ᠤᠯᠤᠰ᠎ᠤᠨ ᠰᠢᠯᠭᠠᠯᠲᠠ > ᠨᠢᠭᠡᠲᠦᠯᠲᠡᠢ ᠰᠢᠯᠭᠠᠯᠲᠠ᠎ᠶ᠋ᠢᠨ ᠬᠠᠯᠠᠭᠤᠨ ᠮᠡᠳᠡᠭᠡ

2022-06-08 09:42:34

ᠵᠣᠬᠢᠶᠠᠭ᠍ᠴᠢ᠄ ᠣᠩᠱᠢᠭ᠍ᠰᠠᠨ ᠣᠳᠠᠭ᠎ᠠ᠄ 3

6 ᠰᠠᠷ᠎ᠠ᠎ᠶ᠋ᠢᠨ 7᠎ᠤ ᠡᠳᠦᠷ᠎ᠤᠨ 8 ᠴᠠᠬ᠎ᠲᠦ᠂ ᠬᠤᠷᠴᠢᠨ ᠲᠤᠭᠤᠷᠢᠬ᠎ᠤᠨ ᠰᠢᠯᠭᠠᠯᠲᠠ ᠵᠢᠨ ᠴᠡᠭ ᠪᠤᠯᠬᠤ ᠲᠥᠩᠯᠢᠶᠤᠤ ᠮᠤᠩᠭᠤᠯ ᠥᠨᠳᠥᠰᠥᠲᠠᠨ᠎ᠤ ᠳᠤᠮᠳᠠᠳᠤ ᠰᠤᠷᠭᠠᠭᠤᠯᠢ ᠵᠢᠨ ᠰᠢᠯᠭᠠᠯᠲᠠ ᠵᠢᠨ ᠲᠠᠯᠠᠪᠠᠢ ᠳ᠋ᠤ᠂ ᠱᠢᠯᠭᠠᠭᠤᠯᠤᠬᠰᠠᠳ ᠵᠠᠮ ᠬᠠᠷᠢᠯᠴᠠᠭᠠᠨ᠎ᠤ ᠴᠠᠬᠳᠠᠭ᠎ᠠ ᠵᠢᠨ ᠬᠠᠮᠠᠭᠠᠯᠠᠯᠲᠠ ᠳᠤᠤᠷ᠎ᠠ᠂ ᠪᠡᠶ᠎ᠡ ᠵᠢᠨ ᠥᠨᠡᠮᠯᠡᠯ᠎ᠤᠨ ᠬᠠᠷᠭᠤᠭᠤᠯᠤᠯᠲᠠ᠂ ᠪᠡᠶ᠎ᠡ ᠵᠢᠨ ᠬᠠᠯᠠᠭᠤᠨ᠎ᠤ ᠪᠠᠢᠴᠠᠭᠠᠯᠳᠠ ᠬᠢᠵᠦ᠂ ᠲᠤᠰ ᠲᠤᠰ᠎ᠤᠨ ᠰᠢᠯᠭᠠᠯᠲᠠ ᠵᠢᠨ ᠲᠠᠯᠠᠪᠠᠢ ᠳ᠋ᠠᠭᠠᠨ ᠤᠷᠤᠵᠠᠭᠠᠵᠤ ᠡᠬᠢᠯᠡᠪᠡ᠃

