ᠤᠯᠤᠰ᠎ᠤᠨ ᠰᠢᠯᠭᠠᠯᠲᠠ > ᠨᠢᠭᠡᠲᠦᠯᠲᠡᠢ ᠰᠢᠯᠭᠠᠯᠲᠠ᠎ᠶ᠋ᠢᠨ ᠬᠠᠯᠠᠭᠤᠨ ᠮᠡᠳᠡᠭᠡ

2022-06-08 09:50:50

ᠵᠣᠬᠢᠶᠠᠭ᠍ᠴᠢ᠄ ​ᠨᠠᠪᠴᠢ ᠣᠩᠱᠢᠭ᠍ᠰᠠᠨ ᠣᠳᠠᠭ᠎ᠠ᠄ 3

ᠵᠦᠢᠯ᠎ᠤᠨ ᠴᠡᠴᠡᠭ ᠮᠢᠷᠠᠯᠵᠠᠨ ᠳᠡᠯᠬᠡᠷᠡᠭᠰᠡᠨ 6 ᠰᠠᠷ᠎ᠠ ᠵᠢᠨ 7 ᠤ᠋ ᠡᠳᠦᠷ᠂ ᠮᠠᠨ᠎ᠤ ᠤᠷᠤᠨ᠎ᠤ 14.5 ᠲᠦᠮᠡᠨ ᠰᠢᠯᠭᠠᠭᠤᠯᠤᠭᠰᠠᠳ ᠰᠤᠷᠤᠯᠭ᠎ᠠ ᠠᠮᠢᠳᠤᠷᠠᠯ᠎ᠤᠨ ᠵᠠᠮ ᠳ᠋ᠡᠬᠢ ᠴᠢᠬᠤᠯᠠ ᠨᠢᠬᠡᠨ ᠰᠢᠯᠭᠠᠯᠳᠠ ᠪᠤᠯᠬᠤ ᠤᠯᠤᠰ᠎ᠤᠨ ᠨᠢᠬᠡᠳᠦᠯᠳᠡᠢ ᠰᠢᠯᠭᠠᠯᠳᠠ ᠵᠢᠨ ᠠᠩᠬᠠᠨ᠎ᠤ ᠡᠳᠦᠷ᠎ᠵᠢᠡᠨ ᠤᠭᠳᠤᠯ᠎ᠠ᠃

ᠰᠤᠷᠪᠤᠯᠵᠢᠯᠠᠭᠴᠢ ᠦᠷᠯᠦᠬᠡ ᠡᠷᠳᠡᠯᠡᠨ ᠬᠦᠬᠡᠬᠤᠳᠠ ᠵᠢᠨ ᠭᠤᠴᠢᠨ ᠨᠠᠢ᠍ᠮᠠᠳᠤᠭᠠᠷ ᠳᠤᠮᠳᠠᠳᠤ ᠰᠤᠷᠭᠠᠭᠤᠯᠢ ᠵᠢᠨ ᠰᠢᠯᠭᠠᠯᠳᠠ ᠵᠢᠨ ᠴᠡᠭ ᠲᠤ᠌ ᠬᠦᠷᠬᠦ ᠳ᠋ᠤ ᠵᠠᠮ ᠬᠠᠷᠢᠯᠴᠠᠭᠠᠨ᠎ᠤ ᠴᠠᠭᠳᠠᠭ᠎ᠠ ᠨᠠᠷ ᠪᠠ ᠬᠤᠳᠠ ᠵᠢᠨ ᠬᠠᠮᠢᠶᠠᠷᠤᠯᠳᠠ ᠵᠢᠨ ᠠᠵᠢᠯᠳᠠᠨ ᠵᠡᠷᠬᠡ ᠰᠢᠯᠭᠠᠯᠳᠠ ᠳ᠋ᠤ ᠦᠢᠯᠡᠴᠢᠯᠡᠬᠦ ᠡᠯ᠎ᠠ ᠰᠠᠯᠠᠭ᠎ᠠ ᠮᠦᠴᠢᠷ᠎ᠤᠨ ᠬᠢᠨ ᠠᠵᠢᠯ᠎ᠤᠨ ᠪᠠᠢᠷᠢ ᠳ᠋ᠠᠭᠠᠨ ᠭᠠᠷᠴᠤ᠂ ᠰᠢᠯᠭᠠᠯᠳᠠ ᠵᠢᠨ ᠴᠡᠭ ᠤ᠋ᠨ ᠤᠢᠷ᠎ᠠ ᠬᠠᠪᠢ ᠵᠢᠨ ᠡᠮᠬᠢ ᠲᠢᠭᠯᠢᠮ ᠪᠠ ᠵᠠᠮ ᠬᠠᠷᠢᠯᠴᠠᠭ᠎ᠠ ᠵᠢ ᠵᠠᠬᠢᠷᠤᠨ ᠬᠠᠮᠢᠶᠠᠷᠴᠤ ᠪᠠᠢᠯ᠎ᠠ᠃

