2022-04-14 10:03:47
ᠨᠠᠢᠷᠠᠭᠤᠯᠤᠭ᠍ᠴᠢ᠎ᠶ᠋ᠢᠨ ᠦᠭᠡ᠄ ᠱᠢᠨᠬᠤᠸᠠ ᠬᠤᠷᠢᠶ᠎ᠠ 4 ᠰᠠᠷ᠎ᠠ᠎ᠵᠢᠨ 10᠎ᠤ᠋ ᠡᠳᠦᠷ《ᠰᠢ ᠵᠢᠨ ᠫᠢᠨᠭ᠎ᠤᠨ ᠠᠷᠠᠳ ᠲᠦᠮᠡᠨᠴᠢ ᠰᠡᠳᠭᠢᠯᠭᠡ》ᠬᠡᠬᠦ ᠴᠢᠮᠡᠬᠡᠯᠡᠯᠢ ᠨᠡᠢᠲᠡᠯᠡᠵᠦ᠂ ᠶᠡᠷᠦᠩᠬᠡᠢ ᠱᠦᠵᠢ ᠰᠢ ᠵᠢᠨ ᠫᠢᠩ᠎ᠤᠨ ᠠᠷᠠᠳ᠎ᠤᠨ ᠳᠤᠮᠳᠠ ᠦᠨᠳᠦᠰᠦᠯᠡᠵᠦ᠂ ᠠᠷᠠᠳ ᠲᠦᠮᠡᠨ᠎ᠳᠤ ᠲᠦᠰᠢᠭᠯᠡᠵᠦ᠂ ᠠᠷᠠᠳ ᠲᠦᠮᠡᠨ᠎ᠳᠤ ᠪᠤᠶᠠᠨ ᠦᠢᠯᠡᠳᠬᠦ ᠭᠦᠨ ᠵᠤᠵᠠᠭᠠᠨ ᠬᠠᠢᠷ᠎ᠠ ᠰᠡᠳᠬᠢᠯᠭᠡ᠎ᠵᠢ ᠪᠦᠬᠦ ᠲᠠᠯ᠎ᠠ ᠪᠡᠷ ᠲᠤᠰᠬᠠᠪᠠ᠃ ᠲᠣᠰ ᠡᠳᠦᠷ᠎ᠡᠴᠡ ᠡᠬᠢᠯᠡᠨ᠂ ᠱᠢᠨᠬᠤᠸᠠ ᠬᠣᠷᠢᠶ᠎ᠠ 《ᠶᠡᠷᠦᠩᠬᠡᠶ ᠱᠦᠵᠢ ᠠᠷᠠᠳ ᠲᠦᠮᠡᠨ ᠲᠠᠢ ᠪᠠᠨ ᠬᠠᠮᠤᠭ᠎ᠤᠨ ᠲᠤᠳᠤᠨᠤ》 ᠭᠡᠬᠦ᠌ ᠪᠤᠯᠤᠩ ᠢ ᠨᠡᠭᠡᠭᠡᠵᠦ᠍᠂ ᠰᠢᠷᠢᠰ ᠮᠡᠳᠡᠭᠡᠯᠡᠯ᠎ᠢ ᠦᠷᠬᠦᠯᠵᠢᠯᠡᠨ ᠨᠡᠢᠳᠡᠯᠡᠵᠤ᠂ ᠶᠡᠷᠦᠩᠬᠡᠶ ᠱᠦᠵᠢ᠎ᠲᠡᠶ ᠠᠭᠤᠯᠵᠠᠵᠤ ᠶᠠᠪᠤᠯᠴᠠᠵᠤ ᠥᠩᠭᠡᠷᠡᠭ᠌ᠰᠡᠨ ᠺᠠᠳ᠋ᠷ ᠣᠯᠠᠨ ᠲᠦᠮᠡᠨ᠎ᠢ ᠰᠤᠷᠪᠤᠯᠵᠢᠯᠠᠵᠤ᠂ ᠮᠠᠷᠲᠠᠭ᠍ᠳᠠᠰᠢ ᠥᠬᠡᠶ ᠦᠵᠡᠭᠳᠡᠯ ᠪᠠᠢᠳᠠᠯ᠎ᠢ ᠡᠷᠭᠢᠴᠡᠭᠦᠯᠦᠨ᠂ ᠠᠮᠢᠳᠤᠷᠠᠯ᠎ᠤᠨ ᠬᠤᠪᠢᠷᠠᠯᠲᠠ ᠬᠦᠭᠵᠢᠯᠳᠠ᠎ᠶ᠋ᠢ ᠳᠤᠰᠬᠠᠵᠤ᠂ ᠶᠡᠷᠦᠩᠬᠡᠶ ᠱᠦᠵᠢ᠎ᠶ᠋ᠢᠨ ᠠᠷᠠᠳ ᠲᠦᠮᠡᠨ᠎ᠢᠶᠡᠨ ᠬᠡᠰᠡᠨ ᠴᠢᠩ ᠦᠨᠡᠨᠴᠢ ᠬᠠᠢᠷ᠎ᠠ ᠰᠡᠳᠭᠢᠯᠭᠡ ᠪᠠ ᠠᠷᠠᠳ ᠲᠦᠮᠡᠨ᠎ᠦ ᠶᠡᠷᠦᠩᠬᠡᠶ ᠱᠦᠵᠢ ᠪᠠᠨ ᠬᠦᠷᠢᠶᠡᠯᠡᠭᠰᠡᠨ ᠭᠦᠨ ᠵᠤᠵᠠᠭᠠᠨ ᠬᠠᠢᠷ᠎ᠠ ᠬᠦᠨᠳᠦᠳᠬᠡᠯ᠎ᠢ ᠢᠯᠡᠷᠡᠭᠦᠯᠬᠦ ᠪᠤᠯᠤᠨ᠎ᠠ᠃
ᠶᠡᠷᠦᠩᠬᠡᠢ ᠱᠦᠵᠢ ᠰᠢ ᠵᠢᠨ ᠫᠢᠩ 2013 ᠣᠨ᠎ᠤ 11 ᠰᠠᠷ᠎ᠠ᠎ᠶ᠋ᠢᠨ 3᠎ᠤ᠋ ᠡᠳᠦᠷ ᠬᠤᠨᠠᠨ ᠮᠤᠵᠢ᠎ᠶ᠋ᠢᠨ ᠱᠢᠶᠠᠩᠰᠢ ᠵᠢᠨ ᠲᠦᠵᠢᠶᠠ ᠦᠨᠳᠦᠰᠦᠲᠡᠨ ᠮᠢᠶᠣᠣ ᠦᠨᠳᠦᠰᠦᠲᠡᠨ᠎ᠦ ᠥᠪᠡᠷᠲᠡᠭᠡᠨ ᠵᠠᠰᠠᠬᠤ ᠵᠧᠦ᠍᠎ᠶ᠋ᠢᠨ ᠬᠤᠸᠠ ᠶᠤᠸᠠᠨ ᠱᠢᠶᠠᠨ᠎ᠤ ᠱ᠌ᠢ ᠪᠠ ᠳ᠋ᠦᠩ ᠲᠣᠰᠭᠣᠨ᠎ᠳᠤ ᠱᠢᠨᠵᠢᠯᠡᠨ ᠪᠠᠢᠴᠠᠭᠠᠬᠤ᠎ᠳᠠᠭᠠᠨ᠂ ᠮᠢᠶᠣᠣ ᠦᠨᠳᠦᠰᠦᠲᠡᠨ᠎ᠦ ᠶᠠᠳᠠᠭᠤ ᠬᠦᠴᠢᠷᠳᠡᠯᠲᠡᠢ ᠲᠣᠰᠭᠣᠨ᠎ᠤ ᠠᠷᠠᠳ ᠱ᠌ᠢ ᠪᠠ ᠰᠠᠨ᠎ᠤ ᠭᠡᠷ᠎ᠲᠦ ᠬᠦᠷᠴᠦ᠍ ᠥᠩᠭᠡᠷᠡᠪᠡ᠃ ᠣᠢᠷ᠎ᠠ᠎ᠳᠤ᠂ ᠱᠢᠨᠬᠤᠸᠠ ᠬᠣᠷᠢᠶᠠᠨ᠎ᠤ ᠰᠤᠷᠪᠤᠯᠵᠢᠯᠠᠭ᠍ᠴᠢ ᠱ᠌ᠢ ᠪᠠ ᠰᠠᠨ᠎ᠢ ᠡᠷᠬᠢᠵᠤ ᠰᠤᠷᠪᠤᠯᠵᠢᠯᠠᠯ᠎ᠠ᠃