2022 ᠣᠨ᠎ᠳᠤ ᠲᠤᠰ ᠬᠣᠲᠠ᠎ᠶ᠋ᠢᠨ ᠤᠯᠤᠰ᠎ᠤᠨ ᠨᠢᠭᠡᠳᠥᠯᠲᠠᠢ ᠱᠢᠯᠭᠠᠯᠲᠠ᠎ᠳᠤ ᠨᠡᠷ᠎ᠡ ᠮᠡᠳᠡᠭᠦᠯᠦᠭ᠌ᠰᠡᠨ ᠬᠥᠮᠦᠨ᠎ᠦ ᠲᠣᠭ᠎ᠠ 25462 ᠪᠠᠢᠵᠤ᠂ ᠨᠢᠳᠤᠨᠤᠨ᠎ᠤ ᠬᠢ᠎ᠡᠴᠡ 1741 ᠬᠥᠮᠦᠨ ᠨᠡᠮᠡᠭ᠌ᠳᠡᠵᠡᠶ᠃ ᠪᠥᠬᠥ᠌ ᠬᠣᠲᠠ᠎ᠳᠤ ᠨᠡᠢᠲᠡ 8 ᠱᠢᠯᠭᠠᠯᠲᠠ᠎ᠶ᠋ᠢᠨ ᠲᠣᠭᠣᠷᠢᠭ᠂ 17 ᠱᠢᠯᠭᠠᠯᠲᠠ᠎ᠶ᠋ᠢᠨ ᠴᠡᠭ᠂ 702 ᠱᠢᠯᠭᠠᠯᠲᠠ᠎ᠶ᠋ᠢᠨ ᠲᠠᠯᠠᠪᠠᠢ ᠲᠤᠬᠢᠷᠠᠭᠤᠯᠪᠠ᠃ ᠡᠭᠦᠨ᠎ᠦ ᠬᠠᠮᠲᠤ᠂ ᠥᠪᠡᠷᠲᠡᠭᠡᠨ ᠵᠠᠰᠠᠬᠤ ᠣᠷᠣᠨ᠎ᠤ ᠱᠠᠭᠠᠷᠳᠠᠯᠭ᠎ᠠ ᠶᠣᠰᠣᠭᠠᠷ᠂ ᠲᠤᠰ ᠬᠣᠲᠠ᠎ᠶ᠋ᠢᠨ 8 ᠬᠣᠱᠢᠭᠤ ᠱᠢᠶᠠᠨ ᠬᠣᠲᠠ ᠲᠣᠭᠣᠷᠢᠭ᠎ᠲᠤ ᠴᠥᠮ 1 ᠲᠤᠰᠠᠭᠠᠷᠯᠠᠭ᠍ᠰᠠᠨ ᠱᠢᠯᠭᠠᠯᠲᠠ᠎ᠶ᠋ᠢᠨ ᠴᠡᠭ᠎ᠢ ᠨᠡᠮᠡᠵᠦ᠍ ᠲᠣᠬᠢᠷᠠᠭᠤᠯᠪᠠ᠃ ᠡᠯ᠎ᠡ ᠱᠢᠯᠭᠠᠯᠲᠠ᠎ᠶ᠋ᠢᠨ ᠲᠣᠭᠣᠷᠢᠭ᠎ᠲᠤ ᠪᠠᠰᠠ ᠣᠨᠴᠠᠭᠠᠶ ᠱᠢᠯᠭᠠᠯᠲᠠ᠎ᠶ᠋ᠢᠨ ᠲᠠᠯᠠᠪᠠᠢ ᠵᠢ ᠪᠡᠯᠡᠳᠭᠡᠨ ᠲᠤᠬᠢᠷᠠᠭᠤᠯᠵᠤ᠂ ᠣᠨᠣᠱᠢᠯᠠᠭ᠍ᠰᠠᠨ ᠡᠪᠡᠳᠴᠢᠨ᠎ᠦ ᠵᠢᠱ᠌ᠢᠶ᠎ᠡ᠂ ᠡᠪᠡᠳᠴᠢᠨ᠎ᠦ ᠢᠯᠡᠷᠡᠯ ᠥᠬᠡᠶ ᠬᠠᠯᠳᠠᠪᠤᠷᠢᠯᠠᠭ᠍ᠰᠠᠳ᠂ ᠨᠢᠭ᠍ᠲᠠ ᠣᠢᠷᠠᠲᠤᠭ᠍ᠰᠠᠳ ᠵᠡᠷᠭᠡ ᠣᠨᠴᠠᠭᠠᠶ ᠱᠢᠯᠭᠠᠭᠤᠯᠤᠭ᠍ᠰᠠᠳ᠎ᠢ ᠡᠮᠨᠡᠯᠭᠡ᠎ᠶ᠋ᠢᠨ ᠬᠣᠷᠢᠶᠠᠨ᠎ᠤ ᠱᠢᠯᠭᠠᠯᠲᠠ ᠶ᠋ᠢᠨ ᠲᠠᠯᠠᠪᠠᠢ᠂ ᠲᠤᠰᠠᠭᠠᠷᠯᠠᠬᠤ ᠴᠡᠭ᠎ᠦᠨ ᠱᠢᠯᠭᠠᠯᠲᠠ᠎ᠶ᠋ᠢᠨ ᠲᠠᠯᠠᠪᠠᠢ ᠪᠡᠷ ᠳᠠᠮᠵᠢᠭᠤᠯᠤᠨ ᠱᠢᠯᠭᠠᠯᠲᠠ᠎ᠳᠤ ᠣᠷᠣᠯᠴᠠᠭᠤᠯᠬᠤ ᠪᠠᠷ ᠲᠣᠬᠢᠷᠠᠭᠤᠯᠤᠬᠰᠠᠨ ᠪᠠᠢᠨ᠎ᠠ᠃

6 ᠰᠠᠷ᠎ᠠ᠎ᠶ᠋ᠢᠨ 7᠎ᠤ ᠡᠳᠦᠷ᠂ ᠤᠯᠠᠭᠠᠨᠴᠠᠪ ᠬᠣᠲᠠ᠎ᠶ᠋ᠢᠨ 17373 ᠱᠢᠯᠭᠠᠭᠤᠯᠤᠭ᠍ᠰᠡᠳ ᠱᠢᠯᠭᠠᠯᠲᠠ ᠎ᠶ᠋ᠢᠨ ᠲᠠᠯᠠᠪᠠᠶ᠎ᠳᠤ ᠤᠷᠤᠵᠤ᠂ ᠱᠢᠯᠭᠠᠯᠲᠠ ᠪᠠᠨ ᠤᠭ᠍ᠲᠤᠪᠠ᠃

