24ᠴᠠᠭ ᠤᠯᠠᠷᠢᠯ > ᠵᠤᠨ᠎ᠤ᠋ ᠠᠭᠤᠷ

2022-05-06 15:45:32

ᠵᠣᠬᠢᠶᠠᠭ᠍ᠴᠢ᠄ ᠶᠦᠡᠭ᠌ ᠬᠤᠡᠭ᠌ ᠣᠩᠱᠢᠭ᠍ᠰᠠᠨ ᠣᠳᠠᠭ᠎ᠠ᠄ 3

1. ᠬᠦᠶ᠋ᠲᠡᠨ ᠢᠳᠡᠭᠡᠨ ᠤᠮᠳᠠᠭᠠᠨ᠎ᠢ ᠴᠡᠭᠡᠷᠯᠡᠬᠦ ᠬᠡᠷᠡᠭᠳᠡᠢ

ᠬᠠᠪᠤᠷ ᠵᠣᠨ᠎ᠤ ᠤᠯᠠᠷᠢᠯ᠎ᠳᠤ ᠠᠷᠭ᠎ᠠ᠎ᠵᠢ ᠰᠤᠪᠢᠯᠠᠳᠠᠭ ᠡᠴᠡ ᠡᠳᠦᠷ ᠲᠤᠳᠤᠮ ᠪᠦᠯᠢᠶᠡᠨ ᠬᠠᠯᠠᠭᠤᠨ ᠢᠳᠡᠭᠡᠨ ᠤᠮᠳᠠᠭᠠᠨ᠎ᠶ᠋ᠢᠡᠷ ᠭᠤᠤᠯᠯᠠᠵᠦ᠂ ᠬᠦᠶ᠋ᠲᠡᠨ ᠢᠳᠡᠭᠡᠨ ᠤᠮᠳᠠᠭᠠᠨ᠎ᠢ ᠢᠳᠡᠬᠦ᠌ ᠡᠴᠡ ᠪᠣᠯᠭᠣᠮᠵᠢᠯᠠᠬᠤ ᠬᠡᠷᠡᠭᠳᠡᠢ᠃ ᠤᠴᠢᠷ᠎ᠨᠢ ᠬᠦᠶ᠋ᠲᠡᠨ ᠢᠳᠡᠭᠡᠨ ᠤᠮᠳᠠᠭᠠᠨ ᠨᠢ ᠬᠥᠮᠦᠨ᠎ᠦ ᠪᠡᠶ᠎ᠡ᠎ᠶ᠋ᠢᠨ ᠠᠷᠭ᠎ᠠ᠎ᠶᠢᠨ ᠬᠡᠶ᠎ᠶ᠋ᠢ ᠱᠢᠭᠤᠳ ᠬᠣᠬᠢᠷᠠᠭᠤᠯᠵᠤ᠂ ᠪᠡᠶ᠎ᠡ ᠮᠠᠬᠠᠪᠣᠳ᠎ᠤᠨ ᠬᠦᠶ᠋ᠲᠡᠨ᠎ᠢ ᠡᠰᠡᠷᠭᠦᠴᠡᠬᠦ᠌ ᠴᠢᠳᠠᠪᠤᠷᠢ᠎ᠶ᠋ᠢ ᠶᠡᠬᠡ᠎ᠪᠡᠷ ᠪᠠᠭᠤᠷᠠᠭᠤᠯᠬᠤ ᠮᠥᠷᠲᠡᠭᠡᠨ ᠬᠦᠶ᠋ᠲᠡᠨ ᠢᠳᠡᠭᠡᠨ ᠤᠮᠳᠠᠭᠠᠨ᠎ᠨᠢ ᠬᠣᠳᠣᠭᠣᠳᠣ ᠭᠡᠳᠡᠰᠦ᠎ᠵᠢ ᠭᠡᠮᠲᠦᠭᠡᠵᠤ᠂ ᠱᠢᠩᠭᠡᠭᠡᠬᠦ᠌ ᠴᠢᠳᠠᠪᠤᠷᠢ᠎ᠵᠢ ᠪᠠᠭᠤᠷᠠᠭᠤᠯᠳᠠᠭ᠃


