24ᠴᠠᠭ ᠤᠯᠠᠷᠢᠯ > ᠪᠤᠭᠤᠳᠠᠢ ᠪᠣᠯᠪᠠᠰᠤᠷᠠᠬᠤ

2025-06-05 10:32:35

ᠵᠣᠬᠢᠶᠠᠭ᠍ᠴᠢ᠄ ᠤᠷᠠᠨᠲᠠᠨ᠎ᠠ ᠣᠩᠱᠢᠭ᠍ᠰᠠᠨ ᠣᠳᠠᠭ᠎ᠠ᠄ 3


微信图片_20250604200808.jpg


ᠠᠳᠤᠭᠤ ᠮᠠᠯ ᠲᠠᠪᠠᠲᠠᠢ ᠪᠡᠯᠴᠢᠭᠡᠷᠯᠡᠵᠦ

ᠡᠷᠳᠡ ᠵᠢᠨ ᠲᠠᠷᠢᠶ᠎ᠠ ᠪᠤᠯᠪᠠᠰᠤᠷᠠᠨ

ᠮᠠᠩᠨᠤᠭ ᠳᠠᠯ᠎ᠠ ᠵᠢᠨ ᠡᠯᠢᠭᠡᠨ᠎ᠳᠤ

ᠮᠦᠷᠦᠭᠡᠳᠦᠯᠲᠦ ᠠᠮᠢᠳᠤᠷᠠᠯ ᠵᠢᠷᠤᠭᠯᠠᠭᠳᠠᠨ᠎ᠠ᠃

ᠮᠠᠯᠵᠢᠬᠤ ᠣᠷᠣᠨ᠎ᠢᠶᠠᠷ ᠡᠨᠡ ᠦᠶ᠎ᠡ᠎ᠳᠤ ᠲᠡᠭᠷᠢ ᠬᠠᠯᠠᠭᠤᠨ ᠪᠣᠯᠵᠤ᠂ ᠬᠥᠳᠡᠭᠡ ᠨᠤᠲᠤᠭ᠎ᠲᠤ ᠡᠪᠡᠰᠦ ᠪᠡᠯᠴᠢᠭᠡᠷ ᠨᠡᠯᠢᠶᠡᠳ ᠰᠠᠢᠨ ᠤᠷᠭᠤᠬᠰᠠᠨ ᠪᠠᠢᠳᠠᠭ᠎ᠢᠶᠠᠷ ᠮᠠᠯ᠎ᠤᠨ ᠤᠰᠤᠨ ᠲᠠᠷᠭᠤ ᠠᠪᠬᠠᠭᠤᠯᠬᠤ᠎ᠶᠢ ᠭᠠᠷᠲᠠᠨ ᠬᠢᠵᠦ᠂ ᠲᠣᠰᠤᠨ ᠲᠠᠷᠭᠤ ᠠᠪᠬᠤ᠎ᠳᠤ ᠰᠠᠭᠤᠷᠢ ᠲᠠᠯᠪᠢᠬᠤ ᠴᠠᠭ ᠤᠯᠠᠷᠢᠯ ᠪᠤᠯᠤᠨ᠎ᠠ᠃



ᠪᠤᠭᠤᠳᠠᠢ ᠪᠤᠯᠪᠠᠰᠤᠷᠠᠬᠤ ᠪᠤᠯ ᠲᠠᠷᠢᠶᠠᠨ ᠠᠵᠢᠯ᠎ᠤᠨ ᠬᠠᠮᠤᠭ᠎ᠤᠨ ᠶᠠᠭᠠᠷᠠᠤ ᠦᠶ᠎ᠡ ᠶᠤᠮ᠃ ᠡᠨᠡᠬᠦ ᠴᠠᠭ ᠤᠯᠠᠷᠢᠯ᠎ᠳᠤ ᠠᠭᠠᠷ᠎ᠤᠨ ᠳᠤᠯᠠᠭᠠᠨ ᠮᠡᠳᠡᠭᠳᠡᠮ᠎ᠡ ᠳᠡᠭᠡᠭᠰᠢᠯᠡᠵᠤ᠂ ᠪᠤᠷᠤᠭᠠᠨ ᠬᠤᠷ᠎ᠠ ᠠᠷᠪᠢᠳᠴᠤ᠂ ᠠᠭᠠᠷ᠎ᠤᠨ ᠴᠢᠭᠢᠭ ᠰᠠᠢᠨ ᠪᠤᠯᠳᠠᠬ᠃

