2022-04-20 10:10:01
ᠶᠡᠷᠦᠩᠬᠡᠢ ᠱᠦᠵᠢ ᠰᠢ ᠵᠢᠨ ᠫᠢᠩ 2015 ᠣᠨ᠎ᠤ 2 ᠰᠠᠷ᠎ᠠ᠎ᠶ᠋ᠢᠨ 13᠎ᠤ᠋ ᠡᠳᠦᠷ ᠱᠠᠨᠰᠢ᠎ᠶ᠋ᠢᠨ ᠶᠠᠨ ᠠᠨ᠎ᠤ ᠶᠠᠨᠴᠤᠸᠠᠨ ᠱᠢᠶᠠᠨ᠎ᠤ ᠸᠸᠨ ᠠᠨ ᠢ ᠪᠠᠯᠭᠠᠰᠤᠨ᠎ᠤ ᠯᠢᠶᠠᠩ ᠵᠢᠶᠠ ᠾᠧ ᠲᠣᠰᠭᠣᠨ᠎ᠳᠤ ᠬᠦᠷᠴᠦ᠍ ᠲᠣᠰᠭᠣᠨ᠎ᠤ ᠠᠷᠠᠳ᠎ᠢ ᠡᠷᠬᠢᠨ ᠦᠵᠡᠵᠦ᠍᠂ ᠲᠡᠭᠦᠨ᠎ᠦ ᠪᠠᠷᠢᠭᠠᠳᠠ᠎ᠳᠤ ᠪᠠᠭᠤᠬᠤ ᠦᠶ᠎ᠡ᠎ᠶ᠋ᠢᠨ ᠭᠡᠷ᠎ᠦᠨ ᠡᠵᠡᠨ ᠯᠢᠦ᠍᠎ᠶ᠋ᠢᠨ ᠯᠢᠶᠠᠨ᠎ᠤ ᠭᠡᠷ᠎ᠲᠦ ᠬᠦᠷᠴᠡᠢ᠃ ᠤᠢᠷ᠎ᠠ᠎ᠳᠤ᠂ ᠱᠢᠨᠬᠤᠸᠠ ᠬᠣᠷᠢᠶᠠᠨ᠎ᠤ ᠰᠤᠷᠪᠤᠯᠵᠢᠯᠠᠭ᠍ᠴᠢ ᠯᠢᠦ᠍᠎ᠶ᠋ᠢᠨ ᠯᠢᠶᠠᠨᠢ ᠡᠷᠬᠢᠵᠦ ᠰᠤᠷᠪᠤᠯᠵᠢᠯᠠᠪᠠ᠃
ᠦᠵᠡᠭ᠌ᠳᠡᠯ᠎ᠢ ᠡᠷᠬᠢᠴᠡᠭᠦᠯᠬᠦᠢ
ᠶᠡᠷᠦᠩᠬᠡᠢ ᠱᠦᠵᠢ ᠰᠢ ᠵᠢᠨ ᠫᠢᠩ ᠯᠢᠶᠠᠩ ᠵᠢᠶᠠ ᠾᠧ᠎ᠳᠦ 7 ᠵᠢᠯ ᠠᠵᠢᠯᠯᠠᠵᠤ ᠠᠮᠢᠳᠤᠷᠠᠪᠠ᠂ ᠡᠨᠳᠡᠬᠢ ᠡᠪᠡᠰᠦ ᠮᠣᠳᠣ ᠨᠢᠭᠡᠪᠦᠷᠢ᠂ ᠭᠤᠤ ᠵᠢᠯᠠᠭ᠎ᠠ ᠨᠢᠭᠡᠪᠦᠷᠢ᠎ᠳᠤ᠂ ᠠᠭᠤᠯᠠ ᠲᠠᠪᠠᠭ᠎ᠠ ᠨᠢᠭᠡᠪᠦᠷᠢ᠎ᠳᠦ ᠭᠦᠨ ᠵᠤᠵᠠᠭᠠᠨ ᠬᠠᠢᠷ᠎ᠠ ᠰᠡᠳᠭᠢᠯᠭᠡ ᠠᠭᠤᠯᠤᠭ᠍ᠳᠠᠵᠤ᠂ ᠦᠷᠭᠦᠯᠵᠢ ᠰᠠᠨᠠᠭᠠᠱᠢᠷᠠᠵᠤ ᠪᠠᠢᠳᠠᠭ᠃
