24ᠴᠠᠭ ᠤᠯᠠᠷᠢᠯ > ᠪᠤᠭᠤᠳᠠᠢ ᠪᠣᠯᠪᠠᠰᠤᠷᠠᠬᠤ

2022-06-08 09:59:53

ᠵᠣᠬᠢᠶᠠᠭ᠍ᠴᠢ᠄ ᠣᠩᠱᠢᠭ᠍ᠰᠠᠨ ᠣᠳᠠᠭ᠎ᠠ᠄ 3

ᠪᠤᠭᠤᠳᠠᠢ ᠪᠤᠯᠪᠠᠰᠤᠷᠠᠬᠤ ᠴᠠᠭ ᠤᠯᠠᠷᠢᠯ ᠡᠴᠡ ᠡᠬᠢᠯᠡᠵᠦ ᠪᠡᠶ᠎ᠡ ᠮᠠᠬᠠᠪᠤᠳ ᠎ᠢᠶᠡᠨ ᠰᠠᠢᠳᠤᠷ ᠠᠨᠭᠬᠠᠷᠤᠨ ᠰᠤᠪᠢᠯᠠᠪᠡᠯ ᠡᠪᠡᠳᠴᠢᠨ ᠲᠠᠬᠤᠯ ᠡᠴᠡ ᠵᠠᠢᠯᠠᠵᠤ ᠲᠡᠢᠯᠭᠦ ᠪᠡᠷ ᠪᠠᠷᠠᠬᠤ ᠦᠭᠡᠢ ᠦᠲᠡᠯᠬᠦ ᠵᠢ ᠰᠡᠷᠭᠡᠢᠯᠡᠵᠦ ᠴᠢᠳᠠᠨ᠎ᠡ᠃


1.jpg


ᠠᠭᠠᠷ ᠲᠤᠬᠢᠷᠠᠭᠤᠯᠤᠬᠴᠢ ᠪᠠᠨ ᠨᠡᠬᠡᠭᠡᠬᠦ ᠵᠢ ᠪᠢᠲᠡᠭᠡᠢ ᠶᠠᠭᠠᠷᠠ

ᠪᠤᠭᠤᠲᠠᠢ ᠪᠤᠯᠪᠠᠰᠤᠷᠠᠬᠤ ᠴᠠᠭ ᠤᠯᠠᠷᠢᠯ ᠪᠤᠯᠤᠬᠰᠠᠭᠠᠷ ᠲᠡᠭᠷᠢ ᠬᠠᠯᠠᠵᠦ ᠡᠬᠢᠯᠡᠨ᠎ᠡ᠃ ᠮᠦᠨ ᠡᠨᠡ ᠦᠶᠡᠰ ᠪᠤᠯ ᠬᠦᠮᠦᠨ᠎ᠤ ᠪᠡᠶ᠎ᠡ ᠮᠠᠬᠠᠪᠤᠳ᠎ᠤᠨ ᠦᠰᠦᠯᠲᠠ ᠵᠢᠨ ᠵᠠᠩᠭᠢᠯᠠᠭ᠎ᠠ ᠵᠢᠨ ᠬᠤᠭᠤᠴᠠᠭ᠎ᠠ ᠪᠠᠢᠵᠦ᠂ ᠪᠡᠶ᠎ᠡ ᠵᠢᠨ ᠰᠢᠨ᠎ᠡ ᠡᠰ ᠮᠠᠰᠢ ᠬᠤᠷᠳᠤᠨ ᠦᠷᠡᠵᠢᠳᠡᠭ᠃ ᠡᠢᠮᠦ ᠡᠴᠡ ᠬᠠᠯᠠᠭᠤᠨ ᠡᠴᠡ ᠵᠠᠢᠯᠠᠰᠬᠢᠭᠦ ᠵᠢᠨ ᠲᠦᠯᠦᠭᠡ ᠠᠭᠠᠷ ᠲᠤᠬᠢᠷᠠᠭᠤᠯᠤᠬᠴᠢ ᠦᠯᠢᠶᠡᠯᠭᠡᠪᠡᠯ ᠪᠡᠶ᠎ᠡ ᠮᠠᠬᠠᠪᠤᠳ᠎ᠲᠦ ᠲᠤᠩ ᠮᠠᠭᠤ ᠪᠠᠢᠳᠠᠭ᠃ ᠬᠠᠷᠢᠨ ᠡᠭᠦᠳᠡ ᠴᠤᠨᠭᠬᠤ ᠪᠠᠨ ᠰᠠᠢᠨ ᠨᠡᠭᠡᠭᠡᠵᠦ᠂ ᠰᠠᠯᠬᠢ ᠨᠡᠪᠲᠡᠷᠡᠭᠦᠯᠤᠨ ᠬᠠᠯᠠᠭᠤᠨ ᠎ᠢ ᠰᠡᠷᠭᠡᠢᠯᠡᠵᠦ ᠪᠤᠯᠤᠨ᠎ᠡ᠃