ᠦᠵᠡᠭᠳᠡᠯ᠎ᠢ ᠡᠷᠭᠢᠴᠡᠭᠦᠯᠬᠦᠢ
ᠶᠡᠷᠦᠩᠬᠡᠶ ᠱᠦᠵᠢ ᠰᠢ ᠵᠢᠨ ᠫᠢᠩ ᠢᠪᠴᠤᠤ ᠴᠢᠬᠤᠯ ᠠᠭᠤᠯᠠᠨ ᠵᠠᠮ᠎ᠢ᠎ᠲᠠᠭᠠᠨ ᠱ᠌ᠢ ᠪᠠ ᠳ᠋ᠦᠩ ᠲᠣᠰᠭᠣᠨ᠎ᠳᠤ ᠢᠷᠡᠬᠦ᠌᠎ᠳᠦ᠂ ᠲᠦᠷᠦᠬᠦᠦ ᠲᠠᠭᠠᠷᠠᠯᠳᠤᠬᠰᠠᠨ ᠡᠷᠦᠬᠡ ᠱ᠌ᠢ ᠪᠠ ᠰᠠᠨ᠎ᠤ ᠬᠢᠨ᠎ᠳᠦ ᠬᠦᠷᠴᠡᠶ᠃ ᠱ᠌ᠢ ᠪᠠ ᠰᠠᠨ ᠦᠰᠦᠭ ᠲᠠᠨᠢᠬᠤ ᠦᠭᠡᠢ᠂ ᠲᠧᠯᠸᠢᠰ ᠦᠵᠡᠵᠦ᠍ ᠥᠩᠭᠡᠷᠡᠬᠡ ᠦᠭᠡᠢ᠂ ᠶᠡᠷᠦᠩᠬᠡᠶ ᠱᠦᠵᠢ᠎ᠶ᠋ᠢ ᠴᠤ᠌ ᠲᠠᠨᠢᠬᠤ ᠦᠭᠡᠢ ᠪᠠᠢᠯ᠎ᠠ᠃ ᠲᠡᠷᠡ ᠮᠢᠶᠣᠣ ᠬᠡᠯᠡ᠎ᠪᠡᠷ᠄ 《ᠪᠢ ᠲᠠᠨ᠎ᠢ ᠶᠠᠭᠠᠬᠢᠵᠤ ᠳᠠᠭᠤᠳᠠᠬᠤ ᠪᠤᠢ?》 ᠭᠡᠵᠦ ᠠᠰᠠᠭᠤᠬᠤ᠎ᠳᠤ ᠶᠡᠷᠦᠩᠬᠡᠢ ᠱᠦᠵᠢ ᠰᠢ ᠵᠢᠨ ᠫᠢᠩ ᠲᠡᠭᠦᠨ᠎ᠦ ᠭᠠᠷ᠎ᠢ ᠠᠳᠭᠤᠵᠤ᠄ 《ᠪᠢ ᠪᠣᠯ ᠠᠷᠠᠳ ᠲᠦᠮᠡᠨ᠎ᠦ ᠦᠢᠯᠡᠴᠢᠯᠡᠭ᠌ᠴᠢ ᠪᠤᠯᠤᠨ᠎ᠠ》 ᠭᠡᠪᠡ᠃
ᠱ᠌ᠢ ᠪᠠ ᠰᠠᠨ 64 ᠨᠠᠰᠤᠳᠠᠢ ᠬᠡᠰᠡᠨ᠎ᠢ ᠰᠣᠨᠣᠰᠤᠭᠠᠳ᠂ ᠶᠡᠷᠦᠩᠬᠡᠢ ᠱᠦᠵᠢ᠄ 《ᠲᠠ ᠨᠠᠳᠠ᠎ᠳᠤ ᠡᠭᠡᠴᠢ ᠪᠤᠯᠤᠨ᠎ᠠ》 ᠭᠡᠪᠡ᠃