ᠲᠣᠰᠭᠣᠨ᠎ᠤ ᠠᠷᠠᠳ ᠯᠢᠦ᠍᠎ᠶ᠋ᠢᠨ ᠯᠢᠶᠠᠨ᠎ᠤ ᠭᠡᠷ ᠪᠣᠯ ᠲᠤᠬᠠᠢ᠎ᠶ᠋ᠢᠨ ᠵᠢᠯ᠎ᠳᠦ ᠰᠢ ᠵᠢᠨ ᠫᠢᠩ᠎ᠦᠨ ᠲᠣᠰᠭᠣᠨ᠎ᠳᠤ ᠬᠦᠷᠦᠭᠰᠡᠨ᠎ᠦ ᠳᠠᠷᠠᠭᠠᠬᠢ ᠠᠩᠬᠠᠳᠠᠭ᠍ᠴᠢ ᠣᠷᠣᠨ ᠰᠠᠭᠤᠴᠠ ᠪᠣᠯᠤᠨ᠎ᠠ᠃ ᠲᠡᠭᠦᠨ᠎ᠤ ᠯᠢᠶᠠᠩ ᠵᠢᠶᠠ ᠾᠧ ᠲᠣᠰᠭᠣᠨ᠎ᠳᠤ ᠬᠦᠷᠴᠤ᠂ ᠨᠢᠭᠡᠳᠦᠭᠡᠷ ᠰᠦᠨᠢ᠎ᠳᠤ ᠬᠤᠨᠤᠭᠰᠠᠨ ᠨᠦᠬᠡᠨ ᠭᠡᠷ ᠲᠤᠬᠠᠶ᠎ᠶ᠋ᠢᠨ ᠵᠢᠯ᠎ᠦᠨ ᠪᠠᠢᠳᠠᠯ᠎ᠢᠶᠠᠨ ᠬᠠᠳᠠᠭᠠᠯᠠᠭ᠍ᠰᠠᠭᠠᠷ᠃ ᠬᠦᠷᠢᠶᠡᠨ᠎ᠦ ᠡᠭᠦᠳᠡᠨ᠎ᠳᠦ ᠠᠯᠬᠤᠨ ᠣᠷᠣᠮᠠᠭ᠍ᠴᠠ᠂ ᠶᠡᠷᠦᠩᠬᠡᠢ ᠱᠦᠵᠢ ᠲᠡᠷᠡ ᠬᠡᠳᠦᠨ ᠲᠠᠨᠢᠯ ᠳᠠᠰᠤᠯ ᠨᠦᠬᠡᠨ ᠭᠡᠷ᠎ᠢ ᠵᠢᠭᠠᠵᠤ᠂ ᠥᠩᠭᠡᠷᠡᠭ᠌ᠰᠡᠨ ᠤᠴᠢᠷ᠎ᠢᠶᠠᠨ ᠡᠷᠭᠢᠴᠡᠭᠦᠯᠪᠡ᠃ ᠯᠢᠦ᠍᠎ᠶ᠋ᠢᠨ ᠯᠢᠶᠠᠨ ᠶᠡᠷᠦᠩᠬᠡᠢ ᠱᠦᠵᠢ᠎ᠡᠴᠡ ᠡᠴᠢᠨᠡᠬᠡᠨ ᠵᠢᠯ ᠲᠠ ᠮᠠᠷᠲᠠᠭ᠎ᠠ ᠦᠭᠡᠢ ᠤᠤ ᠭᠡᠵᠤ ᠠᠰᠠᠭᠤᠬᠤ᠎ᠳᠦ᠂ ᠶᠡᠷᠦᠩᠬᠡᠢ ᠱᠦᠵᠢ᠄ 《 ᠶᠠᠭᠠᠬᠢᠵᠤ ᠮᠠᠷᠲᠠᠬᠤ ᠪᠤᠢ? ᠲᠠ ᠬᠣᠶᠠᠷ ᠱᠢᠨ᠎ᠡ ᠬᠤᠷᠢᠮᠯᠠᠭ᠍ᠰᠠᠨ ᠲᠡᠷᠡ ᠵᠢᠯ ᠮᠠᠨ᠎ᠤ ᠡᠳᠡᠭᠡᠷ ᠰᠡᠬᠡᠭᠡᠲᠡᠨ ᠵᠠᠯᠠᠭᠤᠴᠤᠳ ᠱᠢᠨ᠎ᠡ ᠥᠷᠭᠦᠭᠡ᠎ᠳᠦ ᠴᠢᠨᠢ ᠬᠦᠷ ᠬᠦᠭᠵᠢᠶᠡᠨ ᠨᠡᠮᠡᠷᠢᠯᠡᠵᠤ ᠪᠠᠢᠭᠰᠡᠨ ᠰᠢᠤ》 ᠭᠡᠪᠡ᠃
ᠶᠠᠭ ᠴᠠᠭᠠᠨ ᠰᠠᠷ᠎ᠠ᠎ᠡᠴᠡ ᠡᠮᠦᠨᠡᠬᠡᠨ ᠪᠠᠢᠬᠰᠠᠨ ᠪᠤᠯᠬᠤᠷ᠂ ᠶᠡᠷᠦᠩᠬᠡᠢ ᠱᠦᠵᠢ ᠰᠢ ᠵᠢᠨ ᠫᠢᠩ ᠥᠪᠡᠷ᠎ᠦᠨ ᠵᠣᠭᠣᠰ᠎ᠢᠶᠠᠷ᠎ᠢᠶᠠᠨ ᠬᠤᠳᠠᠯᠳᠤᠨ ᠠᠪᠤᠭᠰᠠᠨ 《 ᠴᠠᠭᠠᠨ ᠰᠠᠷ᠎ᠠ᠎ᠶ᠋ᠢᠨ ᠪᠠᠷᠠᠭ᠎ᠠ》 — ᠪᠠᠩᠰᠢ᠎ᠶ᠋ᠢᠨ ᠭᠤᠯᠢᠷ᠂ ᠲᠤᠲᠤᠷᠭ᠎ᠠ᠂ ᠢᠳᠡᠱᠢᠨ ᠲᠤᠰᠤ᠂ᠮᠢᠬᠠᠨᠤᠪᠦᠲᠦᠭᠡᠭ᠌ᠳᠡᠬᠦᠨ᠂ᠪᠠᠰᠠᠴᠠᠭᠠᠨᠰᠠᠷᠠᠶ᠋ᠢᠨᠬᠣᠣᠰᠤᠶᠠᠩᠭᠠ᠂ᠴᠠᠭᠠᠨᠰᠠᠷᠠᠶ᠋ᠢᠨᠵᠢᠷᠤᠭ ᠵᠡᠷᠭᠡᠵᠢᠠᠪᠴᠢᠷᠠᠵᠤ᠂ ᠨᠤᠲᠤᠭ᠎ᠤᠨ ᠠᠬ᠎ᠠ ᠳᠡᠭᠦᠦ᠍᠎ᠨᠡᠷ᠎ᠲᠦ ᠱᠢᠨ᠎ᠡ᠎ᠶ᠋ᠢᠨ ᠵᠣᠯᠭᠠᠯᠲᠠ ᠬᠢᠵᠡᠢ᠃
ᠯᠢᠶᠠᠩ ᠵᠢᠶᠠ ᠾᠧ ᠲᠣᠰᠭᠣᠨ᠎ᠤ ᠠᠷᠠᠳ᠎ᠤᠨ ᠵᠥᠪᠯᠡᠯ᠎ᠦᠨ ᠠᠭᠤᠳᠠᠮ ᠲᠠᠯᠠᠪᠠᠢ᠎ᠳᠤ᠂ ᠶᠡᠷᠦᠩᠬᠡᠢ ᠱᠦᠵᠢ ᠰᠢ ᠵᠢᠨ ᠫᠢᠩ ᠲᠣᠰᠭᠣᠨ᠎ᠤ ᠠᠷᠠᠳ᠎ᠲᠠᠶ ᠨᠢᠭᠡᠳ ᠨᠢᠭᠡ᠎ᠪᠡᠷ ᠭᠠᠷ ᠠᠳᠭᠤᠵᠤ᠂ ᠳᠣᠲᠣᠨᠣ᠎ᠪᠠᠷ ᠶᠠᠷᠢᠯᠴᠠᠭ᠍ᠰᠠᠨ ᠪᠥᠭᠡᠳ ᠠᠢᠯ ᠪᠣᠯᠭᠠᠨ᠎ᠲᠠᠶ ᠬᠠᠮᠲᠤ᠎ᠶ᠋ᠢᠨ ᠬᠡᠷᠡᠯ ᠵᠢᠷᠤᠭ ᠲᠠᠲᠠᠭᠤᠯᠵᠤ ᠳᠤᠷᠠᠰᠭᠠᠯ ᠦᠯᠡᠳᠡᠭᠡᠪᠡ᠃ ᠲᠡᠷᠡ ᠭᠦᠨ ᠰᠡᠳᠭᠢᠯᠭᠡ᠎ᠲᠡᠶ᠎ᠪᠡᠷ᠄《ᠪᠢ ᠬᠥᠮᠦᠨ᠎ᠦ ᠠᠮᠢᠳᠤᠷᠠᠯ᠎ᠤᠨ ᠠᠩᠬᠠᠨ᠎ᠤ ᠠᠯᠬᠤᠮ᠎ᠢᠶᠠᠨ ᠠᠯᠬᠤᠮᠠᠭ᠍ᠴᠠ ᠯᠢᠶᠠᠩ ᠵᠢᠶᠠ ᠾᠧ᠎ᠳᠦ ᠢᠷᠡᠪᠡ᠂ 7 ᠵᠢᠯ᠎ᠦᠨ ᠬᠤᠭᠤᠴᠠᠭᠠᠨ᠎ᠳᠤ᠂ ᠯᠢᠶᠠᠩ ᠵᠢᠶᠠ ᠾᠧ᠎ᠶ᠋ᠢᠨ ᠨᠤᠲᠤᠭ᠎ᠤᠨ ᠠᠬ᠎ᠠ ᠳᠡᠭᠦᠦ᠍᠎ᠨᠡᠷ ᠨᠠᠳᠠ᠎ᠳᠤ ᠲᠣᠭ᠎ᠠ ᠲᠣᠮᠰᠢ ᠦᠭᠡᠢ ᠬᠠᠢᠷ᠎ᠠ ᠬᠠᠯᠠᠮᠵᠢ ᠬᠦᠷᠲᠡᠭᠡᠵᠦ᠍᠂ ᠨᠠᠳᠠ᠎ᠳᠤ ᠨᠠᠰᠤᠨ ᠲᠤᠷᠱᠢᠳᠠ ᠠᠱᠢᠭ ᠬᠦᠷᠲᠡᠭᠡᠪᠡ᠃ ᠪᠢ ᠯᠢᠶᠠᠩ ᠵᠢᠶᠠ ᠾᠧ᠎ᠶ᠋ᠢ ᠡᠭᠦᠷᠢᠳᠡ ᠮᠠᠷᠲᠠᠬᠤ ᠦᠭᠡᠢ᠂ ᠨᠤᠲᠤᠭ᠎ᠤᠨ ᠠᠬ᠎ᠠ ᠳᠡᠭᠦᠦ᠍᠎ᠨᠡᠷ᠎ᠢᠶᠡᠨ ᠡᠭᠦᠷᠢᠳᠡ ᠮᠠᠷᠲᠠᠬᠤ ᠦᠭᠡᠢ᠂ ᠡᠷᠲᠡ ᠴᠢᠯᠥᠭᠡᠯᠡᠭ᠌ᠳᠡᠭ᠌ᠰᠡᠨ ᠣᠷᠣᠨ᠎ᠤ ᠠᠷᠠᠳ ᠲᠦᠮᠡᠨ᠎ᠢ ᠡᠭᠦᠷᠢᠳᠡ ᠮᠠᠷᠲᠠᠬᠤ ᠦᠭᠡᠢ》 ᠭᠡᠪᠡ᠃
ᠯᠢᠦ᠍᠎ᠶ᠋ᠢᠨ ᠯᠢᠶᠠᠨ᠎ᠤ ᠰᠡᠳᠭᠢᠯ᠎ᠦᠨ ᠳᠠᠭᠤᠨ
7 ᠵᠢᠯ ᠭᠠᠷᠤᠢᠪᠤᠯᠴᠢᠬᠠᠯᠠ᠂ ᠶᠡᠷᠦᠩᠬᠡᠢ ᠱᠦᠵᠢ ᠯᠢᠶᠠᠩ ᠵᠢᠶᠠ ᠾᠧ᠎ᠳᠦ ᠢᠷᠡᠭᠰᠡᠨ ᠲᠡᠷᠡ ᠡᠳᠦᠷ᠎ᠢ ᠪᠢ ᠤᠳᠤ ᠪᠣᠯᠲᠠᠯ᠎ᠠ ᠲᠣᠪ ᠲᠣᠳᠣᠷᠬᠠᠢ ᠴᠡᠭᠡᠵᠢᠯᠡᠭ᠌ᠰᠡᠭᠡᠷ᠃ ᠲᠡᠷᠡ ᠯᠢᠶᠠᠩ ᠵᠢᠶᠠ ᠾᠧ᠎ᠡᠴᠡ ᠰᠠᠯᠤᠭᠠᠳ 40 ᠭᠠᠷᠤᠢ ᠵᠢᠯ ᠪᠣᠯᠵᠠᠢ᠂ ᠲᠠᠬᠢᠭᠠᠳ ᠬᠠᠷᠢᠵᠤ ᠢᠷᠡᠭᠡᠳ ᠨᠤᠲᠤᠭ᠎ᠤᠨ ᠠᠬ᠎ᠠ ᠳᠡᠭᠦᠦ᠍ᠨᠡᠷᠲᠡᠶᠮᠥᠨ ᠯᠡ ᠬᠠᠯᠠᠭᠤᠨ ᠳᠣᠲᠣᠨᠣᠰᠣᠭᠪᠠᠢᠵᠤ᠂᠂ ᠠᠭᠤᠯᠵᠠᠮᠠᠭ᠍ᠴᠠ᠎ᠪᠠᠨ ᠮᠠᠰᠢ ᠤᠯᠠᠨ ᠬᠥᠮᠦᠨ᠎ᠦ ᠪᠠᠭ᠎ᠠ ᠵᠢᠨ ᠨᠡᠷ᠎ᠡ᠎ᠶ᠋ᠢ ᠳᠠᠭᠤᠳᠠᠵᠤ ᠭᠠᠷᠭᠠᠵᠠᠢ᠂ ᠲᠡᠷᠡ ᠶᠡᠷᠦ᠍᠎ᠡᠴᠡ ᠪᠢᠳᠡᠨ᠎ᠢ ᠮᠠᠷᠲᠠᠭ᠎ᠠ ᠦᠭᠡᠢ᠃
ᠲᠡᠷᠡ ᠤᠳᠠᠭ᠎ᠠ ᠪᠢ ᠶᠡᠷᠦᠩᠬᠡᠶ ᠱᠦᠵᠢ᠎ᠳᠦ ᠬᠣᠶᠠᠷ ᠵᠦᠶ᠋ᠷᠡᠶ ᠪᠥᠰ ᠱᠠᠬᠠᠶ᠂ ᠬᠡᠳᠦᠨ ᠱᠠᠬᠠᠶ᠎ᠶ᠋ᠢᠨ ᠤᠯᠠᠪᠴᠢ ᠬᠦᠷᠭᠡᠭ᠌ᠰᠡᠨ᠎ᠳᠤ ᠲᠡᠷᠡ ᠨᠠᠳᠠ᠎ᠳᠤ ᠵᠣᠭᠣᠰ ᠦᠯᠡᠳᠡᠭᠡᠵᠦ᠍ ᠥᠭ᠌ᠭᠦᠭᠡᠳ ᠶᠠᠪᠤᠭᠰᠠᠨ᠃ ᠶᠡᠷᠦᠩᠬᠡᠶ ᠱᠦᠵᠢ ᠪᠠᠰᠠ ᠨᠠᠳᠠ᠎ᠡᠴᠡ ᠤᠰᠤ ᠤᠤᠭᠤᠬᠤ᠂ ᠲᠦᠯᠡᠭᠡ ᠱᠢᠲᠠᠭᠠᠬᠤ ᠵᠡᠷᠭᠡ ᠠᠰᠠᠭᠤᠳᠠᠯ᠎ᠢ ᠠᠰᠠᠭᠤᠵᠤ᠂ ᠲᠦᠢᠯ᠎ᠤᠨ ᠨᠠᠷᠢᠨ ᠨᠢᠭᠲᠠ ᠠᠰᠠᠭᠤᠪᠠ᠃ ᠲᠡᠷᠡ ᠨᠠᠮᠠᠶ᠋ᠢ ᠢᠮᠠᠬᠳᠠ ᠬᠠᠯᠠᠮᠵᠢᠯᠠᠬᠰᠠᠭᠠᠷ ᠢᠷᠡᠭᠰᠡᠨ᠎ᠳᠦ᠂ ᠮᠢᠨᠦ᠍ ᠰᠡᠳᠬᠢᠯ ᠳᠣᠲᠣᠷ᠎ᠠ ᠦᠨᠡᠬᠡᠷ ᠬᠠᠯᠠᠭᠤᠨ ᠲᠤᠯᠠᠭᠠᠨ ᠰᠠᠨᠠᠭᠳᠠᠵᠤ ᠪᠠᠢᠨ᠎ᠠ᠃
2015 ᠣᠨ᠎ᠳᠤ᠂ ᠮᠠᠨ᠎ᠤ ᠲᠣᠰᠭᠣᠨ ᠬᠥᠳᠡᠭᠡ ᠲᠣᠰᠭᠣᠨ᠎ᠤ ᠰᠣᠶᠣᠯ ᠵᠢᠭᠤᠯᠴᠢᠯᠠᠯ᠎ᠤᠨ ᠬᠥᠭ᠌ᠵᠢᠯᠲᠡ᠎ᠶ᠋ᠢᠨ ᠬᠢᠵᠠᠭᠠᠷᠲᠤ ᠺᠣᠮᠫᠠᠨᠢ ᠪᠠᠢᠭᠤᠯᠪᠠ᠃ ᠪᠢ ᠪᠠᠰᠠ ᠺᠣᠮᠫᠠᠨᠢ᠎ᠳᠤ ᠠᠵᠢᠯᠯᠠᠵᠤ ᠪᠠᠢᠨ᠎ᠠ᠂ ᠴᠡᠪᠡᠷᠯᠡᠭ᠌ᠴᠢ᠎ᠶᠢᠨ ᠠᠵᠢᠯ ᠬᠢᠵᠦ ᠰᠠᠷ᠎ᠠ ᠪᠦᠷᠢ 1200 ᠲᠥᠭᠥᠷᠢᠭ ᠤᠯᠳᠠᠭ᠃ ᠪᠢ ᠪᠠᠰᠠ ᠭᠡᠷ᠎ᠦᠨ᠎ᠢᠶᠡᠨ ᠡᠭᠦᠳᠡᠨ᠎ᠤ ᠡᠮᠦᠨ᠎ᠡ ᠨᠢᠭᠡ ᠵᠢᠵᠢᠭ ᠳᠡᠯᠭᠡᠭᠦᠷ ᠨᠡᠭᠡᠭᠡᠵᠡᠢ᠂ ᠤᠯᠠᠭᠠᠨ ᠴᠢᠪᠠᠭ᠎ᠠ᠂ ᠨᠠᠷᠢᠮᠤ᠂ ᠪᠥᠰ ᠱᠠᠬᠠᠢ᠂ ᠱᠠᠬᠠᠢ᠎ᠶ᠋ᠢᠨ ᠤᠯᠠᠪᠴᠢ ᠵᠡᠷᠭᠡ᠎ᠵᠢ ᠬᠤᠳᠠᠯᠳᠤᠵᠤ᠂ ᠮᠠᠢᠮᠠᠢ ᠬᠠᠮᠤᠭ ᠰᠠᠢᠨ ᠲᠡᠷᠡ ᠵᠢᠯ ᠲᠦᠮᠡᠨ ᠲᠥᠭᠥᠷᠢᠭ ᠣᠯᠵᠠᠢ᠃ ᠣᠲᠣ ᠪᠢ ᠨᠠᠰᠤ ᠠᠬᠢᠭ᠍ᠰᠠᠨ ᠪᠤᠯᠬᠤᠷ᠂ ᠪᠠᠯᠭᠠᠰᠤᠨ᠎ᠡᠴᠡ ᠨᠠᠳᠠ᠎ᠳᠤ ᠲᠤᠰᠬᠤᠨ᠎ᠤ ᠨᠡᠢᠲᠡ᠎ᠶ᠋ᠢᠨ ᠠᠰᠠᠷᠠᠮᠵᠢ᠎ᠶ᠋ᠢᠨ ᠴᠢᠨᠠᠷᠲᠠᠶ ᠠᠵᠢᠯ᠎ᠤᠨ ᠪᠠᠢᠷᠢ ᠲᠣᠬᠢᠷᠠᠭᠤᠯᠵᠤ ᠥᠭ᠌ᠭᠦᠭ᠌ᠰᠡᠨ ᠪᠠᠢᠨ᠎ᠠ᠂ ᠰᠠᠷ᠎ᠠ ᠪᠣᠯᠭᠠᠨ ᠴᠠᠯᠢᠩ᠎ᠲᠠᠶ᠂ ᠪᠠᠰᠠ ᠨᠠᠰᠤᠵᠢᠯ᠎ᠤᠨ ᠳᠠᠭᠠᠳᠭᠠᠯ᠎ᠲᠠᠶ᠂ ᠰᠠᠢᠬᠠᠨ ᠠᠮᠢᠳᠤᠷᠠᠵᠤ ᠪᠠᠢᠨ᠎ᠠ ᠰᠢᠤ᠃
ᠡᠳᠡᠭᠡᠷ ᠵᠢᠯ᠎ᠦᠳ᠎ᠤᠨ ᠲᠣᠰᠭᠣᠨ᠎ᠤ ᠬᠤᠪᠢᠷᠠᠯᠲᠠ᠎ᠵᠢ ᠠᠷᠪᠠᠨ ᠬᠤᠷᠤᠭᠤ ᠪᠠᠨ ᠳᠠᠷᠤᠵᠦ ᠶᠠᠷᠢᠭᠠᠳ ᠪᠠᠰᠠ ᠪᠠᠷᠠᠬᠤ ᠦᠭᠡᠢ᠃ ᠲᠣᠰᠭᠣᠨ᠎ᠳᠤ ᠪᠠᠩᠬᠢ᠎ᠶ᠋ᠢᠨ ᠦᠶ᠋ᠯᠡᠴᠢᠯᠡᠭᠡᠨ᠎ᠦ ᠴᠡᠭ᠂ ᠡᠮᠨᠡᠯᠭᠡ᠎ᠶ᠋ᠢᠨ ᠲᠠᠰᠤᠭ᠂ ᠠᠷᠠᠳ᠎ᠲᠤ ᠳᠥᠭᠥᠮ ᠦᠵᠡᠭᠦᠯᠬᠦ᠌ ᠦᠶ᠋ᠯᠡᠴᠢᠯᠡᠭᠡᠨ᠎ᠦ ᠥᠷᠲᠡᠭᠡ᠎ᠵᠢ ᠨᠡᠮᠡᠵᠦ᠍ ᠪᠠᠢᠭᠤᠯᠤᠬᠰᠠᠨ ᠮᠦᠷᠳᠡᠭᠡᠨ ᠲᠣᠰᠭᠣᠨ᠎ᠤ ᠠᠷᠠᠳ᠎ᠤᠨ ᠬᠥᠳᠡᠯᠭᠡᠭᠡᠨ᠎ᠦ ᠠᠭᠤᠳᠠᠮ ᠲᠠᠯᠠᠪᠠᠢ ᠪᠠᠢᠭᠤᠯᠵᠠᠢ᠃ ᠤᠯᠠᠨ᠎ᠢᠶᠡᠷ᠎ᠢᠶᠡᠨ ᠪᠦᠷ ᠵᠦᠭᠡᠷ ᠰᠠᠭᠤᠵᠤ ᠪᠠᠢᠬᠤ ᠦᠭᠡᠢ᠂ ᠪᠦᠬᠦ᠌ ᠲᠣᠰᠭᠣᠨ᠎ᠢᠶᠠᠷ᠎ᠢᠶᠠᠨ 1000 ᠭᠠᠷᠤᠢ ᠮᠦ᠍ ᠠᠯᠮᠤᠷᠠᠳ ᠲᠠᠷᠢᠵᠤ᠂ ᠠᠯᠮᠤᠷᠠᠳ ᠨᠢ ᠪᠠᠶᠠᠵᠢᠯ᠎ᠤᠨ《ᠠᠯᠳᠠᠨ ᠲᠦᠷᠦᠭᠡ》 ᠪᠣᠯᠪᠠ᠃ ᠪᠠᠰᠠ ᠵᠠᠷᠢᠮ ᠨᠢ ᠲᠡᠵᠢᠭᠡᠨ ᠦᠷᠡᠵᠢᠭᠦᠯᠬᠦ᠌ ᠲᠤᠰᠬᠠᠢ ᠬᠤᠷᠱᠢᠶ᠎ᠠ ᠡᠷᠬᠢᠯᠡᠵᠦ᠍᠂ ᠲᠠᠷᠢᠶᠠᠴᠢᠨ ᠠᠢᠯ᠎ᠤᠨ ᠵᠢᠭᠤᠯᠴᠢᠯᠠᠯ᠎ᠤᠨ ᠦᠢᠯᠡᠰ ᠡᠵᠡᠩᠨᠡᠨ᠂ ᠬᠢᠲᠠᠳ ᠡᠮ᠎ᠦᠨ ᠮᠠᠲ᠋ᠧᠷᠢᠶᠠᠯ ᠲᠠᠷᠢᠵᠤ ᠪᠠᠢᠨ᠎ᠠ᠃ ᠭᠠᠳᠠᠨ᠎ᠠ ᠬᠥᠯᠥᠰᠥᠨ ᠠᠵᠢᠯ ᠬᠢᠵᠦ᠍ ᠪᠠᠢᠭ᠎ᠠ ᠵᠠᠷᠢᠮ ᠵᠠᠯᠠᠭᠤᠴᠤᠳ ᠪᠠᠰᠠ ᠬᠠᠷᠢᠵᠤ ᠢᠷᠡᠪᠡ᠂ ᠲᠡᠳᠡ ᠰᠦᠯᠵᠢᠶᠡᠨ ᠳᠡᠭᠡᠷ᠎ᠡ ᠲᠣᠰᠭᠣᠨ᠎ᠤ ᠣᠨᠴᠠ ᠭᠠᠷᠤᠯᠲᠠ᠎ᠶ᠋ᠢ ᠬᠤᠳᠠᠯᠳᠤᠵᠤ᠂ ᠨᠠᠷᠢᠮᠤ᠎ᠶ᠋ᠢᠨ ᠬᠡᠸ᠋ᠷᠡᠭ᠂ ᠬᠡᠤᠷᠠᠭ᠌ ᠴᠢᠪᠠᠭ᠎ᠠ᠂ ᠠᠯᠮᠤᠷᠠᠳ᠎ᠤᠨ ᠪᠣᠷᠣᠯᠠᠭᠤᠯᠭ᠎ᠠ ᠪᠦᠷ ᠨᠡᠯᠢᠶᠡᠳ ᠵᠦᠭᠡᠷ ᠪᠤᠢ᠃
ᠲᠤᠬᠠᠢ᠎ᠶ᠋ᠢᠨ ᠵᠢᠯ ᠶᠡᠷᠦᠩᠬᠡᠢ ᠱᠦᠵᠢ ᠮᠠᠨ᠎ᠤ ᠡᠨᠳᠡ ᠪᠠᠷᠢᠭᠠᠳᠠ᠎ᠶ᠋ᠢᠨ ᠨᠠᠮ᠎ᠤᠨ ᠡᠭᠦᠷ᠎ᠦᠨ ᠱᠦᠵᠢ᠎ᠶᠢᠨ ᠲᠤᠰᠢᠶᠠᠯ᠎ᠢ ᠡᠭᠦᠷᠭᠡᠯᠡᠵᠦ᠂ ᠤᠯᠠᠨ᠎ᠲᠠᠶ ᠬᠠᠮᠲᠤ ᠢᠳᠡᠵᠦ᠍ ᠬᠠᠮᠲᠤ ᠰᠠᠭᠤᠵᠤ ᠬᠠᠮᠲᠤ ᠬᠥᠳᠡᠯᠮᠦᠷᠢᠯᠡᠵᠦ᠍᠂ ᠤᠯᠠᠨ᠎ᠢ ᠳᠠᠭᠠᠭᠤᠯᠤᠨ ᠬᠦᠷ ᠬᠥᠭ᠌ᠵᠢᠶᠡᠨᠲᠡᠶ᠎ᠪᠡᠷ ᠦᠢᠯᠡᠳᠪᠦᠷᠢᠯᠡᠯ᠎ᠢᠶᠡᠨ ᠬᠥᠭ᠌ᠵᠢᠭᠦᠯᠵᠦ᠍᠂ ᠨᠠᠮᠤᠭ᠎ᠤᠨ ᠬᠡᠢ᠎ᠶ᠋ᠢᠨ ᠬᠤᠳᠳᠤᠭ ᠵᠠᠰᠠᠵᠤ᠂ ᠤᠰᠤᠯᠠᠯᠲᠠ᠎ᠶ᠋ᠢᠨ ᠬᠤᠳᠳᠤᠭ ᠮᠠᠯᠲᠠᠪᠠ ᠁ ᠪᠠᠰᠠ ᠤᠯᠠᠨ ᠰᠠᠢᠨ ᠠᠵᠢᠯ ᠬᠢᠭᠰᠡᠨ ᠶᠤᠮ᠃ ᠡᠳᠦᠭᠡ᠂ ᠮᠠᠨ᠎ᠤ ᠯᠢᠶᠠᠩ ᠵᠢᠶᠠ ᠾᠧ᠎ᠶ᠋ᠢᠨ ᠬᠥᠮᠦᠰ ᠡᠷᠴᠢ ᠵᠣᠷᠢᠭ ᠲᠡᠭᠦᠯᠳᠡᠷ ᠪᠠᠢᠨ᠎ᠠ᠂ ᠲᠣᠰᠭᠣᠨ᠎ᠤ ᠬᠢᠨ ᠰᠣᠳᠣᠨ《ᠵᠢᠵᠢᠭ ᠨᠣᠭᠣᠭ᠎ᠠ᠎ᠶ᠋ᠢᠨ ᠬᠦᠷᠢᠶᠡᠯᠡᠩ》᠂ 