2022-05-18 09:45:09
ᠰᠤᠷᠪᠤᠯᠵᠢᠯᠠᠭᠴᠢ ᠲᠤᠮᠳᠠᠳᠤ ᠤᠯᠤᠰᠤᠨ ᠠᠷᠠᠳ ᠤ᠋ᠨ ᠪᠠᠩᠭᠢ ᠢ᠋ᠢᠨ ᠬᠦᠬᠡᠬᠤᠳᠡ ᠢ᠋ᠢᠨ ᠭᠤᠤᠯ ᠰᠠᠯᠪᠤᠷᠢ ᠪᠠᠩᠭᠢ ᠡᠴᠡ ᠤᠢᠯᠠᠭᠠᠭᠰᠠᠨ ᠢ᠋ᠢᠡᠷ᠂ 4 ᠰᠠᠷ᠎ᠠ ᠢ᠋ᠢᠨ ᠰᠡᠭᠦᠯᠴᠢ ᠪᠣᠯᠲᠠᠯ᠎ᠠ ᠪᠥᠬᠥ᠌ ᠣᠷᠣᠨ ᠤ᠋ 7 ᠠᠢᠮᠠᠭ ᠬᠣᠲᠠ ᠤᠷᠢᠳ ᠬᠣᠵᠢᠳ 100 ᠭᠠᠷᠤᠶ ᠠᠵᠤ ᠠᠬᠤᠢᠯᠠᠯᠳᠤ ᠮᠤᠵᠢ ᠰᠤᠡᠳᠠᠯᠠᠨ ᠤᠨᠳᠤᠤ ᠭᠠᠵᠠᠷ ᠲᠦ᠍ ᠡᠯᠧᠺᠲ᠋ᠷᠣᠨ ᠭᠠᠢᠯᠢ ᠲᠤᠱᠢᠶᠠᠬᠤ ᠲᠤᠬᠠᠢᠯᠠᠭ᠍ᠰᠠᠨ ᠠᠵᠢᠯᠢ 1028 ᠬᠤᠪᠢ ᠬᠦᠢᠴᠡᠳᠭᠡᠨ ᠦᠭᠴᠤ᠂ ᠵᠣᠭᠣᠰ ᠤ᠋ᠨ ᠲᠣᠭᠠᠨᠢ 9.19 ᠳ᠋ᠦᠩᠱᠢᠭᠤᠷ ᠲᠥᠭᠥᠷᠢᠭᠲᠦ ᠬᠦᠷᠴᠡᠶ᠃ ᠲᠣᠰ ᠲᠤᠬᠠᠢᠯᠠᠭ᠍ᠰᠠᠨ ᠠᠵᠢᠯᠢ ᠨᠢᠭᠡᠨᠲᠡ ᠪᠥᠬᠥ᠌ ᠤᠯᠤᠰ ᠤ᠋ᠨ15 ᠮᠤᠵᠢ᠂ 30 ᠭᠠᠷᠤᠶ ᠬᠤᠳᠠᠯᠳᠤᠭᠠᠨ ᠤ᠋ ᠪᠠᠩᠬᠢ ᠬᠦᠷᠲᠡᠯ᠎ᠡ ᠦᠷᠭᠡᠳᠭᠡᠵᠡᠢ᠃
ᠬᠤᠳᠠᠯᠳᠤᠭ᠎ᠠ ᠡᠷᠬᠢᠯᠡᠬᠦ ᠣᠷᠴᠢᠨ ᠨᠥᠬᠥᠴᠡᠯᠢ ᠤᠯᠠᠮ ᠨᠢᠭᠡ ᠠᠯᠬᠤᠮ ᠱᠢᠯᠢᠳᠡᠭ᠌ᠵᠢᠭᠦᠯᠵᠦ᠍᠂ ᠠᠵᠤ ᠠᠬᠤᠢᠯᠠᠯ ᠤ᠋ᠨ ᠮᠤᠵᠢ ᠰᠤᠨᠳᠠᠯᠠᠨ ᠭᠠᠢᠯᠢ ᠲᠤᠱᠢᠶᠠᠬᠤ ᠲᠥᠬᠥᠮ ᠨᠥᠬᠥᠴᠡᠯᠢ ᠳᠡᠭᠡᠭ᠌ᠰᠢᠯᠡᠭᠦᠯᠬᠦ᠌ ᠪᠠ ᠭᠠᠢᠯᠢ ᠲᠤᠱᠢᠶᠠᠬᠤ ᠥᠪᠡᠷᠦᠨ ᠥᠷᠲᠡᠭᠢ ᠪᠠᠭᠤᠷᠠᠭᠤᠯᠬᠤ ᠢ᠋ᠢᠨ ᠲᠥᠯᠥᠭᠡ᠂ 2020 ᠣᠨ ᠡᠴᠡ ᠡᠬᠢᠯᠡᠨ᠂ ᠲᠤᠮᠳᠠᠳᠤ ᠤᠯᠤᠰᠤᠨ ᠠᠷᠠᠳ ᠤ᠋ᠨ ᠪᠠᠩᠬᠢ ᠢ᠋ᠢᠨ ᠬᠥᠬᠡᠬᠣᠲᠠ ᠢ᠋ᠢᠨ ᠭᠤᠤᠯ ᠰᠠᠯᠪᠤᠷᠢ ᠪᠠᠩᠬᠢ ᠢ᠋ᠢᠨ ᠬᠢᠨ ᠮᠤᠵᠢ ᠰᠤᠨᠳᠠᠯᠠᠨ ᠤᠨᠳᠤᠤ ᠭᠠᠵᠠᠷ ᠲᠦ᠍ ᠡᠯᠧᠺᠲ᠋ᠷᠣᠨ ᠭᠠᠢᠯᠢ ᠲᠤᠱᠢᠶᠠᠬᠤ ᠲᠤᠷᠱᠢᠯᠲᠠ ᠢ᠋ᠢᠨ ᠴᠡᠭ ᠤ᠋ᠨ ᠠᠵᠢᠯᠢ ᠡᠬᠢᠯᠡᠭᠦᠯᠪᠡ᠃ ᠲᠤᠷᠱᠢᠯᠲᠠ ᠢ᠋ᠢᠨ ᠴᠡᠭ ᠤ᠋ᠨ ᠠᠵᠢᠯ ᠢ᠋ᠢᠡᠷ ᠳᠠᠮᠵᠢᠨ᠂ ᠲᠤᠮᠳᠠᠳᠤ ᠤᠯᠤᠰᠤᠨ ᠠᠷᠠᠳ ᠤ᠋ᠨ ᠪᠠᠩᠬᠢ ᠢ᠋ᠢᠨ ᠤᠯᠤᠰ ᠤ᠋ᠨ ᠬᠥᠮᠥᠷᠭᠡ ᠢ᠋ᠢᠨ ᠰᠠᠯᠠᠭ᠎ᠠ ᠮᠥᠴᠢᠷ ᠤ᠋ᠳ ᠲᠤᠬᠠᠶ ᠢ᠋ᠢᠨ ᠭᠠᠵᠠᠷ ᠤ᠋ᠨ ᠭᠠᠢᠯᠢ ᠢ᠋ᠢᠨ ᠶᠠᠪᠤᠳᠠᠯ ᠤ᠋ᠨ ᠪᠠᠢᠭᠤᠯᠭ᠎ᠠ᠂ ᠬᠤᠳᠠᠯᠳᠤᠭᠠᠨ ᠤ᠋ ᠪᠠᠩᠬᠢᠯᠤᠭᠠ ᠲᠤᠬᠠᠢᠯᠠᠭ᠍ᠰᠠᠨ ᠠᠵᠢᠯᠢ ᠨᠤᠲᠠᠯᠠᠬᠤ ᠵᠢᠴᠢ ᠬᠠᠮᠢᠶ᠎ᠠ ᠪᠦᠬᠦᠢ ᠰᠢᠯᠭᠠᠬᠤ ᠠᠵᠢᠯᠢ ᠢᠳᠡᠪᠬᠢᠲᠡᠶ ᠥᠷᠨᠢᠭᠦᠯᠵᠦ᠍᠂ ᠴᠠᠭ ᠲᠤᠬᠠᠶᠳᠤᠨᠢ ᠭᠠᠢᠯᠢ ᠰᠠᠭᠤᠯᠭᠠᠨ ᠠᠪᠬᠤ ᠪᠠ ᠪᠠᠩᠬᠢ ᠢ᠋ᠢᠨ ᠪᠠᠢᠴᠠᠭᠠᠨ ᠯᠠᠪᠯᠠᠵᠤ ᠵᠣᠭᠣᠰ ᠲᠤᠱᠢᠶᠠᠬᠤ ᠠᠷᠭ᠎ᠠ ᠬᠡᠯᠪᠡᠷᠢ ᠪᠡᠷ ᠮᠤᠵᠢ ᠰᠤᠨᠳᠠᠯᠠᠨ ᠤᠨᠳᠤᠤ ᠭᠠᠵᠠᠷ ᠲᠦ᠍ ᠡᠯᠧᠺᠲ᠋ᠷᠣᠨ ᠭᠠᠢᠯᠢ ᠲᠤᠱᠢᠶᠠᠬᠤ ᠲᠤᠬᠠᠢᠯᠠᠭ᠍ᠰᠠᠨ ᠠᠵᠢᠯᠢ ᠭᠦᠶ᠋ᠴᠡᠳᠭᠡᠬᠦ᠌ ᠢ᠋ᠢᠨ ᠬᠠᠮᠲᠤ᠂ ᠲᠤᠷᠱᠢᠯᠲᠠ ᠢ᠋ᠢᠨ ᠴᠡᠭ ᠤ᠋ᠨ ᠠᠵᠢᠯ ᠤ᠋ᠨ ᠲᠤᠷᠱᠢᠯᠭ᠎ᠠ ᠢ᠋ᠢ ᠭᠦᠨᠵᠡᠭᠡᠶ ᠳ᠋ᠦᠩᠨᠡᠭ᠌ᠰᠡᠨ ᠰᠠᠭᠤᠷᠢᠨ ᠳᠡᠭᠡᠷ᠎ᠡ ᠪᠦᠬᠦ᠌ ᠣᠷᠣᠨᠳᠤ ᠳᠡᠯᠭᠡᠷᠡᠭᠦᠯᠬᠦ᠌ᠪᠤᠯᠤᠨᠠ᠃ ᠡᠭᠦᠨᠦ ᠬᠠᠮᠲᠤ᠂ ᠠᠵᠤ ᠠᠬᠤᠢᠯᠠᠯ ᠲᠤᠬᠠᠢᠯᠠᠭᠰᠠᠨ ᠠᠵᠢᠯ ᠬᠦᠢᠴᠡᠳᠭᠡᠬᠦ ᠳ᠋ᠤ 《ᠤᠯᠠᠨ ᠤᠳᠠᠭ᠎ᠠ ᠭᠦᠶᠦᠬᠦ᠌》 ᠪᠠᠢᠭᠰᠠᠨ ᠡᠴᠡ ᠪᠡᠨ 《ᠬᠡᠳᠤᠷᠡᠬᠦ ᠳ᠋ᠡᠭᠡᠨ ᠨᠢᠭᠡ ᠯᠡ ᠤᠳᠠᠭ᠎ᠠ ᠬᠦᠶᠦᠬᠦ》 ᠪᠣᠯᠭᠠᠵᠤ᠂ ᠭᠠᠢᠯᠢ ᠲᠤᠱᠢᠶᠠᠬᠤ ᠴᠠᠭᠢ ᠤᠤᠯ ᠤ᠋ᠨ 20 ᠡᠳᠦᠷ ᠪᠠᠢᠭ᠍ᠰᠠᠨ ᠡᠴᠡ 2 —3 ᠡᠳᠦᠷ ᠪᠣᠯᠭᠠᠨ ᠪᠣᠭᠣᠨᠢᠰᠭᠠᠵᠤ᠂ ᠠᠵᠤ ᠠᠬᠤᠢᠯᠠᠯ ᠤ᠋ᠨ ᠭᠠᠢᠯᠢ ᠮᠡᠳᠡᠭᠦᠯᠵᠦ᠍ ᠭᠠᠢᠯᠢ ᠲᠤᠱᠢᠶᠠᠬᠤ ᠶᠠᠪᠤᠴᠠ ᠢ᠋ᠢ ᠮᠠᠰᠢ ᠳᠥᠭᠥᠮᠴᠢᠯᠡᠵᠦ᠍ ᠴᠠᠭ ᠲᠦ᠍ ᠠᠷᠪᠢᠳᠡᠢ ᠪᠤᠯᠭᠠᠵᠡᠢ᠃
- ᠨᠠᠢᠷᠠᠭᠤᠯᠤᠭ᠍ᠴᠢ᠄
- ᠨᠡᠪᠲᠡᠷᠡᠭᠦᠯᠦᠭᠴᠢ᠄
- ᠮᠡᠷᠭᠡᠵᠢᠯ᠄
ᠨᠠᠢᠷᠠᠭᠤᠯᠤᠭ᠍ᠴᠢ᠄ ᠪᠣᠣ ᠮᠧᠢ ᠷᠥᠩ
ᠣᠷᠴᠢᠭᠤᠯᠤᠭ᠍ᠴᠢ᠄




ᠰᠢᠭᠦᠮᠵᠢ ᠠᠯᠠᠭ᠎ᠠ ᠂ ᠬᠤᠷᠳᠤᠨ ᠨᠢᠭᠡᠳᠦᠭᠡᠷ ᠵᠤᠷᠪᠤᠰ ᠰᠢᠭᠦᠮᠵᠢ ᠨᠡᠢ᠌ᠲᠡᠯᠡᠭᠡᠷᠡᠢ᠃