微信图片_20220506154628.png


2. ᠳᠡᠯᠢᠭᠦᠦ᠎ᠵᠢ ᠴᠢᠭᠢᠷᠠᠭᠵᠢᠭᠤᠯᠵᠤ ᠴᠢᠭᠢᠭ᠎ᠢ ᠠᠷᠢᠯᠭᠠᠬᠤ᠎ᠵᠢ ᠠᠩᠬᠠᠷᠤᠨ᠎ᠠ

ᠴᠢᠭᠢᠭ᠌ᠯᠢᠭ ᠬᠠᠯᠠᠭᠤᠨ ᠤᠯᠠᠷᠢᠯ᠎ᠳᠦ ᠲᠤᠬᠢᠷᠠᠭᠤᠯᠤᠨ᠂ ᠨᠤᠭᠤᠰᠤᠨ᠎ᠤ ᠮᠢᠬ᠎ᠠ᠂ ᠬᠡᠯᠲᠡᠭᠡ ᠵᠢᠭᠠᠰᠤ᠂ ᠰᠠᠮ᠂ ᠬᠠᠷ᠎ᠠ ᠮᠢᠬ᠎ᠠ᠂ ᠮᠥᠭᠥ᠌᠎ᠶᠢᠨ ᠲᠦᠷᠦᠯ ᠵᠡᠷᠭᠡ᠎ᠵᠢ ᠢᠯᠡᠭᠦᠬᠡᠨ ᠢᠳᠡᠪᠡᠯ ᠵᠤᠬᠢᠨ᠎ᠠ; ᠵᠤᠬᠢᠬᠤ ᠬᠡᠮᠵᠢᠶᠡᠨ᠎ᠤ ᠬᠢᠲᠠᠳ ᠡᠪᠡᠰᠤᠨ ᠡᠮ᠎ᠢ ᠰᠤᠩᠭᠤᠨ ᠴᠢᠨᠠᠵᠦ ᠤᠤᠭᠤᠬᠤ ᠪᠡᠷ ᠲᠠᠮᠵᠢᠨ ᠳᠡᠯᠢᠭᠦᠦ᠍᠎ᠶ᠋ᠢ ᠴᠢᠭᠢᠷᠠᠭ᠍ᠵᠢᠭᠤᠯᠵᠤ ᠴᠢᠬᠢᠭ᠎ᠢ ᠠᠷᠢᠯᠭᠠᠵᠦ ᠪᠤᠯᠤᠨ᠎ᠠ᠃


微信图片_20220506154823.png


3. ᠵᠤᠬᠢᠰᠳᠠᠢ ᠬᠥᠳᠡᠯᠭᠡᠭᠡᠨ ᠬᠢᠨ᠎ᠠ

ᠵᠣᠨ᠎ᠤ ᠤᠯᠠᠷᠢᠯ᠎ᠳᠤ᠂ ᠬᠥᠳᠡᠯᠭᠡᠭᠡᠨ᠎ᠦ ᠭᠡᠮᠵᠢᠶ᠎ᠡ᠎ᠶᠢ ᠵᠤᠬᠢᠰᠳᠠᠢ ᠨᠡᠮᠡᠭᠳᠡᠭᠦᠯᠬᠦ᠎ᠨᠢ ᠠᠷᠭ᠎ᠠ᠎ᠶ᠋ᠢᠨ ᠬᠡᠶ᠎ᠶ᠋ᠢ ᠳᠡᠭᠡᠭ᠌ᠰᠢᠯᠡᠭᠦᠯᠵᠦ᠍᠂ ᠴᠤᠯᠤ ᠰᠠᠪᠠ᠎ᠶ᠋ᠢᠨ ᠠᠵᠢᠯᠯᠠᠭ᠎ᠠ᠎ᠶ᠋ᠢ ᠴᠢᠭᠢᠷᠠᠭ᠍ᠵᠢᠭᠤᠯᠳᠠᠭ᠃ ᠰᠠᠨᠠᠭᠤᠯᠬᠤ ᠨᠢ᠂ ᠭᠠᠳᠠᠭ᠍ᠰᠢ ᠭᠠᠷᠴᠤ᠌ ᠬᠥᠳᠡᠯᠭᠡᠭᠡᠨ ᠬᠢᠬᠦ᠌ ᠴᠠᠭ᠎ᠪᠠᠨ ᠥᠷᠯᠥᠭᠡ ᠪᠠ ᠣᠷᠣᠢ᠎ᠶᠢᠨ ᠰᠡᠷᠢᠬᠦᠨ᠎ᠳᠦ ᠲᠤᠬᠢᠷᠠᠭᠤᠯᠪᠠᠯ ᠵᠤᠬᠢᠰᠳᠠᠢ ᠪᠠᠢᠳᠠᠭ᠃ ᠭᠡᠪᠡᠴᠦ᠍ ᠵᠣᠨ᠎ᠤ ᠡᠬᠢᠨ ᠎ᠢᠶᠡᠷ ᠱᠢᠷᠦᠭᠦᠨ ᠬᠥᠳᠡᠯᠭᠡᠭᠡᠨ ᠬᠢᠬᠦ᠎ᠵᠢ ᠰᠠᠨᠠᠭᠠᠴᠢᠯᠠᠬᠤ ᠦᠭᠡᠢ᠂ ᠲᠦᠷᠭᠡᠨ ᠠᠯᠬᠤᠬᠤ ᠪᠤᠶᠤ ᠤᠳᠠᠭᠠᠨ ᠭᠦᠶᠦᠬᠦ᠌᠎ᠵᠢ ᠰᠠᠨᠠᠭᠠᠴᠢᠯᠠᠨ᠎ᠠ᠃