ᠪᠤᠭᠤᠳᠠᠢ ᠪᠣᠯᠪᠠᠰᠤᠷᠠᠬᠤ ᠴᠠᠭ ᠤᠯᠠᠷᠢᠯ᠎ᠳᠤ ᠡᠳᠦᠷ ᠣᠷᠳᠣ᠌ ᠰᠥᠨᠢ ᠣᠬᠣᠷ ᠪᠣᠯᠵᠤ᠂ ᠣᠷᠣᠢ ᠤᠨᠲᠠᠵᠤ ᠡᠷᠲᠡ ᠪᠣᠰᠬᠤ ᠪᠣᠯᠬᠣᠷ ᠦᠳᠡ᠎ᠳᠦ ᠵᠢᠭᠠᠬᠠᠨ ᠠᠮᠠᠷᠠᠵᠤ ᠶᠠᠳᠠᠷᠠᠭ᠎ᠠ᠎ᠪᠠᠨ ᠲᠠᠢᠯᠬᠤ ᠨᠢ ᠮᠠᠰᠢ ᠴᠢᠬᠤᠯᠠ ᠶᠤᠮ᠃ ᠡᠭᠦᠨ᠎ᠦ ᠬᠠᠮᠲᠤ ᠴᠠᠭ ᠠᠭᠤᠷ᠎ᠤᠨ ᠬᠤᠪᠢᠷᠠᠯᠲᠠ᠎ᠶᠢ ᠦᠨᠳᠦᠰᠦᠯᠡᠨ ᠬᠤᠪᠴᠠᠰᠤ ᠬᠤᠨᠠᠷ ᠵᠢᠡᠨ ᠲᠣᠬᠢᠷᠠᠭᠤᠯᠵᠤ᠂ ᠢᠳᠡᠭᠡᠨ ᠤᠮᠳᠠᠭᠠᠨ᠎ᠤ ᠲᠠᠯ᠎ᠠ᠎ᠪᠠᠷ ᠮᠢᠬ᠎ᠠ ᠳᠤᠰᠤ ᠲᠠᠢ ᠢᠳᠡᠭᠡᠨ ᠪᠠᠭ᠎ᠠ ᠢᠳᠡᠪᠡᠯ ᠵᠤᠬᠢᠨ᠎ᠠ᠃ ᠪᠡᠶ᠎ᠡ ᠮᠠᠬᠠᠪᠤᠳ᠎ᠢᠶᠠᠨ ᠴᠢᠭᠢᠷᠠᠭᠵᠢᠭᠤᠯᠬᠤ᠎ᠶᠢ ᠠᠩᠬᠠᠷᠴᠤ᠂ ᠨᠠᠷᠠᠰᠢᠬᠤ᠎ᠡᠴᠡ ᠰᠡᠷᠭᠡᠢᠯᠡᠬᠦ ᠴᠢᠬᠤᠯᠠᠲᠠᠢ ᠪᠠᠢᠳᠠᠭ᠃

  • ᠨᠠᠢᠷᠠᠭᠤᠯᠤᠭ᠍ᠴᠢ᠄

  • ᠨᠡᠪᠲᠡᠷᠡᠭᠦᠯᠦᠭᠴᠢ᠄

  • ᠮᠡᠷᠭᠡᠵᠢᠯ᠄

ᠨᠠᠢᠷᠠᠭᠤᠯᠤᠭ᠍ᠴᠢ᠄ ᠬᠦᠰᠡᠯᠡᠩ

ᠣᠷᠴᠢᠭᠤᠯᠤᠭ᠍ᠴᠢ᠄

ᠢᠷᠡᠯᠲᠡ᠄ ᠳᠤᠮᠳᠠᠳᠤ ᠤᠯᠤᠰ᠎ᠤ᠋ᠨ ᠮᠣᠩᠭᠣᠯ ᠬᠡᠯᠡᠨ᠎ᠦ᠌ ᠰᠣᠨᠢᠨ ᠮᠡᠳᠡᠭᠡ᠎ᠶ᠋ᠢᠨ ᠰᠦᠯᠵᠢᠶ᠎ᠡ
兼容浏览器的HTML页面