8 ᠴᠠᠭ ᠤ᠋ᠨ ᠦᠶ᠎ᠠ ᠪᠡᠷ᠂ ᠬᠦᠬᠡᠬᠤᠳᠠ ᠵᠢᠨ ᠮᠤᠩᠭᠤᠯ ᠦᠨᠳᠦᠰᠦᠳᠡᠨ᠎ᠤ ᠰᠤᠷᠭᠠᠭᠤᠯᠢ ᠵᠢᠨ ᠬᠢᠨ ᠰᠢᠯᠭᠠᠯᠳᠠ ᠳ᠋ᠤ ᠤᠷᠤᠯᠴᠠᠬᠤ ᠰᠤᠷᠤᠭᠴᠢᠳ ᠵᠢᠡᠨ ᠳᠤᠰᠬᠠᠢ ᠠᠶᠠᠨᠴᠢᠳ᠎ᠤᠨ ᠮᠠᠰᠢᠨ ᠵᠢᠡᠷ ᠰᠢᠯᠭᠠᠯᠳᠠ ᠵᠢᠨ ᠳᠠᠯᠠᠪᠠᠢ ᠳ᠋ᠤ ᠬᠦᠷᠬᠡᠨ ᠢᠷᠡᠭᠰᠡᠨ ᠪᠠᠢᠯ᠎ᠠ᠃ ᠰᠢᠯᠭᠠᠯᠳᠠ ᠵᠢᠨ ᠳᠠᠯᠠᠪᠠᠢ ᠳ᠋ᠤ ᠤᠷᠤᠬᠤ ᠪᠡᠷ ᠠᠩᠬᠢ ᠵᠢᠨ ᠡᠷᠬᠢᠯᠡᠭᠴᠢ ᠪᠠᠭᠰᠢ ᠨᠠᠷ ᠨᠢ 《ᠴᠢᠷᠮᠠᠢ ! ᠯᠠᠪᠳᠠᠭᠤᠨ ᠪᠠᠢᠭᠠᠷᠠᠢ!》 ᠬᠡᠵᠦ ᠰᠤᠷᠤᠭᠴᠢᠳ ᠳᠠᠭᠠᠨ ᠳᠠᠬᠢᠨ ᠳᠠᠪᠳᠠᠨ ᠵᠠᠬᠢᠵᠤ ᠯᠡ ᠪᠠᠢᠯ᠎ᠠ᠃ ᠪᠠᠭᠰᠢ ᠪᠠ ᠬᠡᠷ᠎ᠤᠨ ᠠᠬᠠᠮᠠᠳ᠎ᠤᠨ ᠵᠢᠡᠨ ᠤᠷᠮᠠᠰᠢᠭᠤᠯᠤᠯ ᠵᠤᠷᠢᠭᠵᠢᠭᠤᠯᠤᠯ ᠵᠢᠡᠷ ᠰᠢᠯᠭᠠᠭᠤᠯᠤᠭᠰᠠᠳ ᠮᠠᠨᠢ ᠰᠢᠯᠭᠠᠯᠳᠠ ᠵᠢᠨ ᠳᠠᠯᠠᠪᠠᠢ ᠳ᠋ᠤ ᠢᠳᠡᠬᠡᠯ ᠳᠡᠬᠦᠯᠳᠡᠷ ᠤᠷᠤᠵᠠᠭᠠᠵᠤ ᠪᠠᠢᠯ᠎ᠠ᠃ ᠬᠦᠬᠡᠬᠤᠳᠠ ᠵᠢᠨ ᠮᠤᠩᠭᠤᠯ ᠦᠨᠳᠦᠰᠦᠳᠡᠨ᠎ᠤ ᠰᠤᠷᠭᠠᠭᠤᠯᠢ ᠵᠢᠨ ᠦᠨᠳᠦᠷ ᠭᠤᠷᠪᠠ ᠵᠢᠨ ᠠᠩᠬᠢ ᠵᠢᠨ ᠡᠷᠬᠢᠯᠡᠭᠴᠢ ᠠᠯᠳᠠᠨᠳᠤᠶᠠᠭ᠎ᠠ᠄ 《2020 ᠤᠨ ᠡᠴᠡ ᠨᠠᠭᠠᠰᠢ ᠰᠤᠷᠤᠭᠴᠢᠳ 3 ᠤᠳᠠᠭ᠎ᠠ ᠵᠢᠨ ᠰᠦᠯᠵᠢᠶᠡᠨ ᠬᠢᠴᠢᠶᠡᠯ᠎ᠢ ᠦᠩᠬᠡᠷᠡᠬᠦᠯᠦᠭᠰᠡᠨ᠃ ᠬᠡᠦᠬᠡᠳ ᠤ᠋ᠳ ᠦᠨᠡᠬᠡᠷ ᠠᠮᠠᠷ ᠦᠬᠡᠢ᠃ ᠰᠢᠯᠭᠠᠯᠳᠠ ᠳ᠋ᠤ ᠤᠷᠤᠯᠴᠠᠵᠤ ᠪᠠᠢᠭ᠎ᠠ ᠪᠦᠬᠦ ᠰᠤᠷᠤᠭᠴᠢᠳ ᠲᠠᠭᠠᠨ ᠠᠮᠵᠢᠯᠳᠠ ᠬᠦᠰᠡᠶ᠎ᠠ᠃ ᠬᠦᠰᠡᠭᠰᠡᠨ ᠰᠠᠨᠠᠭᠰᠠᠨ ᠰᠤᠷᠭᠠᠭᠤᠯᠢ ᠳ᠋ᠠᠭᠠᠨ ᠤᠷᠤᠬᠤ ᠪᠤᠯᠳᠤᠭᠠᠢ!》 ᠬᠡᠵᠦ ᠬᠦᠰᠡᠨ ᠵᠦᠩᠨᠡᠵᠦ ᠪᠠᠢᠯ᠎ᠠ᠃