ᠡᠨᠡ ᠵᠢᠯ ᠤᠯᠠᠭᠠᠨᠴᠠᠪ ᠬᠣᠲᠠ ᠨᠡᠢᠲᠡ 11 ᠱᠢᠯᠭᠠᠯᠲᠠ᠎ᠶ᠋ᠢᠨ ᠲᠣᠭᠣᠷᠢᠭ᠂ 15 ᠱᠢᠯᠭᠠᠯᠲᠠ᠎ᠶ᠋ᠢᠨ ᠴᠡᠭ᠂ 520 ᠱᠢᠯᠭᠠᠯᠲᠠ᠎ᠶ᠋ᠢᠨ ᠲᠠᠯᠠᠪᠠᠶ ᠭᠠᠷᠭᠠᠬᠤ ᠵᠢᠨ ᠬᠠᠮᠲᠤ ᠪᠠᠰᠠ 15 ᠪᠡᠯᠡᠳᠭᠡᠯ ᠱᠢᠯᠭᠠᠯᠲᠠ᠎ᠶ᠋ᠢᠨ ᠴᠡᠭ ᠭᠠᠷᠭᠠᠵᠠᠶ᠃ ᠬᠢᠵᠢᠭ᠎ᠦᠨ ᠪᠠᠢᠳᠠᠯ᠎ᠢ ᠰᠡᠷᠭᠡᠢᠯᠡᠨ ᠡᠵᠡᠮᠳᠡᠬᠦ᠌ ᠱᠠᠭᠠᠷᠳᠠᠯᠭ᠎ᠠ ᠶᠣᠰᠣᠭᠠᠷ᠂ ᠲᠣᠰ ᠬᠣᠲᠠ᠎ᠶ᠋ᠢᠨ ᠡᠯ᠎ᠡ ᠭᠠᠵᠠᠷ᠎ᠲᠤ ᠴᠥᠮ ᠡᠮᠨᠡᠯᠭᠡ᠎ᠶ᠋ᠢᠨ ᠬᠣᠷᠢᠶᠠᠨ᠎ᠤ ᠱᠢᠯᠭᠠᠯᠲᠠ᠎ᠶ᠋ᠢᠨ ᠲᠠᠯᠠᠪᠠᠢ ᠪᠠ ᠲᠤᠰᠠᠭᠠᠷᠯᠠᠬᠤ ᠴᠡᠭ᠎ᠦᠨ ᠱᠢᠯᠭᠠᠯᠲᠠ᠎ᠶ᠋ᠢᠨ ᠲᠠᠯᠠᠪᠠᠢ ᠨᠡᠮᠡᠵᠦ᠍ ᠭᠠᠷᠭᠠᠪᠠ᠃ ᠱᠢᠯᠭᠠᠯᠲᠠ᠎ᠶ᠋ᠢᠨ ᠤᠷᠤᠭ᠍ᠰᠢᠲᠠᠶ ᠶᠠᠪᠤᠭ᠍ᠳᠠᠬᠤ᠎ᠶ᠋ᠢ ᠪᠠᠲᠤᠯᠠᠬᠤ᠎ᠶ᠋ᠢᠨ ᠲᠥᠯᠥᠭᠡ᠂ ᠲᠤᠰ ᠬᠤᠲᠠ ᠵᠢᠨ ᠡᠪᠡᠳᠴᠢᠨ ᠡᠮᠭᠡᠭ᠎ᠢ ᠰᠡᠷᠭᠡᠢᠯᠡᠨ ᠡᠵᠡᠮᠳᠡᠬᠦ᠌᠂ ᠳᠣᠲᠣᠭᠠᠳᠤ᠎ᠶ᠋ᠢ ᠬᠠᠮᠠᠭᠠᠯᠠᠬᠤ᠂ ᠵᠠᠮ ᠬᠠᠷᠢᠯᠴᠠᠭᠠᠨ᠎ᠤ ᠴᠠᠭ᠍ᠳᠠᠭ᠎ᠠ᠂ ᠬᠣᠲᠠ᠎ᠶ᠋ᠢᠨ ᠬᠠᠮᠢᠶᠠᠷᠤᠯᠲᠠ ᠵᠢᠴᠢ ᠬᠠᠢᠷ᠎ᠠ ᠬᠠᠯᠠᠮᠵᠢᠲᠤ ᠠᠵᠤ ᠠᠬᠤᠢᠯᠠᠯ᠂ ᠰᠠᠢᠨ ᠳᠤᠷᠠᠴᠤᠳ ᠬᠠᠮᠲᠤ ᠪᠡᠷ ᠬᠥᠳᠡᠯᠦᠯᠴᠡᠨ ᠬᠠᠮᠵᠢᠯᠴᠠᠵᠤ᠂ ᠱᠢᠯᠭᠠᠭᠤᠯᠤᠭ᠍ᠰᠠᠳ᠎ᠲᠤ ᠠᠮᠤᠷ ᠲᠦᠪᠱᠢᠨ᠂ ᠨᠠᠮ ᠵᠢᠮ᠂ ᠰᠠᠨᠠᠭ᠎ᠠ ᠠᠮᠤᠷ ᠱᠢᠯᠭᠠᠯᠲᠠ᠎ᠶ᠋ᠢᠨ ᠣᠷᠴᠢᠨ ᠨᠥᠬᠥᠴᠡᠯ᠎ᠢ ᠪᠣᠶ ᠪᠤᠯᠭᠠᠨ ᠦᠭᠴᠤ ᠪᠤᠢ᠃

6 ᠰᠡᠷ᠎ᠠ ᠵᠢᠨ 7 ᠎ᠤ᠎ᠡᠳᠦᠷ᠂ ᠪᠤᠭᠤᠲᠤ ᠬᠤᠳᠠ ᠵᠢᠨ ᠤᠯᠤᠰ᠎ᠤᠨ ᠨᠢᠭᠡᠳᠦᠯᠳᠠᠢ ᠱᠢᠯᠭᠠᠯᠳᠠ ᠎ᠳᠤ ᠨᠡᠢ᠌ᠳᠡ 12409 ᠨᠡᠷᠡᠰ ᠱᠢᠯᠭᠠᠭᠤᠯᠤᠬ᠍ᠰᠠᠳ ᠵᠢᠪᠬᠤᠭ᠎ᠠ ᠲᠡᠭᠦᠯᠳᠡᠷ ᠵᠢᠡᠷ ᠡᠨᠡ ᠬᠦ᠌ ᠡᠷᠳᠡᠮ ᠰᠤᠶᠤᠯ᠎ᠤᠨ ᠮᠦᠷ᠎ᠤᠨ ᠬᠢᠨᠢ ᠰᠢᠨᠳᠠᠰᠤ ᠱᠢᠯᠭᠠᠬᠤ ᠲᠤᠮᠤ ᠱᠢᠯᠭᠠᠯᠳᠠ ᠳ᠋ᠠᠭᠠᠨ ᠤᠷᠤᠯᠴᠠᠬ᠍ᠰᠠᠨ ᠪᠠᠢ᠌ᠨ᠎ᠠ᠃

ᠡᠨᠡ ᠵᠢᠯ ᠪᠤᠭᠤᠲᠤ ᠬᠤᠳᠠ ᠵᠢᠨ ᠤᠯᠤᠰ᠎ᠤᠨ ᠨᠢᠭᠡᠳᠦᠯᠳᠡᠢ ᠱᠢᠯᠭᠠᠯᠳᠠ ᠳ᠋ᠤ ᠨᠡᠷ᠎ᠠ ᠮᠡᠳᠡᠭᠦᠯᠦᠭ᠌ᠰᠡᠨ ᠬᠦᠮᠦᠨ᠎ᠤ ᠲᠤᠭ᠎ᠠ 15724 ᠬᠦᠮᠦᠨ ᠪᠠᠢ᠌ᠵᠦ᠍᠂ ᠤᠯᠤᠰ᠎ᠤᠨ ᠨᠢᠭᠡᠳᠦᠯᠳᠠᠢ ᠱᠢᠯᠭᠠᠯᠳᠠ ᠳ᠋ᠤ ᠤᠷᠤᠯᠴᠠᠬ᠍ᠰᠠᠨ ᠬᠦᠮᠦᠨ᠎ᠤ ᠲᠤᠭ᠎ᠠ 12409 ᠬᠦᠮᠦᠨ ᠪᠠᠢ᠌ᠨ᠎ᠠ᠃ ᠪᠦᠬᠦ᠌ ᠬᠤᠳᠠ ᠪᠡᠷ ᠵᠢᠡᠨ10 ᠱᠢᠯᠭᠠᠯᠳᠠ ᠵᠢᠨ ᠲᠤᠭᠤᠷᠢᠭ ᠭᠠᠷᠭᠠᠵᠦ᠍᠂ ᠨᠡᠢ᠌ᠳᠡ16 ᠱᠢᠯᠭᠠᠯᠳᠠ ᠵᠢᠨ ᠴᠡᠭ᠂ 431 ᠵᠢᠩᠬᠢᠨᠢ ᠱᠢᠯᠭᠠᠯᠳᠠ ᠵᠢᠨ ᠲᠠᠯᠠᠪᠠᠢ ᠪᠤᠯᠤᠨ 48 ᠪᠡᠯᠡᠳᠭᠡᠯ ᠲᠤᠰᠠᠭᠠᠷᠯᠠᠬ᠍ᠰᠠᠨ ᠱᠢᠯᠭᠠᠯᠳᠠ ᠵᠢᠨ ᠲᠠᠯᠠᠪᠠᠢ ᠭᠠᠷᠭᠠᠵᠦ᠍᠂ ᠱᠢᠯᠭᠠᠯᠳᠠ ᠨᠢ ᠪᠦᠷ ᠪᠠᠷᠢᠮᠵᠢᠶᠠᠵᠢᠬ᠍ᠰᠠᠨ ᠱᠢᠯᠭᠠᠯᠳᠠ ᠵᠢᠨ ᠲᠠᠯᠠᠪᠠᠢ ᠳ᠋ᠦ ᠶᠠᠪᠤᠬ᠍ᠳᠠᠬ᠍ᠰᠠᠨ ᠪᠠᠢ᠌ᠨ᠎ᠠ᠃

ᠪᠤᠭᠤᠲᠤ ᠬᠤᠳᠠ ᠤᠯᠤᠰ᠎ᠤᠨ ᠨᠢᠭᠡᠳᠦᠯᠳᠠᠢ ᠱᠢᠯᠭᠠᠯᠳᠠ ᠵᠢᠨ ᠬᠢᠵᠢᠭ᠎ᠢ ᠰᠡᠷᠭᠡᠢ᠌ᠯᠡᠬᠦ᠌ ᠵᠡᠷᠭᠡ ᠡᠯ᠎ᠠ ᠲᠠᠯ᠎ᠠ ᠵᠢᠨ ᠪᠡᠯᠡᠳᠭᠡᠯ ᠠᠵᠢᠯ ᠵᠢᠡᠨ ᠬᠢᠨᠠᠮᠠᠭᠠᠢ ᠰᠠᠢᠳᠤᠷ ᠬᠢᠵᠦ᠍᠂ ᠱᠢᠯᠭᠠᠯᠳᠠ ᠵᠢᠨ ᠲᠦᠷᠦᠬᠦᠦ ᠡᠳᠦᠷ᠎ᠤᠨ ᠡᠮᠬᠢ ᠲᠢᠭ᠌ᠯᠢᠮ ᠤ᠋ᠨ ᠪᠠᠢ᠌ᠳᠠᠯ ᠰᠠᠢ᠌ᠨ ᠪᠠᠢ᠌ᠯ᠎ᠠ᠃

6 ᠰᠠᠷ᠎ᠠ ᠵᠢᠨ 7 ᠎ᠤ ᠡᠳᠦᠷ᠂ ᠰᠢᠯᠢᠡᠭᠬᠤᠳᠠ ᠳ᠋ᠤ ᠲᠡᠭᠷᠢ ᠴᠡᠯᠮᠡᠢᠵᠦ ᠨᠠᠷᠠ ᠲᠤᠡᠭᠭᠠᠯᠠᠬᠰᠢᠬᠰᠠᠨ ᠰᠠᠢᠬᠠᠨ ᠡᠳᠦᠷ ᠪᠤᠯᠵᠤ᠂ ᠵᠡᠮ ᠵᠢᠠᠷ ᠲᠠᠪᠬᠢᠬᠤ ᠲᠡᠷᠭᠡ ᠤᠨᠤᠭ᠎ᠠ ᠮᠠᠰᠢ ᠡᠮᠬᠢ ᠲᠢᠭᠯᠢᠮ ᠲᠠᠢ ᠪᠡᠷ ᠤᠷᠤᠭᠰᠢᠯᠠᠬᠤ ᠪᠦᠭᠡᠳ ᠶᠡᠷᠦᠳᠡ ᠵᠢᠨ ᠴᠠᠭ᠎ᠢ ᠪᠤᠳᠤᠪᠠᠯ ᠲᠠᠭᠤ ᠱᠤᠤᠬᠢᠶᠠᠨ ᠢᠯᠡᠳᠳᠡ ᠨᠠᠮᠳᠠᠬᠰᠠᠨ ᠮᠡᠳᠤ ᠪᠠᠢᠯ᠎ᠠ᠃ ᠰᠤᠷᠪᠤᠯᠵᠢᠯᠠᠭᠴᠢ ᠰᠢᠯᠢ ᠵᠢᠨ ᠭᠤᠤᠯ ᠠᠢᠮᠠᠭ᠎ᠤᠨ ᠰᠤᠷᠭᠠᠨ ᠬᠦᠮᠦᠵᠢᠯ᠎ᠤᠨ ᠲᠤᠪᠴᠢᠶᠠᠨ ᠡᠴᠡ ᠤᠢᠯᠠᠭᠠᠭᠰᠠᠨ ᠵᠢᠠᠷ᠂ ᠲᠤᠰ ᠠᠢᠮᠠᠭ᠎ᠤᠨ 8419 ᠰᠢᠯᠭᠠᠭᠤᠯᠤᠬᠰᠠᠳ ᠤᠯᠤᠰ᠎ᠤᠨ ᠨᠢᠭᠡᠳᠦᠯᠳᠠᠢ ᠰᠢᠯᠭᠠᠯᠳᠠ ᠳ᠋ᠤ ᠨᠡᠷ᠎ᠡ ᠮᠡᠳᠡᠭᠦᠯᠵᠦ᠂ 6176 ᠬᠦᠮᠦᠨ ᠨᠢᠭᠡᠳᠦᠯᠳᠡᠢ ᠰᠢᠯᠭᠠᠯᠳᠠ ᠳ᠋ᠤ ᠤᠷᠤᠯᠴᠠᠵᠠᠢ᠃ ᠪᠦᠬᠦ ᠠᠢᠮᠠᠭ᠎ᠤᠨ 13 ᠬᠤᠰᠢᠭᠤ ᠰᠢᠶᠠᠨ ᠬᠤᠳᠠ(ᠲᠤᠭᠤᠷᠢᠭ) ᠳ᠋ᠤ ᠨᠡᠢᠳᠡ15 ᠰᠢᠯᠭᠠᠯᠳᠠ ᠵᠢᠨ ᠴᠡᠭ ᠲᠤᠬᠢᠷᠠᠭᠤᠯᠵᠠᠢ᠃ ᠡᠬᠥᠨ᠎ᠤ ᠬᠠᠮᠳᠤ ᠲᠤᠰ ᠠᠢᠮᠠᠭ ᠨᠡᠢᠳᠡ 13 ᠪᠡᠯᠡᠳᠭᠡᠯ ᠰᠢᠯᠭᠠᠯᠳᠠ ᠵᠢᠨ ᠴᠡᠭ ᠪᠠ 312 ᠪᠡᠯᠡᠳᠭᠡᠯ ᠰᠢᠯᠭᠠᠯᠳᠠ ᠵᠢᠨ ᠲᠠᠯᠠᠪᠠᠢ ᠲᠤᠬᠢᠷᠠᠭᠤᠯᠵᠤ᠂ ᠪᠡᠯᠡᠳᠭᠡᠯ ᠰᠢᠯᠭᠠᠯᠳᠠ ᠵᠢᠨ ᠴᠡᠭ ᠪᠠ ᠪᠡᠯᠡᠳᠭᠡᠯ ᠰᠢᠯᠭᠠᠯᠳᠠ ᠵᠢᠨ ᠲᠤᠭ᠎ᠠ ᠬᠡᠮᠵᠢᠶ᠎ᠡ ᠵᠢ ᠬᠢᠵᠢᠭ᠎ᠤᠨ ᠪᠠᠢᠳᠠᠯ᠎ᠢ ᠦᠨᠳᠦᠰᠤᠯᠨᠨ ᠲᠤᠬᠠᠢ ᠵᠢᠨ ᠴᠠᠭ ᠲᠤᠨᠢ ᠨᠡᠮᠡᠨ ᠲᠤᠬᠢᠷᠠᠭᠤᠯᠵᠠᠢ᠃

