ᠲᠤᠰᠬᠠᠢ ᠮᠡᠳᠡᠭᠡᠯᠡᠯ > ᠭᠣᠣᠯ ᠰᠡᠳᠦᠪᠲᠦ ᠮᠡᠳᠡᠭᠡᠯᠡᠯ

2026-11-13 16:32:48

ᠵᠣᠬᠢᠶᠠᠭ᠍ᠴᠢ᠄ ᠣᠩᠱᠢᠭ᠍ᠰᠠᠨ ᠣᠳᠠᠭ᠎ᠠ᠄ 3

《ᠨᠠᠭᠤᠷ ᠠᠮᠤᠭᠤᠯᠠᠩ ᠪᠤᠯ ᠨᠤᠭᠤᠰᠤ ᠠᠮᠤᠭᠤᠯᠠᠩ᠃》

ᠦᠪᠦᠷ ᠮᠤᠩᠭᠤᠯ᠎ᠤᠨ ᠲᠠᠯ᠎ᠠ ᠨᠤᠳᠤᠭ ᠳᠸ᠋ ᠤᠳᠤᠨ ᠮᠡᠴᠢᠳ ᠮᠡᠳᠦ ᠳᠦᠭᠡᠭᠰᠡᠨ ᠤᠯᠠᠨ ᠠᠷᠪᠢᠨ ᠨᠠᠭᠤᠷ ᠪᠦᠷᠢᠳᠦ ᠪᠠᠢᠭᠰᠠᠨ ᠵᠢᠡᠷ ᠡᠨᠳᠡᠬᠢ ᠵᠢᠨ ᠠᠭᠤᠷ ᠠᠮᠢᠰᠬᠤᠯ᠂ ᠤᠰᠤ ᠬᠦᠷᠦᠰᠦ᠂ ᠠᠮᠢ ᠠᠬᠤᠢ ᠵᠢ ᠳᠡᠩᠴᠡᠬᠦᠷᠢᠰᠢᠬᠦᠯᠵᠦ᠂ ᠲᠠᠯ᠎ᠠ ᠪᠠᠷ ᠪᠡᠯᠴᠢᠬᠦ ᠳᠠᠪᠤᠨ ᠬᠤᠰᠢᠭᠤ ᠮᠠᠯ᠂ ᠬᠡᠭᠡᠷ᠎ᠡ ᠪᠡᠷ ᠰᠦᠷᠦᠭᠯᠡᠬᠦ ᠠᠷᠢᠶᠠᠳᠡᠨ ᠬᠦᠷᠦᠭᠡᠰᠦ᠂ ᠡᠨᠡ ᠨᠤᠳᠤᠭ᠎ᠤᠨ ᠡᠵᠡᠨ ᠨᠢ ᠪᠤᠯᠤᠭᠰᠠᠨ ᠬᠦᠮᠦᠨ ᠵᠤᠨ᠎ᠤ ᠤᠷᠤᠩᠨᠠᠨ ᠠᠮᠢᠳᠤᠷᠠᠬᠤ ᠠᠯᠳᠠᠨ ᠦᠯᠦᠭᠡᠢ ᠨᠢ ᠪᠤᠯᠤᠭᠰᠠᠨ ᠪᠠᠢᠳᠠᠭ᠃