ᠬᠦᠬᠡᠬᠤᠳᠠ ᠵᠢᠨ ᠲᠦᠮᠡᠳ ᠳᠤᠮᠳᠠᠳᠤ ᠰᠤᠷᠭᠠᠭᠤᠯᠢ ᠵᠢᠨ ᠪᠠᠭᠰᠢ ᠨᠠᠷ ᠴᠸ᠋ ᠳᠤᠰ ᠰᠢᠯᠭᠠᠯᠳᠠ ᠵᠢᠨ ᠴᠡᠭ ᠲᠤ᠌ ᠬᠦᠷᠦᠯᠴᠡᠨ ᠢᠷᠡᠵᠦ ᠰᠤᠷᠤᠭᠴᠢᠳ ᠵᠢᠡᠨ ᠵᠤᠷᠢᠭᠵᠢᠭᠤᠯᠵᠤ ᠪᠠᠢᠯ᠎ᠠ᠃《ᠪᠢᠳᠡᠨ᠎ᠤ ᠨᠠᠮ᠎ᠤᠨ ᠡᠬᠦᠷ᠎ᠤᠨ ᠪᠦᠬᠦ ᠨᠠᠮ᠎ᠤᠨ ᠬᠡᠰᠢᠬᠦᠨ ᠪᠠᠭᠰᠢᠨᠠᠷ ᠲᠦᠷᠪᠡᠨ ᠳᠤᠭᠤᠢᠯᠠᠩ ᠬᠤᠪᠢᠶᠠᠵᠤ ᠰᠢᠨ᠎ᠡ ᠬᠤᠳᠠ ᠳᠤᠭᠤᠷᠢᠭ᠎ᠤᠨ ᠲᠦᠷᠪᠡᠨ ᠰᠢᠯᠭᠠᠯᠳᠠ ᠵᠢᠨ ᠴᠡᠭ ᠲᠤ᠌ ᠬᠦᠷᠴᠦ᠂ ᠰᠤᠷᠤᠭᠴᠢᠳ ᠪᠠ ᠬᠡᠷ᠎ᠤᠨ ᠠᠬᠠᠮᠠᠳ ᠲᠠᠭᠠᠨ ᠦᠢᠯᠡᠴᠢᠯᠡᠵᠦ ᠪᠠᠢᠨ᠎ᠠ》 ᠬᠡᠵᠦ ᠳᠤᠰ ᠰᠤᠷᠭᠠᠭᠤᠯᠢ ᠵᠢᠨ ᠡᠦ ᠢᠤᠢ ᠲᠢᠩ ᠪᠠᠭᠰᠢ ᠶᠠᠷᠢᠨ᠎ᠠ᠃ 《ᠡᠨᠡ ᠦᠶ᠎ᠠ ᠳ᠋ᠤ ᠪᠢᠳᠡ ᠬᠡᠳᠦᠢᠪᠡᠷ ᠰᠤᠷᠤᠭᠴᠢᠳ ᠳᠠᠭᠠᠨ ᠶᠠᠮᠠᠷ ᠴᠤ᠌ ᠬᠠᠪᠰᠤᠷᠤᠮᠵᠢ ᠪᠤᠯᠵᠤ ᠳᠡᠢᠯᠬᠦ ᠦᠬᠡᠢ ᠪᠤᠯᠪᠠᠴᠤ ᠰᠤᠷᠤᠭᠴᠢᠳ ᠮᠠᠨᠢ ᠪᠠᠭᠰᠢᠨᠠᠷ᠎ᠤᠨ ᠵᠢᠡᠨ ᠰᠢᠯᠭᠠᠯᠳᠠ ᠵᠢᠨ ᠳᠠᠯᠠᠪᠠᠢ ᠳ᠋ᠤ ᠪᠠᠢᠭ᠎ᠠ ᠵᠢ ᠬᠠᠷᠠᠪᠠᠯ ᠤᠯᠠᠮ ᠤᠮᠤᠭᠰᠢᠨ ᠵᠤᠷᠢᠭᠵᠢᠬᠤ ᠪᠤᠯᠪᠠᠤ᠂ ᠪᠠᠴᠢᠮᠳᠠᠵᠤ ᠰᠠᠨᠳᠤᠷᠴᠤ ᠪᠠᠢᠭᠰᠠᠨ ᠰᠡᠳᠬᠢᠯ ᠨᠢ ᠳᠠᠢᠪᠤᠰᠢᠷᠠᠭᠠᠳ ᠢᠷᠡᠬᠦ ᠪᠤᠯᠪᠠᠤ ᠬᠡᠮᠡᠨ ᠪᠤᠳᠤᠭᠠᠳ ᠬᠦᠷᠴᠦ ᠢᠷᠡᠭᠰᠡᠨ》 ᠬᠡᠵᠦ ᠳᠤᠰ ᠰᠤᠷᠭᠠᠭᠤᠯᠢ ᠵᠢᠨ ᠪᠠᠢ ᠴᠤᠯᠮᠤᠨ ᠪᠠᠭᠰᠢ ᠶᠠᠷᠢᠵᠤ ᠪᠠᠢᠯ᠎ᠠ᠃

ᠬᠦᠬᠡᠬᠤᠳᠠ ᠵᠢᠨ ᠮᠤᠩᠭᠤᠯ ᠦᠨᠳᠦᠰᠦᠳᠡᠨ᠎ᠤ ᠰᠤᠷᠭᠠᠭᠤᠯᠢ ᠵᠢᠨ ᠰᠢᠯᠭᠠᠭᠤᠯᠤᠭᠴᠢ ᠵᠤᠯᠠ ᠡᠵᠢ ᠲᠠᠢ ᠪᠠᠨ ᠬᠤᠶᠠᠭᠤᠯᠠ ᠡᠷᠳᠡᠯᠡᠨ ᠰᠢᠯᠭᠠᠯᠳᠠ ᠵᠢᠨ ᠳᠠᠯᠠᠪᠠᠢ ᠳ᠋ᠤ ᠬᠦᠷᠴᠦ ᠢᠷᠡᠬᠡᠳ ᠬᠦᠯᠢᠶᠡᠨ᠎ᠡ᠃ ᠪᠢᠳᠡ ᠵᠢᠨᠴᠤᠸᠠᠨ ᠨᠡᠬᠡᠬᠡᠯᠳᠡ ᠵᠢᠨ ᠳᠤᠭᠤᠷᠢᠭ ᠲᠤ᠌ ᠰᠠᠭᠤᠳᠠᠭ ᠪᠤᠯᠬᠤᠷ ᠡᠷᠳᠡᠯᠡᠨ ᠢᠷᠡᠴᠢᠬᠡᠵᠡᠢ ᠬᠡᠵᠦ ᠵᠤᠯᠠ ᠵᠢᠨ ᠡᠵᠢ ᠨᠢ ᠱᠤ᠌ ᠹᠠᠩ ᠶᠠᠷᠢᠨ᠎ᠠ᠃ ᠲᠡᠷᠡ᠄ 《ᠬᠡᠦᠬᠡᠨ ᠮᠠᠨᠢ ᠵᠢᠷᠤᠭ ᠰᠤᠷᠬᠤ ᠳᠤᠷ᠎ᠠ ᠪᠠᠬ᠎ᠠ ᠳᠠᠢ ᠪᠤᠯᠬᠤᠷ ᠦᠨᠳᠦᠷ ᠳᠤᠮᠳᠠᠳᠤ ᠡᠴᠡ ᠪᠠᠨ ᠡᠬᠢᠯᠡᠵᠦ ᠵᠢᠷᠤᠭ ᠰᠤᠷᠴᠠᠢ᠃ ᠦᠨᠦ ᠳᠤᠰᠬᠠᠢ ᠮᠡᠷᠬᠡᠵᠢᠯ᠎ᠤᠨ ᠬᠤᠪᠢ ᠨᠢ ᠵᠢᠩᠬᠢᠨᠢ ᠠᠩᠬᠢ ᠵᠢᠨ ᠬᠤᠪᠢ ᠵᠢᠨ ᠱᠤᠭᠤᠮ᠎ᠢ ᠦᠩᠬᠡᠷᠡᠬᠡᠳ ᠪᠤᠢ᠃ ᠰᠤᠶᠤᠯ᠎ᠤᠨ ᠬᠢᠴᠢᠶᠡᠯ ᠵᠢᠡᠨ ᠰᠠᠢᠨ ᠰᠢᠯᠭᠠᠵᠤ ᠬᠦᠰᠡᠭᠰᠡᠨ ᠰᠠᠨᠠᠭᠰᠠᠨ ᠰᠤᠷᠭᠠᠭᠤᠯᠢ ᠳ᠋ᠠᠭᠠᠨ ᠤᠷᠤᠬᠤ ᠵᠢ ᠬᠦᠰᠡᠨ᠎ᠡ》 ᠬᠡᠵᠦ ᠰᠤᠷᠪᠤᠯᠵᠢᠯᠠᠭᠴᠢ ᠳ᠋ᠤ ᠶᠠᠷᠢᠨ᠎ᠠ᠃