6 ᠰᠡᠷ᠎ᠠ᠎ᠵᠢᠨ 7᠎ᠤ ᠡᠳᠤᠷ᠎ᠤᠨ ᠥᠳᠡ᠎ᠶᠢᠨ ᠡᠮᠥᠨᠡᠬᠢ 8 ᠴᠠᠬ ᠬᠠᠭᠠᠰ᠎ᠤᠨ ᠥᠶᠡᠰ᠎ᠢᠶᠡᠷ᠂ ᠰᠣᠷᠪᠣᠯᠵᠢᠯᠠᠬ᠍ᠴᠢ ᠣᠷᠳᠣᠰ ᠬᠣᠳᠠ᠎ᠵᠢᠨ ᠬᠢᠶ᠎ᠠ ᠪᠠᠬ᠍ᠰᠢ ᠱᠢᠨ᠎ᠠ ᠳᠣᠭᠣᠷᠢᠬ ᠲᠥ᠍ ᠪᠠᠢ᠌ᠷᠢᠯᠠᠵᠣ ᠪᠠᠢ᠌ᠭ᠎ᠠ ᠣᠷᠳᠣᠰ ᠬᠣᠳᠠ᠎ᠵᠢᠨ ᠨᠢᠬᠡᠳᠣᠬᠡᠷ ᠳᠣᠮᠳᠠᠳᠣ ᠰᠣᠷᠭᠠᠭᠣᠯᠢ ᠵᠢᠨ ᠱᠢᠯᠭᠠᠯᠳᠠ᠎ᠵᠢᠨ ᠲᠠᠯᠠᠪᠡᠢ ᠳ᠋ᠤ ᠬᠥᠷᠬᠥ᠌ ᠳ᠋ᠤ᠂ ᠰᠣᠷᠭᠠᠭᠣᠯᠢ᠎ᠵᠢᠨ ᠡᠬᠥᠳᠠ ᠪᠡᠷ ᠶᠠᠪᠣᠬᠣ ᠵᠠᠮ᠎ᠢ ᠪᠢᠳᠡᠬᠥᠮᠵᠢᠯᠠᠵᠣ᠂ᠰᠣᠷᠭᠠᠭᠣᠯᠢ᠎ᠵᠢᠨ ᠬᠥᠷᠢᠶᠠᠨ᠎ᠦ ᠡᠬᠥᠳᠡᠨ ᠲᠡᠬᠡᠷ᠎ᠠ ᠠᠮᠣᠷ᠎ᠢ ᠬᠠᠮᠠᠭᠠᠯᠠᠬᠣ ᠴᠠᠬ᠍ᠳᠠᠭ᠎ᠠ᠂ ᠡᠷᠡᠬᠥᠯ ᠬᠠᠮᠠᠭᠠᠯᠠᠯ᠎ᠦᠨ ᠰᠠᠯᠠᠭ᠎ᠠ ᠮᠥᠴᠢᠷ᠎ᠦᠨ ᠡᠮᠴᠢ ᠰᠣᠪᠢᠯᠠᠬ᠍ᠴᠢ᠂ ᠰᠣᠷᠭᠠᠨ ᠬᠥᠮᠥᠵᠢᠯ᠎ᠦᠨ ᠰᠠᠯᠠᠭ᠎ᠠ ᠮᠥᠴᠢᠷ᠎ᠦᠨ ᠪᠠᠬ᠍ᠰᠢ ᠠᠵᠢᠯᠳᠠᠨ ᠨᠠᠷ ᠵᠣᠬ᠍ᠰᠣᠵᠣ᠂ ᠰᠣᠷᠭᠠᠭᠣᠯᠢ᠎ᠵᠢᠨ ᠡᠷᠳᠡ᠎ᠡᠴᠨ ᠳᠣᠬᠢᠷᠠᠭᠣᠯᠣᠬ᠍ᠰᠠᠨ ᠱᠢᠯᠭᠠᠭᠣᠯᠣᠬ᠍ᠰᠠᠳ᠎ᠦᠨ ᠣᠷᠣᠬᠣ ᠵᠠᠮ᠎ᠶ᠋ᠢᠡᠷ ᠰᠣᠷᠣᠬ᠍ᠴᠢᠳ ᠪᠥᠬᠥᠨ ᠵᠢᠡᠷ ᠵᠢᠡᠨ ᠠᠮᠠᠪᠴᠢ ᠵᠡᠬᠥᠵᠣ᠂ ᠪᠡᠶ᠎ᠠ᠎ᠵᠢᠨ ᠬᠠᠯᠠᠭᠤᠨ᠎ᠶ᠋ᠢᠡᠨ ᠪᠠᠢ᠌ᠴᠠᠭᠠᠯᠭᠠᠵᠣ᠂ ᠪᠡᠶ᠎ᠠ᠎ᠵᠢᠨ ᠥᠨᠠᠮᠯᠠᠯ ᠪᠣᠯᠣᠨ ᠱᠢᠯᠭᠠᠭᠣᠯᠬᠣ᠎ᠶ᠋ᠢ ᠵᠥᠪᠱᠢᠶᠡᠷᠡᠬᠥᠯᠥᠭ᠌ᠰᠡᠨ ᠥᠨᠠᠮᠯᠠᠯ᠎ᠶ᠋ᠢᠡᠨ ᠠᠪᠴᠥ᠍᠂ ᠡᠮᠬᠢ ᠴᠡᠭ᠌ᠴᠨ᠎ᠲᠡᠢ ᠮᠥᠷᠯᠡᠨ ᠣᠷᠣᠵᠣ ᠪᠠᠢ᠌ᠯ᠎ᠠ᠃

ᠡᠨᠡ ᠵᠢᠯ᠂ ᠣᠷᠳᠣᠰ ᠬᠣᠳᠠ᠎ᠵᠢᠨ 10446 ᠰᠢᠯᠭᠠᠭᠤᠯᠤᠬᠰᠠᠳ ᠤᠯᠤᠰ᠎ᠤᠨ ᠨᠢᠭᠡᠳᠤᠯᠳᠠᠢ ᠱᠢᠯᠭᠠᠯᠳᠠ ᠳ᠋ᠤ ᠣᠷᠣᠯᠴᠠᠪᠠ᠃ ᠲᠡᠳᠠ ᠪᠥᠬᠥ᠌ ᠬᠣᠳᠠ ᠵᠢᠨ 9 ᠬᠣᠱᠢᠭᠣᠨ᠎ᠤ 9 ᠱᠢᠯᠭᠠᠯᠳᠠ᠎ᠵᠢᠨ ᠳᠣᠭᠣᠷᠢᠬ᠎ᠦᠨ 14 ᠱᠢᠯᠭᠠᠯᠳᠠ ᠵᠢᠨ ᠴᠡᠭ᠎ᠦᠨ 369 ᠱᠢᠯᠭᠠᠯᠳᠠ ᠵᠢᠨ ᠲᠠᠯᠠᠪᠡᠢ᠎ᠳ᠋ᠤ ᠱᠢᠯᠭᠠᠯᠳᠠ ᠳ᠋ᠤ ᠣᠷᠣᠯᠴᠠᠪᠠ᠃

6 ᠰᠠᠷ᠎ᠠ᠎ᠶᠢᠨ 7᠎ᠤ ᠡᠳᠦᠷ᠂ ᠪᠠᠶᠠᠨᠨᠠᠭᠤᠷ ᠬᠣᠲᠠ᠎ᠶᠢᠨ 8829 ᠰᠢᠯᠭᠠᠭᠤᠯᠤᠭᠰᠠᠳ ᠰᠢᠯᠭᠠᠯᠲᠠ᠎ᠶᠢᠨ ᠲᠠᠯᠠᠪᠠᠶ᠎ᠳᠤ ᠣᠷᠣᠵᠤ᠂ ᠬᠦᠰᠡᠯ ᠵᠡᠭᠦᠳᠦ᠎ᠪᠡᠨ ᠬᠥᠭᠡᠭᠡᠴᠡᠯᠳᠦᠨ᠂ ᠬᠥᠮᠦᠨ᠎ᠦ ᠠᠮᠢᠳᠤᠷᠠᠯ᠎ᠤᠨ ᠶᠡᠬᠡ ᠰᠢᠯᠭᠠᠯᠲᠠ᠎ᠶᠢ ᠤᠭᠲᠤᠪᠠ᠃