ᠨᠠᠭᠤᠷ ᠪᠦᠷᠢᠳᠦ ᠪᠤᠯ ᠤᠮᠠᠷᠠᠳᠦ ᠬᠢᠯᠢ ᠵᠢᠨ ᠭᠡᠷᠡᠯᠳᠦ ᠰᠤᠪᠤᠳ ᠪᠠᠢᠵᠦ᠂ ᠠᠮᠢ ᠠᠬᠤᠢ ᠵᠢᠨ ᠠᠮᠤᠷ ᠳᠦᠪᠰᠢᠨ᠎ᠤ ᠬᠠᠯᠬᠠᠪᠴᠢ ᠵᠢ ᠪᠠᠢᠭᠤᠯᠬᠤ ᠴᠢᠬᠤᠯᠠ ᠪᠠᠳᠤᠯᠠᠭ᠎ᠠ ᠶᠤᠮ᠃ ᠡᠬᠡ ᠭᠠᠵᠠᠷ᠎ᠤᠨ ᠠᠮᠢᠨ ᠰᠤᠳᠠᠰᠦ ᠪᠤᠯᠤᠭᠰᠠᠨ ᠡᠳᠡᠭᠡᠷ ᠨᠠᠭᠤᠷ ᠤᠰᠤᠨ ᠠᠮᠢᠯᠠᠯ ᠵᠢᠡᠷ ᠪᠢᠯᠬᠠᠵᠦ ᠪᠠᠢᠪᠠᠯ ᠰᠠᠶ᠍ᠢ ᠦᠪᠦᠷ ᠮᠤᠩᠭᠤᠯ᠎ᠤᠨ ᠠᠮᠢ ᠠᠬᠤᠢ ᠰᠠᠢᠵᠢᠷᠠᠵᠦ᠂ ᠬᠦᠮᠦᠨ ᠪᠠᠢᠭᠠᠯᠢ ᠡᠶ᠎ᠡ ᠨᠠᠢᠷᠳᠠᠢ ᠤᠷᠤᠰᠢᠬᠤ ᠰᠢᠨ᠎ᠠ ᠬᠠᠭᠤᠳᠠᠰᠦ ᠵᠢ ᠪᠢᠴᠢᠭᠯᠡᠵᠦ ᠴᠢᠳᠠᠨ᠎ᠠ᠃

ᠶᠡᠷᠦᠩᠬᠡᠢ ᠱᠦᠵᠢ ᠰᠢ ᠵᠢᠨ ᠫᠢᠩ ᠦᠪᠤᠷ ᠮᠤᠩᠭᠤᠯ ᠤ᠋ᠨ ᠠᠮᠢ ᠠᠬᠤᠢ ᠵᠢᠨ ᠪᠦᠳᠦᠬᠡᠨ ᠪᠠᠢᠭᠤᠯᠤᠯᠳᠠ ᠵᠢ ᠲᠤᠢᠯ ᠵᠢᠡᠷ ᠠᠩᠬᠠᠷᠤᠨ ᠬᠠᠯᠠᠮᠵᠢᠯᠠᠵᠤ᠂ 2023 ᠣᠨ ᠤ᠋ 6 ᠰᠠᠷ᠎ᠠ ᠳ᠋ᠤ ᠪᠠᠶᠠᠠᠨᠠᠭᠤᠷ ᠬᠤᠳᠠ ᠳ᠋ᠤ ᠰᠢᠨᠵᠢᠯᠡᠨ ᠪᠠᠢᠴᠠᠭᠠᠬᠤ ᠳ᠋ᠠᠭᠠᠨ ᠤᠯᠠᠭᠠᠨᠰᠤᠬᠠᠢ ᠳ᠋ᠤ ᠬᠦᠷᠦᠭᠰᠡᠨ ᠪᠦᠬᠡᠳ  ᠡᠨᠡ ᠵᠢᠯ ᠤ᠋ᠨ 10 ᠰᠠᠷ᠎ᠠ ᠳ᠋ᠤ ᠤᠯᠠᠭᠠᠨᠴᠠᠪ ᠬᠤᠳᠠ ᠳ᠋ᠤ ᠰᠢᠨᠵᠢᠯᠡᠨ ᠪᠠᠢᠴᠠᠭᠠᠬᠤ ᠳ᠋ᠠᠭᠠᠨ ᠪᠠᠰᠠ ᠬᠢᠬᠢᠷᠢ ᠵᠢᠨ ᠨᠠᠭᠤᠷ ᠲᠦ᠍ ᠬᠦᠷᠦᠭᠰᠡᠨ ᠪᠦᠬᠡᠳ 《ᠨᠤᠭᠤ ᠭᠠᠵᠠᠷ ᠢ᠋ ᠬᠠᠮᠠᠭᠠᠯᠠᠬᠤ ᠳ᠋ᠤ ᠬᠠᠮᠤᠭ ᠤ᠋ᠨ ᠴᠢᠬᠤᠯᠠ ᠨᠢ ᠤᠩᠭᠤᠨ ᠪᠠᠢᠭᠠᠯᠢᠯᠢᠭ ᠠᠮᠢ ᠠᠬᠤᠢ ᠵᠢ ᠪᠠᠳᠤᠯᠠᠬᠤ ᠳ᠋ᠤ ᠪᠤᠢ᠃ ᠮᠠᠭᠤᠳᠠᠭᠰᠠᠨ ᠨᠤᠭᠤ ᠭᠠᠵᠠᠷ ᠤ᠋ᠨ ᠠᠮᠢ ᠠᠬᠤᠢ ᠵᠢᠨ ᠰᠢᠰᠲᠧᠮ ᠳ᠋ᠤ ᠠᠶᠠᠨᠳᠠᠭᠠᠨ ᠰᠡᠷᠭᠦᠬᠦ ᠪᠡᠷ ᠭᠣᠣᠯ ᠪᠣᠯᠭᠠᠬᠤ᠂ ᠬᠥᠮᠥᠨ ᠤ᠋ ᠬᠦᠴᠦᠨ ᠤ᠋ ᠤᠷᠤᠭᠤᠯᠤᠯᠳᠠ ᠪᠡᠷ ᠬᠠᠪᠰᠤᠷᠤᠮᠵᠢ ᠪᠣᠯᠭᠠᠬᠤ ᠵᠢ ᠪᠠᠷᠢᠮᠳᠠᠯᠠᠵᠤ᠂ ᠰᠢᠨᠵᠢᠯᠡᠬᠦ ᠤᠬᠠᠭᠠᠨᠴᠢ ᠵᠦᠢ ᠵᠣᠬᠢᠰᠲᠠᠢ ᠪᠠᠷ ᠰᠡᠷᠭᠦᠭᠡᠬᠦ ᠬᠡᠷᠡᠭᠲᠡᠢ》 ᠬᠡᠵᠤ ᠴᠢᠬᠤᠯᠠᠴᠢᠯᠠᠪᠠ᠃