《ᠵᠢᠵᠢᠭ ᠴᠡᠴᠡᠭ᠎ᠤᠨ ᠬᠦᠷᠢᠶᠡᠯᠡᠩ》᠂ 《ᠵᠢᠵᠢᠭ ᠵᠢᠮᠢᠰ᠎ᠦᠨ ᠬᠦᠷᠢᠶᠡᠯᠡᠩ》᠎ᠢ᠋ ᠴᠣᠭ᠍ᠴᠠᠯᠠᠬᠤ ᠭᠡᠵᠦ ᠪᠤᠢ᠂ ᠬᠣᠢᠱᠢᠳᠠ ᠯᠠᠪᠲᠠᠢ ᠤᠯᠠᠮ᠎ᠡᠴᠡ ᠤᠯᠠᠮ ᠬᠥᠭ᠌ᠵᠢᠨ ᠴᠡᠴᠡᠭ᠌ᠯᠡᠬᠦ᠌ ᠶᠤᠮ᠂ ᠶᠡᠷᠦᠩᠬᠡᠢ ᠱᠦᠵᠢ ᠮᠡᠳᠡᠪᠡᠯ ᠯᠠᠪᠲᠠᠢ ᠮᠠᠰᠢ ᠪᠠᠶᠠᠷᠯᠠᠬᠤ ᠶᠤᠮ᠃
ᠣᠲᠣ ᠨᠤᠲᠤᠭ᠎ᠤᠨ ᠠᠬ᠎ᠠ ᠳᠡᠭᠦᠦ᠍᠎ᠨᠡᠷ ᠴᠦ᠍ ᠦᠷᠭᠦᠯᠵᠢ ᠶᠡᠷᠦᠩᠬᠡᠶ ᠱᠦᠵᠢ᠎ᠶ᠋ᠢ ᠳᠤᠷᠠᠰᠴᠤ᠌᠂ ᠴᠢᠷᠮᠠᠢᠨ ᠠᠵᠢᠯᠯᠠᠵᠤ᠂ ᠯᠢᠶᠠᠩ ᠵᠢᠶᠠ ᠾᠧᠪᠡᠨ ᠰᠠᠢᠲᠤᠷ ᠪᠥᠲᠥᠭᠡᠨ ᠪᠠᠢᠭᠤᠯᠤᠨ᠎ᠠ ᠭᠡᠵᠦ᠍ ᠶᠠᠷᠢᠵᠠᠭᠠᠵᠦ ᠪᠠᠢᠨ᠎ᠠ᠃ ᠶᠡᠷᠦᠩᠬᠡᠶ ᠱᠦᠵᠢ᠂ ᠪᠢᠳᠡ ᠪᠦᠷ ᠲᠠᠨᠤ᠋ ᠯᠢᠶᠠᠩ ᠵᠢᠶᠠ ᠾᠧ᠎ᠳᠦ ᠳᠠᠬᠢᠨᠲᠠ ᠰᠠᠭᠠᠳᠠᠵᠤ᠂ ᠪᠢᠳᠡᠨ᠎ᠦ ᠣᠳᠣ᠎ᠶ᠋ᠢᠨ ᠰᠠᠢᠨ ᠰᠠᠢᠬᠠᠨ ᠠᠮᠢᠳᠤᠷᠠᠯᠢᠮᠠᠨᠢ ᠦᠵᠡᠬᠦ᠎ᠵᠢ ᠪᠠᠷᠠᠯᠠᠵᠤ ᠪᠠᠢᠨ᠎ᠠ᠃ (ᠱᠢᠨᠬᠤᠸᠠ ᠬᠣᠷᠢᠶᠠᠨ᠎ᠤ ᠰᠢ ᠠᠨ᠎ᠤ 4 ᠰᠠᠷ᠎ᠠ᠎ᠶ᠋ᠢᠨ 19᠎ᠤ᠋ ᠴᠠᠬᠢᠯᠭᠠᠨ ᠮᠡᠳᠡᠭᠡ)
- ᠨᠠᠢᠷᠠᠭᠤᠯᠤᠭ᠍ᠴᠢ᠄
- ᠨᠡᠪᠲᠡᠷᠡᠭᠦᠯᠦᠭᠴᠢ᠄
- ᠮᠡᠷᠭᠡᠵᠢᠯ᠄
ᠨᠠᠢᠷᠠᠭᠤᠯᠤᠭ᠍ᠴᠢ᠄ ᠤᠶᠤᠨᠲᠠᠨ᠎ᠠ
ᠣᠷᠴᠢᠭᠤᠯᠤᠭ᠍ᠴᠢ᠄




ᠰᠢᠭᠦᠮᠵᠢ ᠠᠯᠠᠭ᠎ᠠ ᠂ ᠬᠤᠷᠳᠤᠨ ᠨᠢᠭᠡᠳᠦᠭᠡᠷ ᠵᠤᠷᠪᠤᠰ ᠰᠢᠭᠦᠮᠵᠢ ᠨᠡᠢ᠌ᠲᠡᠯᠡᠭᠡᠷᠡᠢ᠃