ᠬᠢᠵᠢᠭ᠎ᠦᠨ ᠪᠠᠢᠳᠠᠯ᠎ᠢ ᠰᠡᠷᠭᠡᠢᠯᠡᠨ ᠡᠵᠡᠮᠳᠡᠬᠦ ᠱᠠᠭᠠᠷᠳᠠᠯᠭ᠎ᠠ᠎ᠶᠢ ᠦᠨᠳᠦᠰᠦᠯᠡᠨ᠂ ᠪᠣᠶ ᠪᠥᠬᠥᠶ ᠰᠢᠯᠭᠠᠭᠤᠯᠤᠭᠰᠠᠳ ᠰᠢᠯᠭᠠᠯᠲᠠ᠎ᠠᠴᠠ 14 ᠡᠳᠦᠷ᠎ᠦᠨ ᠡᠮᠦᠨ᠎ᠡ ᠪᠡᠶ᠎ᠡ᠎ᠶᠢᠨ ᠬᠠᠯᠠᠭᠤᠨ᠎ᠤ ᠪᠠᠢᠴᠠᠭᠠᠯᠲᠠ ᠬᠢᠵᠦ᠂ ᠡᠷᠡᠭᠦᠯ ᠮᠡᠨᠳᠦ᠎ᠶᠢᠨ ᠮᠡᠳᠡᠭᠦᠯᠦᠯᠲᠡ ᠬᠢᠵᠦ᠂ ᠰᠢᠯᠭᠠᠯᠲᠠ᠎ᠠᠴᠠ 48 ᠴᠠᠭ᠎ᠤᠨ ᠡᠮᠦᠨ᠎ᠡ ᠪᠠᠰᠠ ᠪᠥᠭᠡᠮ ᠬᠦᠴᠢᠯ᠎ᠦᠨ ᠪᠠᠢᠴᠠᠭᠠᠯᠲᠠ ᠬᠢᠵᠦ᠂ ᠰᠢᠯᠭᠠᠯᠲᠠ᠎ᠶᠢᠨ ᠲᠠᠯᠠᠪᠠᠶ᠎ᠳᠤ ᠠᠳᠠᠯᠢᠬᠠᠨ ᠠᠷᠢᠭᠤᠳᠬᠠᠯ ᠬᠢᠵᠦ᠂ ᠬᠢᠵᠢᠭ᠎ᠢ ᠰᠡᠷᠭᠡᠢᠯᠡᠬᠦ ᠡᠳ᠋ ᠪᠣᠳᠠᠰ ᠨᠥᠭᠡᠴᠡᠯᠡᠬᠦ᠎ᠶᠢᠨ ᠬᠠᠮᠲᠤ ᠲᠤᠰᠠᠭᠠᠷᠯᠠᠬᠤ ᠪᠡᠯᠡᠳᠬᠡᠯ ᠰᠢᠯᠭᠠᠯᠲᠠ᠎ᠶᠢᠨ ᠲᠠᠯᠠᠪᠠᠶ ᠳᠣᠭᠢᠷᠠᠭᠤᠯᠪᠠ᠃