微信图片_20220506154830.png


4. ᠣᠶᠤᠨ ᠰᠠᠨᠠᠭᠠᠨ᠎ᠤ ᠰᠤᠪᠢᠯᠠᠯᠲᠠ᠎ᠵᠢ ᠴᠢᠬᠤᠯᠴᠢᠯᠠᠨ᠎ᠠ

ᠵᠣᠨ᠎ᠤ ᠠᠭᠤᠷ ᠣᠷᠣᠭ᠍ᠰᠠᠨ᠎ᠤ ᠳᠠᠷᠠᠭ᠎ᠠ᠂ ᠠᠭᠤᠷ ᠠᠮᠢᠰᠭᠤᠯ ᠬᠠᠯᠠᠭᠤᠷᠠᠬᠤ᠎ᠵᠢ ᠲᠠᠭᠠᠯᠳᠤᠨ ᠬᠥᠮᠦᠰ᠎ᠤᠨ ᠰᠡᠳᠭᠢᠯ ᠰᠠᠨᠠᠭ᠎ᠠ ᠠᠮᠠᠷᠬᠠᠨ ᠨᠥᠯᠥᠭᠡᠯᠡᠭ᠌ᠳᠡᠨ᠎ᠠ᠃ ᠡᠢᠮᠦ᠍᠎ᠡᠴᠡ᠂ ᠬᠥᠮᠦᠰ ᠤᠶᠤᠨ ᠰᠠᠨᠠᠭᠠᠨ᠎ᠤ ᠰᠤᠪᠢᠯᠠᠯᠲᠠ᠎ᠶ᠋ᠢ ᠣᠨᠴᠠᠭᠠᠢ ᠴᠢᠬᠤᠯᠠᠴᠢᠯᠠᠵᠤ᠂ ᠵᠢᠷᠦᠬᠡᠨ ᠰᠤᠪᠢᠯᠠᠯᠲᠠ᠎ᠪᠠᠨ ᠴᠢᠩᠭᠠᠳᠭᠠᠬᠤ ᠬᠡᠷᠡᠭ᠌ᠲᠡᠢ᠂ ᠢᠯᠠᠩᠭᠤᠶ᠎ᠠ ᠨᠠᠰᠤᠲᠠᠢᠴᠤᠳ ᠬᠡᠲᠦᠷᠬᠡᠢ ᠬᠥᠭ᠌ᠰᠡᠵᠦ᠍᠂ ᠬᠡᠳᠤᠷᠬᠡᠢ ᠠᠭᠤᠷᠯᠠᠬᠤ᠎ᠡᠴᠡ ᠵᠠᠢᠯᠠᠰᠭᠢᠵᠦ᠂ ᠰᠡᠳᠭᠢᠯ ᠰᠠᠨᠠᠭ᠎ᠠ᠎ᠪᠠᠨ ᠲᠤᠬᠳᠠᠪᠦᠷᠢᠳᠠᠢ ᠪᠠᠢᠯᠭᠠᠬᠤ ᠬᠡᠷᠡᠭ᠌ᠲᠡᠢ᠃


