨᠡᠨ ᠠᠷᠢᠭᠤᠰᠳᠠᠭ

ᠬᠠᠨᠠᠭᠠᠷ ᠣᠷᠴᠢᠯᠠᠩ᠎ᠢᠶᠠᠷ ᠠᠷᠭᠠᠳᠠᠭᠤᠯᠤᠨ ᠴᠡᠴᠡᠭᠲᠦ ᠵᠡᠬᠦᠳᠦ᠎ᠪᠡᠨ ᠮᠠᠨᠠᠳᠠᠭ



ᠬᠠᠪᠤᠷ᠎ᠤᠨ ᠨᠠᠷᠠᠨ᠎ᠳᠤ ᠪᠢ ᠮᠣᠳᠤᠳ ᠲᠠᠢ ᠰᠠᠴᠠᠭᠤ ᠴᠡᠯᠭᠡᠷᠡᠳᠡᠭ

ᠬᠠᠮᠢᠭ᠎ᠠ ᠨᠢᠭᠡᠨᠲᠡᠭᠡ᠎ᠡᠴᠡ ᠰᠢᠪᠠᠭᠤᠳ ᠡᠪᠡᠰᠦ ᠵᠠᠭᠤᠵᠤ ᠡᠭᠦᠷ ᠵᠠᠰᠠᠳᠠᠭ

ᠬᠠᠷᠢ᠎ᠶᠢᠨ ᠭᠠᠵᠠᠷ᠎ᠠᠴᠠ ᠠᠳᠤᠭᠤᠳ ᠨᠤᠲᠤᠭ ᠪᠣᠴᠠᠵᠤ ᠢᠨᠴᠠᠭᠠᠳᠠᠭ

ᠬᠦᠷᠬᠢᠷ᠎ᠡ ᠨᠢ ᠨᠠᠮᠵᠢᠷᠠᠭ᠎ᠠ ᠴᠤ᠌ ᠭᠣᠣᠯ ᠭᠣᠷᠤᠬ᠎ᠠ ᠭᠠᠵᠠᠷ᠎ᠤᠨ ᠬᠢᠵᠠᠭᠠᠷ᠎ᠢ ᠴᠢᠭᠯᠡᠳᠡᠭ

ᠬᠦᠮᠦᠨᠯᠢᠭ ᠵᠠᠶᠠᠭᠠᠨ᠎ᠤ ᠡᠩᠬᠡ᠎ᠶᠢᠨ ᠬᠦᠰᠡᠯ ᠴᠡᠭᠡᠵᠢᠨ᠎ᠳᠦ ᠠᠮᠢᠯᠠᠨ ᠴᠠᠯᠬᠢᠯᠠᠳᠠᠭ

ᠬᠦᠪᠴᠢ ᠲᠠᠢᠭ᠎ᠠ᠎ᠶᠢᠨ ᠦᠩᠭᠡ᠎ᠪᠡᠷ ᠢᠲᠡᠭᠡᠯ᠎ᠢᠶᠡᠨ ᠬᠤᠷᠴᠠᠯᠠᠭᠠᠳ ᠣᠯᠵᠠᠷᠬᠠᠳᠠᠭ ᠡ

  • ᠨᠠᠢᠷᠠᠭᠤᠯᠤᠭ᠍ᠴᠢ᠄

  • ᠨᠡᠪᠲᠡᠷᠡᠭᠦᠯᠦᠭᠴᠢ᠄

  • ᠮᠡᠷᠭᠡᠵᠢᠯ᠄

ᠨᠠᠢᠷᠠᠭᠤᠯᠤᠭ᠍ᠴᠢ᠄ ᠮᠦᠩᠭᠦᠨᠬᠤᠸᠠᠷ

ᠣᠷᠴᠢᠭᠤᠯᠤᠭ᠍ᠴᠢ᠄

ᠢᠷᠡᠯᠲᠡ᠄ ᠳᠤᠮᠳᠠᠳᠤ ᠤᠯᠤᠰ᠎ᠤ᠋ᠨ ᠮᠣᠩᠭᠣᠯ ᠬᠡᠯᠡᠨ᠎ᠦ᠌ ᠰᠣᠨᠢᠨ ᠮᠡᠳᠡᠭᠡ᠎ᠶ᠋ᠢᠨ ᠰᠦᠯᠵᠢᠶ᠎ᠡ
兼容浏览器的HTML页面