24ᠴᠠᠭ ᠤᠯᠠᠷᠢᠯ > ᠦᠴᠦᠬᠡᠨ ᠳᠦᠭᠦᠷᠡᠩ

2025-05-23 11:32:45

ᠵᠣᠬᠢᠶᠠᠭ᠍ᠴᠢ᠄ ᠤᠷᠠᠨᠳᠠᠨ᠎ᠠ ᠣᠩᠱᠢᠭ᠍ᠰᠠᠨ ᠣᠳᠠᠭ᠎ᠠ᠄ 3

微信图片_20250522190141.png


ᠦᠴᠦᠬᠡᠨ ᠳᠦᠭᠦᠷᠡᠩ ᠪᠤᠯᠬᠤ᠎ᠳᠤ ᠪᠤᠭᠤᠳᠠᠢ ᠵᠡᠷᠭᠡ ᠵᠤᠨ᠎ᠤ ᠤᠯᠠᠷᠢᠯ ᠪᠤᠯᠪᠠᠰᠤᠷᠠᠳᠠᠭ ᠲᠠᠷᠢᠮᠠᠯ᠎ᠤᠨ ᠦᠷ᠎ᠠ ᠨᠢ ᠳᠦᠭᠦᠷᠴᠤ ᠬᠠᠭᠠᠰ ᠪᠤᠯᠪᠠᠰᠤᠷᠠᠳᠠᠭ᠂ ᠭᠡᠪᠡᠴᠤ ᠪᠦᠷᠢᠨ ᠪᠤᠯᠪᠠᠰᠤᠷᠠᠭ᠎ᠠ ᠦᠭᠡᠢ ᠪᠤᠯᠬᠤᠷ 《ᠦᠴᠦᠬᠡᠨ ᠳᠦᠭᠦᠷᠡᠩ》 ᠭᠡᠳᠡᠭ᠃

ᠤᠮᠠᠷᠠᠳᠤ ᠤᠷᠤᠨ᠎ᠳᠤ ᠦᠴᠦᠬᠡᠨ ᠳᠦᠭᠦᠷᠡᠩ ᠵᠢᠡᠷ ᠵᠠᠮ᠎ᠤᠨ ᠳᠠᠯᠠᠩ ᠨᠤᠭᠤᠭᠠᠷᠠᠵᠤ᠂ ᠮᠠᠯ ᠴᠠᠳᠳᠠᠭ ᠭᠡᠳᠡᠭ᠃ ᠤᠮᠠᠷᠠᠳᠤ ᠤᠷᠤᠨ᠎ᠳᠤ ᠠᠪᠴᠤ ᠬᠡᠯᠡᠪᠡᠯ ᠬᠤᠷᠢᠨ ᠳᠦᠷᠪᠡᠨ ᠴᠠᠭ ᠤᠯᠠᠷᠢᠯ᠎ᠤᠨ ᠳᠤᠳᠤᠷᠠᠬᠢ ᠨᠠᠷᠠᠨ᠎ᠤ ᠳᠤᠰᠤᠯᠳᠠ ᠬᠠᠮᠤᠭ᠎ᠤᠨ ᠤᠷᠳᠤ ᠦᠶ᠎ᠡ ᠪᠤᠯᠬᠤ ᠶᠤᠮ᠃ ᠠᠭᠠᠷ᠎ᠤᠨ ᠳᠤᠯᠠᠭᠠᠨ ᠳᠡᠭᠡᠭᠰᠢᠯᠡᠵᠤ ᠠᠭᠠᠬᠢᠮ᠎ᠠ ᠬᠠᠯᠠᠭᠤᠨ ᠵᠤᠨ᠎ᠤ ᠤᠯᠠᠷᠢᠯ ᠡᠬᠢᠯᠡᠵᠦ ᠪᠠᠢᠭ᠎ᠠ ᠨᠢ ᠮᠡᠳᠡᠷᠡᠭᠳᠡᠳᠡᠭ᠃ ᠡᠮᠤᠨᠡᠳᠤ ᠤᠮᠠᠷᠠᠳᠤ᠎ᠤᠷᠤᠨ᠎ᠤ ᠳᠤᠯᠠᠭᠠᠨ᠎ᠤ ᠵᠦᠷᠢᠶ᠎ᠡ ᠤᠯᠠᠮ ᠵᠢᠡᠷ ᠪᠠᠭᠠᠰᠴᠤ᠂ ᠳᠤᠨᠳᠠᠰᠤ ᠵᠢᠨ ᠬᠡᠮᠵᠢᠶ᠎ᠡ ᠠᠭᠠᠵᠢᠮ ᠵᠢᠡᠷ ᠨᠡᠮᠡᠭᠳᠡᠨ᠎ᠡ᠃