ᠰᠢᠯᠭᠠᠯᠳᠠ ᠵᠢᠨ ᠴᠡᠭ ᠲᠤ᠌ ᠨᠤᠭᠤᠭᠠᠨ ᠬᠤᠪᠴᠠᠰᠤ ᠳᠠᠢ ᠰᠠᠢᠨ ᠳᠤᠷ᠎ᠠ ᠵᠢᠨ ᠦᠢᠯᠡᠴᠢᠯᠡᠭᠰᠡᠳ ᠵᠠᠮ ᠤ᠋ᠨ ᠬᠤᠶᠠᠷ ᠳᠠᠯ᠎ᠠ ᠪᠡᠷ ᠮᠦᠷᠯᠡᠨ ᠵᠢᠭᠰᠠᠨ ᠵᠤᠭᠰᠤᠵᠤ᠂ ᠰᠢᠯᠭᠠᠯᠳᠠ ᠵᠢᠨ ᠴᠡᠭ ᠤ᠋ᠨ ᠡᠬᠢ ᠲᠢᠭᠯᠢᠮ ᠢ᠋ ᠬᠠᠮᠠᠭᠠᠯᠠᠬᠤ ᠳ᠋ᠤ ᠬᠠᠪᠰᠤᠷᠤᠨ ᠦᠢᠯᠡᠴᠢᠯᠡᠨ᠎ᠡ᠃ ᠡᠳᠡᠬᠡᠷ ᠰᠤᠷᠤᠭᠴᠢᠳ ᠪᠤᠯ ᠬᠦᠬᠡᠬᠤᠳᠠ ᠵᠢᠨ ᠭᠤᠴᠢᠨ ᠨᠠᠢ᠍ᠮᠠᠳᠤᠭᠠᠷ ᠳᠤᠮᠳᠠᠳᠤ ᠰᠤᠷᠭᠠᠭᠤᠯᠢ ᠵᠢᠨ ᠰᠤᠷᠤᠭᠴᠢᠳ ᠵᠢᠠᠷ ᠪᠦᠷᠢᠯᠳᠦᠭᠰᠡᠨ ᠤᠯᠤᠰ ᠤ᠋ᠨ ᠨᠢᠬᠡᠳᠦᠯᠳᠡᠢ ᠰᠢᠯᠭᠠᠯᠳᠠ ᠳ᠋ᠤ ᠦᠢᠯᠡᠴᠢᠯᠡᠬᠦ ᠰᠠᠢᠨ ᠳᠤᠷ᠎ᠠ ᠵᠢᠨ ᠦᠢᠯᠡᠴᠢᠯᠡᠬᠡᠨ ᠤ᠋ ᠠᠩᠬᠢ ᠪᠤᠯᠤᠨ᠎ᠠ᠃ 《ᠰᠤᠷᠭᠠᠭᠤᠯᠢ ᠡᠴᠡ ᠨᠢᠬᠡᠳᠦᠯᠳᠡᠢ ᠰᠢᠯᠭᠠᠯᠳᠠ ᠳ᠋ᠤ ᠦᠢᠯᠡᠴᠢᠯᠡᠬᠦ ᠰᠠᠢᠨ ᠳᠤᠷ᠎ᠠ ᠵᠢᠨ ᠦᠢᠯᠡᠴᠢᠯᠡᠭᠴᠢ ᠡᠯᠰᠡᠬᠦ ᠳ᠋ᠤ ᠪᠤᠰᠤᠳ ᠢ᠋ ᠬᠠᠪᠰᠤᠷᠴᠤ᠂ ᠪᠤᠰᠤᠳ ᠲᠤ᠌ ᠦᠢᠯᠡᠴᠢᠯᠡᠬᠦ ᠪᠤᠳᠤᠯ ᠵᠢᠡᠷ ᠮᠠᠨ᠎ᠤ ᠰᠤᠷᠭᠠᠭᠤᠯᠢ ᠵᠢᠨ 200 ᠭᠠᠷᠤᠢ ᠰᠤᠷᠤᠭᠴᠢ ᠨᠡᠷ᠎ᠠ ᠮᠡᠳᠡᠬᠦᠯᠵᠦ ᠤᠷᠤᠯᠴᠠᠵᠠᠢ᠃ ᠦᠨᠤᠳᠤᠷ ᠰᠢᠯᠭᠠᠯᠳᠠ ᠳ᠋ᠤ ᠤᠷᠤᠬᠤ ᠬᠡᠵᠦ ᠪᠠᠢᠭ᠎ᠠ ᠠᠬ᠎ᠠ ᠡᠬᠡᠴᠢ ᠨᠠᠷ ᠴᠠᠭ ᠮᠢᠨᠦ᠋ᠲ᠎ᠢ ᠠᠯᠳᠠᠯ ᠦᠬᠡᠢ ᠨᠤᠮ ᠵᠢᠡᠨ ᠤᠷᠪᠠᠭᠤᠯᠵᠤ ᠳᠠᠪᠳᠠᠵᠤ ᠪᠠᠢᠭ᠎ᠠ ᠵᠢ ᠬᠠᠷᠠᠭᠠᠳ ᠰᠤᠷᠤᠯᠭ᠎ᠠ ᠳ᠋ᠠᠭᠠᠨ ᠨᠡᠩ ᠰᠠᠢᠨ ᠴᠢᠷᠮᠠᠢᠬᠤ ᠪᠤᠳᠤᠯ ᠤᠷᠤᠯ᠎ᠠ︾ᠬᠡᠵᠦ ᠱᠢ ᠶᠤᠸᠠᠢ ᠤᠯᠤᠯᠳᠠ ᠲᠦᠷᠦᠭᠳᠡᠯ ᠵᠢᠡᠨ ᠶᠠᠷᠢᠨ᠎ᠠ᠃

  • ᠨᠠᠢᠷᠠᠭᠤᠯᠤᠭ᠍ᠴᠢ᠄

  • ᠨᠡᠪᠲᠡᠷᠡᠭᠦᠯᠦᠭᠴᠢ᠄

  • ᠮᠡᠷᠭᠡᠵᠢᠯ᠄

ᠨᠠᠢᠷᠠᠭᠤᠯᠤᠭ᠍ᠴᠢ᠄ ᠤᠶᠤᠨᠲᠠᠨ᠎ᠠ

ᠣᠷᠴᠢᠭᠤᠯᠤᠭ᠍ᠴᠢ᠄

ᠢᠷᠡᠯᠲᠡ᠄ ᠳᠤᠮᠳᠠᠳᠤ ᠤᠯᠤᠰ᠎ᠤ᠋ᠨ ᠮᠣᠩᠭᠣᠯ ᠬᠡᠯᠡᠨ᠎ᠦ᠌ ᠰᠣᠨᠢᠨ ᠮᠡᠳᠡᠭᠡ᠎ᠶ᠋ᠢᠨ ᠰᠦᠯᠵᠢᠶ᠎ᠡ
兼容浏览器的HTML页面