微信图片_20220506155013.png


5. ᠡᠪᠡᠳᠴᠢᠨ ᠠᠮᠠᠨ᠎ᠪᠡᠷ ᠣᠷᠣᠬᠤ ᠡᠴᠡ ᠬᠢᠴᠢᠶᠡᠨ᠎ᠡ

ᠵᠣᠨ᠎ᠤ ᠤᠯᠠᠷᠢᠯ᠎ᠳᠤ ᠭᠡᠳᠡᠰᠦᠨ᠎ᠦ ᠬᠠᠯᠳᠠᠪᠤᠷᠢᠲᠤ ᠡᠪᠡᠳᠴᠢᠨ ᠪᠠ ᠠᠷᠠᠰᠤᠨ᠎ᠤ ᠡᠪᠡᠳᠴᠢᠨ ᠡᠭᠦᠰᠭᠦ ᠣᠷᠭᠢᠯ᠎ᠤᠨ ᠬᠤᠭᠤᠴᠠᠭ᠎ᠠ ᠪᠣᠯᠤᠨ᠎ᠠ᠃ ᠡᠢᠮᠦ᠍᠎ᠡᠴᠡ ᠨᠠᠷᠠᠱᠢᠬᠤ᠎ᠶ᠋ᠢ ᠰᠡᠷᠭᠡᠢᠯᠡᠵᠦ᠍ ᠬᠠᠯᠠᠭᠤᠨ᠎ᠢ ᠪᠠᠭᠤᠷᠠᠭᠤᠯᠬᠤ ᠠᠵᠢᠯ᠎ᠢ ᠰᠠᠢᠲᠤᠷ ᠬᠢᠬᠦ᠌᠎ᠶ᠋ᠢᠨ ᠬᠠᠮᠲᠤ ᠵᠣᠨ᠎ᠤ ᠤᠯᠠᠷᠢᠯ᠎ᠳᠤ ᠣᠯᠠᠨ ᠡᠭᠦᠰᠳᠡᠭ ᠡᠪᠡᠳᠴᠢᠨ᠎ᠢ ᠤᠷᠢᠳᠴᠢᠯᠠᠨ ᠰᠡᠷᠭᠡᠢᠯᠡᠬᠦ᠌ ᠪᠠ ᠡᠷᠡᠭᠦᠯ ᠮᠡᠨᠳᠦ᠍᠎ᠶ᠋ᠢ ᠬᠠᠮᠠᠭᠠᠯᠠᠬᠤ᠎ᠶ᠋ᠢ ᠨᠠᠩ ᠠᠩᠬᠠᠷᠬᠤ ᠬᠡᠷᠡᠭ᠌ᠲᠡᠶ᠃ ᠵᠣᠨ᠎ᠤ ᠤᠯᠠᠷᠢᠯ᠎ᠳᠤ᠂ ᠲᠣᠰ ᠡᠳᠦᠷ᠎ᠦᠨ ᠢᠳᠡᠭᠡᠨ᠎ᠢ ᠬᠠᠮᠤᠭ ᠰᠠᠢᠨ ᠨᠢ ᠳᠠᠷᠠᠭ᠎ᠠ ᠡᠳᠦᠷ ᠨᠢ ᠢᠳᠡᠵᠦ᠍ ᠥᠬᠡᠶ᠂ ᠤᠴᠢᠷ ᠨᠢ ᠴᠢᠭᠢᠭ᠌ᠯᠢᠭ ᠬᠠᠯᠠᠭᠤᠨ ᠠᠭᠤᠷ ᠠᠮᠢᠰᠭᠤᠯ ᠢᠳᠡᠭᠡᠨ᠎ᠦ ᠴᠢᠨᠠᠷ᠎ᠢ ᠠᠮᠠᠷᠬᠠᠨ ᠬᠤᠪᠢᠷᠠᠭᠤᠯᠵᠤ ᠪᠠᠺᠲ᠋ᠧᠷᠢ ᠠᠮᠠᠷᠬᠠᠨ ᠡᠭᠦᠰᠭᠡᠳᠡᠭ᠃


微信图片_20220506155057.png


6. ᠡᠪᠦᠯ᠎ᠤᠨ ᠡᠪᠡᠳᠴᠢᠨ᠎ᠢ ᠵᠤᠨ ᠡᠮᠨᠡᠨ᠎ᠠ

《ᠡᠪᠦᠯ᠎ᠦᠨ ᠡᠪᠡᠳᠴᠢᠨ》 ᠭᠡᠳᠡᠭ ᠨᠢ ᠡᠪᠦᠯ᠎ᠦᠨ ᠤᠯᠠᠷᠢᠯ᠎ᠳᠤ ᠡᠭᠦᠰᠳᠡᠭ ᠪᠤᠶᠤ ᠡᠪᠦᠯ᠎ᠦᠨ ᠤᠯᠠᠷᠢᠯ᠎ᠳᠤ ᠬᠦᠨᠳᠦᠷᠡᠬᠦ᠌ ᠡᠪᠡᠳᠴᠢᠨ᠎ᠢ ᠵᠢᠭᠠᠵᠦ᠂ ᠵᠢᠱ᠌ᠢᠶᠡᠯᠡᠪᠡᠯ ᠰᠠᠯᠪᠤᠷᠢ ᠮᠥᠭᠡᠷᠰᠦᠨ ᠬᠣᠭᠣᠯᠠᠢ᠎ᠶ᠋ᠢᠨ ᠦᠷᠪᠢᠰᠦᠯ᠂ ᠬᠢᠷᠬᠢᠷ᠎ᠡ᠂ ᠦᠶ᠎ᠡ ᠭᠡᠱᠢᠭᠦᠦ᠍᠎ᠶ᠋ᠢᠨ ᠦᠷᠪᠢᠰᠦᠯ ᠵᠡᠷᠭᠡ ᠡᠪᠡᠳᠴᠢᠨ᠎ᠢ ᠵᠢᠭᠠᠵᠤ ᠪᠤᠢ᠂ ᠵᠤᠨ᠎ᠤ ᠤᠯᠠᠷᠢᠯ᠎ᠳᠤ ᠡᠳᠡᠭᠡᠷ ᠡᠪᠡᠳᠴᠢᠨ᠎ᠦ ᠪᠠᠢᠳᠠᠯ ᠨᠠᠮᠳᠠᠬᠤ᠎ᠶ᠋ᠢ ᠳᠠᠯᠢᠮᠳᠠᠭᠤᠯᠤᠨ ᠵᠣᠬᠢᠰᠲᠠᠢ ᠤᠤᠭᠤᠬᠤ ᠡᠮ ᠪᠠ ᠭᠠᠳᠠᠷ ᠬᠡᠷᠡᠭ᠌ᠯᠡᠬᠦ᠌ ᠵᠣᠷ᠎ᠢ ᠬᠡᠷᠡᠭ᠌ᠯᠡᠨ ᠡᠪᠡᠳᠴᠢᠨ᠎ᠦ ᠳᠠᠬᠢᠨ ᠬᠥᠳᠡᠯᠬᠦ᠌᠎ᠶ᠋ᠢ ᠰᠡᠷᠭᠡᠢᠯᠡᠬᠦ᠌ ᠪᠤᠶᠤ ᠡᠪᠡᠳᠴᠢᠨ᠎ᠤ ᠪᠠᠢᠳᠠᠯ᠎ᠢ ᠬᠥᠩᠭᠡᠷᠡᠭᠦᠯᠵᠦ ᠪᠤᠯᠤᠨ᠎ᠠ᠃


微信图片_20220506155154.png

  • ᠨᠠᠢᠷᠠᠭᠤᠯᠤᠭ᠍ᠴᠢ᠄

  • ᠨᠡᠪᠲᠡᠷᠡᠭᠦᠯᠦᠭᠴᠢ᠄

  • ᠮᠡᠷᠭᠡᠵᠢᠯ᠄

ᠨᠠᠢᠷᠠᠭᠤᠯᠤᠭ᠍ᠴᠢ᠄ ᠰᠤᠶᠤᠯᠲᠦ

ᠣᠷᠴᠢᠭᠤᠯᠤᠭ᠍ᠴᠢ᠄

ᠢᠷᠡᠯᠲᠡ᠄ ᠳᠤᠮᠳᠠᠳᠤ ᠤᠯᠤᠰ᠎ᠤ᠋ᠨ ᠮᠣᠩᠭᠣᠯ ᠬᠡᠯᠡᠨ᠎ᠦ᠌ ᠰᠣᠨᠢᠨ ᠮᠡᠳᠡᠭᠡ᠎ᠶ᠋ᠢᠨ ᠰᠦᠯᠵᠢᠶ᠎ᠡ
兼容浏览器的HTML页面