ᠦᠴᠦᠬᠡᠨ ᠳᠦᠭᠦᠷᠡᠩ᠎ᠤᠨ ᠦᠶ᠎ᠡ ᠪᠠᠷ ᠢᠳᠠᠷ᠎ᠠ ᠨᠤᠭᠤᠭ᠎ᠠ (ᠪᠠᠰᠠ ᠭᠠᠱᠢᠭᠤᠨ ᠨᠤᠭᠤᠭ᠎ᠠ ᠭᠡᠳᠡᠭ) ᠢᠳᠡᠳᠡᠭ ᠵᠠᠩᠰᠢᠯ ᠳᠠᠢ᠃ ᠢᠳᠠᠷ᠎ᠠ ᠪᠤᠯ ᠬᠠᠯᠠᠭᠤᠨ᠎ᠢ ᠳᠠᠭᠤᠵᠤ᠂ ᠴᠢᠰᠦ ᠵᠢ ᠰᠡᠷᠢᠭᠦᠳᠬᠡᠨ᠂ ᠬᠤᠤᠷ ᠳᠠᠢᠯᠬᠤ ᠤᠢᠯᠡᠳᠤᠯ ᠳᠠᠢ ᠬᠡᠭᠡᠷ᠎ᠡ ᠵᠢᠨ ᠨᠤᠭᠤᠭ᠎ᠠ ᠶᠤᠮ᠃ ᠦᠷᠭᠦᠯᠵᠢ ᠢᠳᠡᠪᠡᠯ ᠴᠢᠬᠢᠭ ᠬᠠᠯᠠᠭᠤᠨ᠎ᠢ ᠬᠦᠭᠡᠭᠡᠵᠤ᠂ ᠬᠦᠯ ᠭᠠᠷ ᠬᠦᠩᠭᠡᠨ ᠪᠤᠯᠳᠠᠭ᠃ ᠮᠦᠨᠴᠤ ᠡᠨᠡ ᠦᠶ᠎ᠡ ᠪᠠᠷ ᠢᠳᠡᠭᠡᠨ ᠤᠮᠳᠠᠭᠠᠨ᠎ᠤ ᠳᠠᠯ᠎ᠠ ᠪᠡᠷ ᠰᠡᠷᠢᠬᠦᠨ ᠴᠢᠨᠠᠷᠳᠠᠢ ᠢᠳᠡᠭᠡᠨ ᠢᠳᠡᠬᠦ ᠪᠤᠶᠤ ᠬᠦᠢᠳᠡᠨ ᠤᠮᠳᠠᠭᠠᠨ ᠤᠤᠭᠤᠬᠤ ᠡᠴᠡ ᠬᠢᠴᠢᠶᠡᠪᠡᠯ ᠵᠤᠬᠢᠨ᠎ᠠ᠃

  • ᠨᠠᠢᠷᠠᠭᠤᠯᠤᠭ᠍ᠴᠢ᠄

  • ᠨᠡᠪᠲᠡᠷᠡᠭᠦᠯᠦᠭᠴᠢ᠄

  • ᠮᠡᠷᠭᠡᠵᠢᠯ᠄

ᠨᠠᠢᠷᠠᠭᠤᠯᠤᠭ᠍ᠴᠢ᠄ ᠵᠣᠣ ᠱᠦ᠍ ᠭᠤᠸᠠᠩ

ᠣᠷᠴᠢᠭᠤᠯᠤᠭ᠍ᠴᠢ᠄

ᠢᠷᠡᠯᠲᠡ᠄ ᠳᠤᠮᠳᠠᠳᠤ ᠤᠯᠤᠰ᠎ᠤ᠋ᠨ ᠮᠣᠩᠭᠣᠯ ᠬᠡᠯᠡᠨ᠎ᠦ᠌ ᠰᠣᠨᠢᠨ ᠮᠡᠳᠡᠭᠡ᠎ᠶ᠋ᠢᠨ ᠰᠦᠯᠵᠢᠶ᠎ᠡ
兼容浏览器的HTML页面