2.jpg

ᠢᠨᠭᠲᠤᠤᠷ ᠢᠯᠡᠭᠦᠤ ᠢᠳᠡᠪᠡᠯ ᠰᠠᠢᠨ

ᠵᠤᠨ᠎ᠤ ᠬᠠᠯᠠᠭᠤᠨ᠎ᠳᠦ ᠪᠢᠳᠡ ᠵᠢᠷᠦᠬᠡᠨ᠎ᠤ ᠲᠠᠮᠢᠷ᠎ᠢᠶᠡᠷ ᠪᠦᠬᠦ ᠪᠡᠶ᠎ᠡ ᠵᠢᠨ ᠰᠢᠨ᠎ᠡ ᠬᠠᠭᠤᠴᠢᠨ᠎ᠤ ᠰᠤᠯᠢᠯᠴᠠᠭ᠎ᠠ ᠵᠢ ᠠᠬᠢᠭᠤᠯᠳᠠᠭ᠃ ᠡᠨᠡ ᠤᠯᠠᠷᠢᠯ᠎ᠳᠦ ᠵᠢᠷᠦᠬᠡᠨ ᠲᠠᠮᠢᠷ ᠨᠦᠬᠦᠬᠦ᠂ ᠴᠢᠰᠦ ᠨᠦᠬᠦᠪᠦᠷᠢᠯᠡᠬᠦ᠎ᠳᠤ ᠬᠠᠮᠤᠭ ᠡᠴᠡ ᠰᠠᠢᠨ ᠵᠢᠮᠢᠰ ᠎ᠤᠨ ᠨᠢᠭᠡ ᠪᠤᠯ ᠢᠨᠭᠳᠤᠤᠷ ᠪᠤᠯᠤᠨ᠎ᠠ᠃ ᠡᠨᠡ ᠴᠠᠭ ᠤᠯᠠᠷᠢᠯ᠎ᠳᠤ ᠢᠨᠭᠳᠤᠤᠷ ᠶᠠᠭ ᠪᠤᠯᠪᠠᠰᠤᠷᠠᠵᠦ ᠵᠠᠬ᠎ᠠ᠎ᠳᠦ ᠭᠠᠷᠳᠠᠭ ᠤᠴᠢᠷ ᠡᠴᠡ ᠢᠨᠭᠲᠤᠤᠷ ᠢᠳᠡᠪᠡᠯ ᠰᠠᠢᠨ᠃


3.jpg


ᠢᠳᠡᠭᠡᠨ ᠤᠮᠳᠠᠭᠠᠨ ᠎ᠤ ᠴᠡᠭᠡᠷ ᠎ᠢ ᠠᠨᠭᠬᠠᠷᠤᠭᠠᠷᠠᠢ

ᠪᠤᠭᠤᠳᠠᠢ ᠪᠤᠯᠪᠠᠰᠤᠷᠠᠬᠤ ᠴᠠᠭ ᠤᠯᠠᠷᠢᠯ᠎ᠳᠦ ᠵᠢᠮᠢᠰ᠎ᠤᠨ ᠲᠦᠷᠦᠯ᠎ᠳᠦ ᠢᠨᠭᠲᠤᠤᠷ ᠪᠤᠯᠪᠠᠰᠤᠷᠠᠵᠦ᠂ᠠᠮᠦ ᠪᠤᠳᠠᠭᠠᠨ᠎ᠤ ᠲᠦᠷᠦᠯ᠎ᠳᠦ ᠪᠤᠭᠤᠳᠠᠢ ᠪᠤᠯᠪᠠᠰᠤᠷᠠᠵᠦ᠂ ᠪᠤᠷᠴᠠᠭ᠎ᠤᠨ ᠲᠦᠷᠦᠯ᠎ᠳᠦ ᠼᠠᠨᠳᠧᠤ ᠪᠤᠷᠴᠠᠭ ᠪᠤᠯᠪᠠᠰᠤᠷᠠᠵᠦ ᠵᠠᠬ᠎ᠠ᠎ᠳᠦ ᠭᠠᠷᠳᠠᠭ᠃ ᠭᠡᠪᠡᠴᠦ ᠵᠠᠷᠢᠮ ᠬᠦᠮᠦᠨ ᠡᠳᠡᠭᠡᠷ᠎ᠢ ᠪᠡᠯᠡᠨ ᠲᠤᠤᠷ᠎ᠡ ᠨᠢ ᠢᠳᠡᠵᠦ ᠪᠤᠯᠬᠤ ᠦᠭᠡᠢ᠃ ᠵᠢᠱ᠌ᠢᠶᠡᠯᠡᠪᠡᠯ ᠨᠠᠰᠦ ᠠᠬᠠᠰᠢᠷᠠᠬᠰᠡᠨ ᠬᠦᠮᠦᠨ ᠪᠤᠶᠤ ᠬᠢᠮᠦᠷᠠᠭ᠎ᠠ ᠲᠠᠢ᠂ ᠬᠠᠯᠠᠭᠤᠷᠠᠵᠦ ᠪᠠᠢᠭ᠎ᠠ ᠬᠦᠮᠦᠨ ᠡᠳᠡᠭᠡᠷ ᠰᠢᠨ᠎ᠡ ᠰᠤᠷᠭᠤᠭ ᠢᠳᠡᠭᠡᠨ᠎ᠢ ᠢᠳᠡᠪᠡᠯ ᠡᠪᠡᠳᠴᠢᠨ ᠨᠢ ᠨᠡᠩ ᠬᠦᠨᠳᠦᠷᠡᠬᠦ ᠠᠶᠤᠯᠲᠠᠢ᠃ ᠰᠢᠨ᠎ᠡ ᠬᠤᠷᠢᠶᠠᠬᠰᠡᠨ ᠪᠤᠭᠤᠳᠠᠢ ᠪᠡᠷ ᠪᠤᠯᠪᠠᠰᠤᠷᠠᠭᠤᠯᠤᠬᠰᠡᠨ ᠭᠤᠯᠢᠷ ᠎ᠢ ᠢᠳᠡᠳᠡᠭ ᠦᠭᠡᠢ᠂ ᠪᠤᠭᠤᠲᠠᠢ ᠪᠠᠨ ᠬᠤᠶᠠᠷ ᠰᠠᠷ᠎ᠡ ᠬᠢᠷᠢᠲᠠᠢ ᠬᠠᠳᠠᠭᠠᠵᠦ ᠪᠠᠢᠭᠠᠳ ᠡᠳ᠋ᠰᠢᠭᠦᠯᠦᠨ ᠪᠤᠯᠪᠠᠰᠤᠷᠠᠭᠤᠯᠵᠦ ᠢᠳᠡᠳᠡᠭ ᠤᠴᠢᠷᠲᠡᠢ᠂ ᠰᠢᠨ᠎ᠡ ᠰᠤᠷᠭᠤᠭ ᠼᠠᠨᠳᠧᠤ ᠪᠤᠷᠴᠠᠭ ᠠᠮᠳᠠᠳᠠᠢ ᠪᠤᠯᠪᠠᠴᠦ ᠠᠷᠠᠰᠤᠨ᠎ᠤ ᠡᠪᠡᠳᠴᠢᠨ ᠲᠠᠢ ᠬᠦᠮᠦᠨ ᠤᠢᠷᠠᠳᠤᠵᠦ ᠪᠤᠯᠳᠠᠭ ᠦᠭᠡᠢ᠃

  • ᠨᠠᠢᠷᠠᠭᠤᠯᠤᠭ᠍ᠴᠢ᠄

  • ᠨᠡᠪᠲᠡᠷᠡᠭᠦᠯᠦᠭᠴᠢ᠄

  • ᠮᠡᠷᠭᠡᠵᠢᠯ᠄

ᠨᠠᠢᠷᠠᠭᠤᠯᠤᠭ᠍ᠴᠢ᠄ ᠪᠣᠣ ᠮᠧᠢ ᠷᠥᠩ

ᠣᠷᠴᠢᠭᠤᠯᠤᠭ᠍ᠴᠢ᠄ ᠴᠡᠯᠮᠡᠭ

ᠢᠷᠡᠯᠲᠡ᠄ ᠳᠤᠮᠳᠠᠳᠤ ᠤᠯᠤᠰ᠎ᠤ᠋ᠨ ᠮᠣᠩᠭᠣᠯ ᠬᠡᠯᠡᠨ᠎ᠦ᠌ ᠰᠣᠨᠢᠨ ᠮᠡᠳᠡᠭᠡ᠎ᠶ᠋ᠢᠨ ᠰᠦᠯᠵᠢᠶ᠎ᠡ
兼容浏览器的HTML页面