ᠥᠷᠯᠥᠭᠡ ᠡᠷᠲᠡ᠂ ᠪᠠᠶᠠᠨᠨᠠᠭᠤᠷ ᠬᠣᠲᠠ᠎ᠶᠢᠨ ᠯᠢᠨ ᠾᠧ ᠲᠣᠭᠣᠷᠢᠭ᠎ᠤᠨ ᠨᠢᠭᠡᠳᠦᠭᠡᠷ ᠳᠤᠮᠳᠠᠳᠤ ᠰᠤᠷᠭᠠᠭᠤᠯᠢ᠎ᠶᠢᠨ ᠭᠠᠳᠠᠨ᠎ᠠ᠂ ᠰᠢᠯᠭᠠᠭᠤᠯᠤᠭᠰᠠᠳ ᠰᠢᠯᠭᠠᠭᠤᠯᠬᠤ᠎ᠶᠢ ᠵᠥᠪᠰᠢᠶᠡᠷᠡᠭᠰᠡᠨ ᠦᠨᠡᠮᠯᠡᠯ᠂ ᠪᠡᠶ᠎ᠡ᠎ᠶᠢᠨ ᠦᠨᠡᠮᠯᠡᠯ᠂ ᠪᠥᠭᠡᠮ ᠬᠦᠴᠢᠯ᠎ᠦᠨ ᠪᠠᠢᠴᠠᠭᠠᠯᠲᠠ ᠎ᠶᠢᠨ ᠮᠡᠳᠡᠭᠦᠯᠦᠯᠲᠡ᠎ᠪᠡᠨ ᠠᠪᠴᠤ᠂ ᠪᠡᠶ᠎ᠡ᠎ᠶᠢᠨ ᠬᠠᠯᠠᠭᠤᠨ ᠎ᠢ ᠪᠠᠢᠴᠠᠭᠠᠯᠭᠠᠵᠦ᠂ ᠰᠢᠯᠭᠠᠯᠲᠠ᠎ᠶᠢᠨ ᠲᠠᠯᠠᠪᠠᠶ᠎ᠳᠤ ᠡᠮᠬᠢ ᠵᠢᠷᠤᠮ ᠲᠠᠢ ᠤᠷᠤᠵᠠᠭᠠᠪᠠ᠃ ᠦᠳᠡ᠎ᠶᠢᠨ ᠡᠮᠦᠨ᠎ᠡ᠎ᠶᠢᠨ 11 ᠴᠠᠭ ᠬᠠᠭᠠᠰ᠎ᠲᠤ᠂ ᠬᠡᠯᠡ ᠪᠢᠴᠢᠭ᠎ᠤᠨ ᠰᠢᠯᠭᠠᠯᠲᠠ᠎ᠶᠢᠨ ᠴᠠᠭ ᠲᠠᠭᠤᠰᠴᠤ᠂ ᠰᠢᠯᠭᠠᠭᠤᠯᠤᠭᠰᠠᠳ ᠪᠦᠯᠦᠭ ᠪᠦᠯᠦᠭ᠎ᠢᠶᠡᠷ ᠰᠢᠯᠭᠠᠯᠲᠠ᠎ᠶᠢᠨ ᠲᠠᠯᠠᠪᠠᠢ᠎ᠡᠴᠡ ᠭᠠᠷᠴᠤ ᠢᠷᠡᠨ᠂ ᠴᠢᠷᠠᠢ ᠲᠡᠭᠡᠷ᠎ᠡ ᠨᠢ ᠢᠳᠡᠭᠡᠯ ᠲᠦᠭᠦᠷᠡᠩ ᠮᠦᠰᠢᠶᠡᠯ ᠲᠤᠳᠤᠷᠠᠵᠤ ᠪᠠᠢᠯ᠎ᠠ᠃ ᠬᠠᠮᠤᠭ᠎ᠤᠨ ᠡᠮᠦᠨ᠎ᠡ ᠰᠢᠯᠭᠠᠯᠲᠠ᠎ᠶᠢᠨ ᠲᠠᠯᠠᠪᠠᠢ᠎ᠡᠴᠡ ᠭᠠᠷᠴᠤ ᠢᠷᠡᠭᠰᠡᠨ ᠰᠢᠯᠭᠠᠭᠤᠯᠤᠭᠴᠢ ᠵᠠᠩ ᠵᠢᠶᠠ ᠱᠢᠨ ᠰᠡᠳᠭᠢᠯ ᠲᠤᠭᠳᠤᠯᠤᠨ ᠠᠩᠬᠢ ᠵᠢᠨ ᠪᠠᠭᠰᠢ ᠲᠠᠢ ᠪᠠᠨ ᠲᠡᠪᠡᠷᠢᠯᠳᠦᠵᠦ᠄ 《ᠦᠳᠡ᠎ᠶᠢᠨ ᠡᠮᠦᠨ᠎ᠡ᠎ᠶᠢᠨ ᠬᠡᠯᠡ ᠪᠢᠴᠢᠭ᠎ᠤᠨ ᠰᠢᠯᠭᠠᠯᠲᠠ ᠨᠡᠯᠢᠶᠡᠳ ᠵᠦᠭᠡᠷ ᠰᠠᠨᠠᠭᠳᠠᠨ᠎ᠠ᠂ ᠦᠳᠡ᠎ᠶᠢᠨ ᠬᠤᠢᠨ᠎ᠠ᠎ᠶᠢᠨ ᠲᠤᠭᠠᠨ᠎ᠤ ᠰᠢᠯᠭᠠᠯᠲᠠ᠎ᠳᠤ ᠰᠠᠢᠨ ᠰᠢᠯᠭᠠᠬᠤ᠎ᠳᠤ ᠢᠳᠡᠭᠡᠯ ᠲᠠᠢ ᠪᠠᠢᠨ᠎ᠠ》 ᠬᠡᠮᠡᠨ ᠶᠠᠷᠢᠨ᠎ᠠ᠃

(ᠲᠤᠰ ᠰᠤᠨᠢᠨ᠎ᠤ ᠰᠤᠷᠪᠤᠯᠵᠢᠯᠠᠬᠴᠢ ᠪᠤᠤ ᠴᠢᠩ ᠱᠧᠩ᠂ ᠬᠠᠢ ᠵᠢᠶᠦ᠋ᠨ᠂ ᠸ·ᠭᠡᠷᠡᠯᠳᠤ᠂ ᠪᠢᠯᠢᠭᠪᠡᠭᠠᠳᠤᠷ᠂ ᠡᠷᠳᠡᠨᠢᠵᠢᠷᠭᠠᠯ᠂ ᠲᠡᠭᠦᠰᠪᠢᠯᠢᠭ ᠰᠤᠷᠪᠤᠯᠵᠢᠯᠠᠨ ᠮᠡᠳᠡᠭᠡᠯᠡᠪᠡ)

  • ᠨᠠᠢᠷᠠᠭᠤᠯᠤᠭ᠍ᠴᠢ᠄

  • ᠨᠡᠪᠲᠡᠷᠡᠭᠦᠯᠦᠭᠴᠢ᠄

  • ᠮᠡᠷᠭᠡᠵᠢᠯ᠄

ᠨᠠᠢᠷᠠᠭᠤᠯᠤᠭ᠍ᠴᠢ᠄ ᠤᠶᠤᠨᠲᠠᠨ᠎ᠠ

ᠣᠷᠴᠢᠭᠤᠯᠤᠭ᠍ᠴᠢ᠄

ᠢᠷᠡᠯᠲᠡ᠄ ᠳᠤᠮᠳᠠᠳᠤ ᠤᠯᠤᠰ᠎ᠤ᠋ᠨ ᠮᠣᠩᠭᠣᠯ ᠬᠡᠯᠡᠨ᠎ᠦ᠌ ᠰᠣᠨᠢᠨ ᠮᠡᠳᠡᠭᠡ᠎ᠶ᠋ᠢᠨ ᠰᠦᠯᠵᠢᠶ᠎ᠡ
兼容浏览器的HTML页面