ᠮᠠᠨ᠎ᠤ ᠤᠷᠤᠨ ᠶᠠᠷᠦᠩᠭᠡᠢ ᠱᠦᠵᠢ ᠵᠢᠨ ᠴᠢᠬᠤᠯᠠ ᠶᠠᠷᠢᠶ᠎ᠠ ᠴᠢᠬᠤᠯᠠ ᠵᠢᠭᠠᠪᠤᠷᠢ ᠵᠢᠨ ᠵᠤᠷᠢᠭ ᠰᠠᠨᠠᠭ᠎ᠠ ᠵᠢ ᠬᠦᠨᠵᠡᠭᠡᠢ ᠰᠤᠷᠤᠯᠴᠠᠨ ᠳᠤᠭᠤᠰᠢᠯᠠᠭᠤᠯᠵᠦ᠂ ᠨᠢᠭᠡ ᠨᠠᠭᠤᠷ ᠲᠸ᠋ ᠨᠢᠭᠡ ᠠᠷᠭ᠎ᠠ ᠪᠤᠳᠤᠯᠭ᠎ᠠ ᠬᠡᠷᠡᠭᠵᠢᠬᠦᠯᠦᠭᠰᠡᠨ ᠵᠢᠡᠷ ᠲᠠᠯ᠎ᠠ ᠨᠤᠳᠤᠭ᠎ᠤᠨ ᠨᠠᠭᠤᠷ ᠪᠦᠷᠢᠳᠦ ᠠᠮᠢᠯᠠᠨ ᠰᠡᠷᠭᠦᠵᠦ᠂ ᠲᠡᠭᠷᠢ ᠨᠢ ᠴᠡᠯᠮᠡᠭ᠂ ᠤᠰᠤ ᠨᠢ ᠲᠤᠩᠭᠠᠯᠠᠭ᠂ ᠲᠠᠯ᠎ᠠ ᠨᠢ ᠨᠤᠭᠤᠭᠠᠨ᠂ ᠨᠠᠭᠤᠷ᠎ᠤᠨ ᠳᠡᠭᠡᠬᠦᠷ ᠰᠢᠪᠠᠭᠤᠳ ᠨᠢ ᠬᠠᠯᠢᠵᠦ᠂ ᠤᠰᠤᠨ᠎ᠤ ᠴᠡᠭᠡᠯ ᠵᠢᠡᠷ ᠵᠢᠭᠠᠰᠦ ᠢᠷᠠᠭᠠᠯᠠᠭᠰᠠᠨ ᠰᠠᠢᠬᠠᠨ ᠦᠵᠡᠮᠵᠢ ᠪᠦᠷᠢᠳᠦᠭᠰᠡᠨ ᠪᠠᠢᠨ᠎ᠠ᠃

ᠥᠨᠥ 《ᠲᠤᠯᠢᠨ ᠴᠡᠩᠬᠡᠷ ᠤᠰᠤᠨ — ᠨᠠᠭᠤᠷ ᠪᠦᠷᠢᠳᠦ•12 ᠠᠢᠮᠠᠭ ᠬᠤᠳᠠ ᠵᠢᠨ ᠠᠶᠠᠨ ᠤ᠋ ᠴᠤᠮᠤᠭ》 ᠬᠡᠮᠡᠬᠦ ᠪᠦᠷᠢᠨ ᠵᠠᠭᠤᠴᠢᠯᠠᠭᠤᠷ ᠤ᠋ᠨ ᠰᠢᠷᠢᠰ ᠮᠡᠳᠡᠬᠡᠯᠡᠯ ᠢ᠋ ᠤᠬᠠᠭᠠᠯᠠᠵᠤ᠂ 12 ᠠᠢᠮᠠᠭ ᠬᠤᠳᠠ ᠪᠡᠷ ᠭᠦᠨᠵᠡᠭᠡᠢᠷᠡᠨ ᠰᠤᠷᠪᠤᠯᠵᠢᠯᠠᠵᠤ᠂ ᠡᠳᠡᠭᠡᠷ ᠪᠤᠭᠤᠮᠳᠠ ᠵᠢᠨ ᠭᠠᠳᠠᠨᠠᠬᠢ ᠭᠡᠷᠡᠯᠳᠦ ᠰᠤᠪᠤᠳ ᠠᠮᠢ ᠠᠮᠢᠵᠢᠷᠡᠯ ᠵᠢᠡᠷ ᠪᠢᠯᠬᠠᠭᠰᠠᠨ᠎ᠢ ᠬᠠᠷᠠᠨ ᠪᠠᠶᠠᠰᠴᠤ᠂ ᠠᠭᠤᠯᠠ ᠤᠰᠤ ᠤᠢ ᠮᠤᠳᠤ ᠭᠠᠵᠠᠷ ᠳᠠᠷᠢᠶ᠎ᠠ ᠨᠠᠭᠤᠷ ᠪᠦᠷᠢᠳᠦ ᠨᠤᠳᠤᠭ ᠪᠡᠯᠴᠢᠭᠡᠷ ᠡᠯᠡᠰᠦ ᠮᠠᠩᠬ᠎ᠠ ᠵᠢ ᠨᠢᠭᠡ ᠴᠤᠭᠴᠠᠵᠢᠭᠤᠯᠤᠨ ᠬᠠᠮᠠᠭᠠᠯᠠᠨ ᠰᠢᠰᠲᠸᠮ ᠲᠠᠢ ᠵᠠᠰᠠᠭᠰᠠᠨ ᠤᠮᠠᠷᠠᠳᠦ ᠬᠢᠯᠢ ᠵᠢᠨ ᠦᠢᠯᠡᠳᠦᠯᠭᠡ ᠵᠢ ᠰᠡᠳᠬᠢᠯ ᠵᠢᠡᠷ ᠵᠢᠡᠨ ᠮᠡᠳᠡᠷᠡᠨ᠂ 《ᠨᠢᠭᠡ ᠠᠢᠮᠠᠭ ᠬᠣᠲᠠ ᠡᠴᠡ ᠨᠢᠭᠡ ᠨᠠᠭᠤᠷ ᠪᠦᠷᠢᠲᠦ》 ᠵᠢᠨ ᠬᠡᠯᠪᠡᠷᠢ ᠪᠡᠷ ᠪᠦᠬᠦ ᠤᠷᠤᠨ ᠤ᠋ ᠡᠯ᠎ᠠ ᠭᠠᠵᠠᠷ ᠤ᠋ᠨ ᠬᠢᠨ ᠤ᠋ ᠨᠠᠭᠤᠷ ᠤᠰᠤ ᠪᠠᠨ ᠬᠠᠮᠠᠭᠠᠯᠠᠨ ᠰᠡᠷᠬᠦᠬᠡᠵᠤ᠂ ᠨᠠᠭᠤᠷ ᠤᠰᠤᠨ ᠤ᠋ ᠠᠷᠢᠭᠤᠨ ᠰᠢᠮ᠎ᠠ ᠪᠡᠷ ᠨᠤᠳᠤᠭ ᠤᠷᠤᠨ᠎ᠤ ᠪᠠᠨ ᠬᠦᠭᠵᠢᠯ ᠴᠡᠴᠡᠭᠯᠡᠯ᠎ᠢ ᠪᠢᠴᠢᠭᠯᠡᠭᠰᠡᠨ ᠠᠷᠭ᠎ᠠ ᠲᠤᠷᠰᠢᠯᠭ᠎ᠠ᠂ ᠠᠮᠵᠢᠯᠳᠠ ᠪᠦᠳᠦᠮᠵᠢ ᠵᠢ ᠦᠯᠢᠭᠡᠷᠯᠡᠨ ᠪᠢᠴᠢᠯ᠎ᠠ᠃ ᠡᠨᠡ ᠡᠳᠦᠷ ᠡᠴᠡ ᠡᠬᠢᠯᠡᠨ ᠡᠳᠤᠷ ᠪᠦᠷᠢ ᠪᠦᠳᠦᠨ ᠨᠢᠭᠤᠷ ᠤ᠋ᠨ ᠬᠡᠯᠪᠡᠷᠢ ᠪᠡᠷ ᠰᠢᠷᠢᠰ ᠮᠡᠳᠡᠬᠡᠯᠡᠯ ᠵᠢᠡᠨ ᠨᠡᠢᠳᠡᠯᠡᠬᠦ ᠪᠤᠯᠤᠨ᠎ᠠ᠂ ᠠᠩᠬᠠᠷᠤᠨ ᠤᠩᠰᠢᠮᠤ!

  • ᠨᠠᠢᠷᠠᠭᠤᠯᠤᠭ᠍ᠴᠢ᠄

  • ᠨᠡᠪᠲᠡᠷᠡᠭᠦᠯᠦᠭᠴᠢ᠄

  • ᠮᠡᠷᠭᠡᠵᠢᠯ᠄

ᠨᠠᠢᠷᠠᠭᠤᠯᠤᠭ᠍ᠴᠢ᠄ ᠬᠦᠰᠡᠯᠡᠩ

ᠣᠷᠴᠢᠭᠤᠯᠤᠭ᠍ᠴᠢ᠄

ᠢᠷᠡᠯᠲᠡ᠄ ᠳᠤᠮᠳᠠᠳᠤ ᠤᠯᠤᠰ᠎ᠤᠨ ᠮᠣᠩᠭᠣᠯ ᠬᠡᠯᠡᠨ᠎ᠦ ᠰᠣᠨᠢᠨ ᠮᠡᠳᠡᠭᠡ᠎ᠶᠢᠨ ᠰᠦᠯᠵᠢᠶ᠎ᠡ
兼容浏览器的HTML页面