ᠪᠦᠷᠦᠭ ᠬᠠᠷᠠᠩᠭᠤᠶ ᠮᠣᠳᠣᠨ ᠬᠡᠷ᠎ᠲᠦ᠂ ᠶᠡᠷᠦᠩᠬᠡᠶ ᠱᠦᠵᠢ ᠰᠢ ᠵᠢᠨ ᠫᠢᠩ ᠱ᠌ᠢ ᠪᠠ ᠰᠠᠨ ᠪᠣᠯᠤᠨ ᠲᠡᠬᠦᠨ᠎ᠤ ᠡᠷ᠎ᠡ ᠨᠦᠬᠦᠷ ᠱ᠌ᠢ ᠴᠢ ᠸᠸᠨ᠎ᠲᠠᠢ ᠬᠠᠮᠲᠤ ᠵᠤᠤᠬᠠᠨ᠎ᠤ ᠳᠡᠷᠭᠡᠳᠡ ᠨᠢ ᠰᠠᠭᠤᠵᠤ ᠣᠷᠣᠯᠭ᠎ᠠ ᠵᠠᠷᠤᠯᠭ᠎ᠠ᠎ᠶ᠋ᠢᠨ ᠲᠠᠩᠰᠠ ᠵᠢ ᠪᠤᠳᠤᠵᠤ᠂ ᠲᠡᠳᠡᠨ ᠡᠴᠡ ᠶᠠᠮᠠᠷ ᠬᠦᠴᠢᠷᠳᠡᠯ᠂ ᠶᠠᠮᠠᠷ ᠲᠥᠯᠥᠪᠯᠡᠭᠡ᠎ᠲᠡᠶ ᠪᠠᠢᠬᠤ᠎ᠶ᠋ᠢ ᠯᠠᠪᠯᠠᠨ ᠠᠰᠠᠭᠤᠭ᠍ᠰᠠᠨ ᠪᠥᠭᠡᠳ ᠪᠠᠰᠠ ᠠᠮᠤ ᠪᠤᠳᠠᠭᠠᠨ᠎ᠤ ᠬᠥᠮᠥᠷᠭᠡ᠂ ᠣᠷᠣ ᠳᠡᠪᠢᠰᠭᠡᠷ᠂ ᠵᠤᠤᠬ᠎ᠠ᠎ᠶ᠋ᠢᠨ ᠬᠡᠷ᠂ ᠭᠠᠬᠠᠶ᠎ᠶ᠋ᠢᠨ ᠬᠠᠱᠢᠶ᠎ᠠ᠎ᠶ᠋ᠢ ᠨᠢ ᠪᠠᠢᠴᠠᠭᠠᠨ ᠦᠵᠡᠵᠦ᠍᠂ ᠨᠢᠭᠡ ᠬᠡᠷ᠎ᠦᠨ ᠬᠥᠮᠦᠰ᠎ᠢ ᠢᠲᠡᠭᠡᠯ ᠵᠣᠷᠢᠭ᠎ᠢᠶᠠᠨ ᠨᠡᠮᠡᠭ᠌ᠳᠡᠭᠦᠯᠵᠦ᠍᠂ ᠨᠠᠮ ᠪᠣᠯᠤᠨ ᠵᠠᠰᠠᠭ᠎ᠤᠨ ᠣᠷᠳᠣᠨ᠎ᠤ ᠬᠠᠯᠠᠮᠵᠢᠯᠠᠯ ᠳᠤᠤᠷ᠎ᠠ ᠠᠵᠢᠯᠴᠢ ᠬᠥᠳᠡᠯᠮᠦᠷᠢᠴᠢ ᠣᠶᠤᠨ ᠤᠬᠠᠭᠠᠨ᠎ᠢᠶᠠᠷ᠎ᠢᠶᠠᠨ ᠰᠠᠢᠨ ᠰᠠᠢᠬᠠᠨ ᠠᠮᠢᠳᠤᠷᠠᠯ᠎ᠢᠶᠠᠨ ᠴᠣᠭ᠍ᠴᠠᠯᠠᠭᠠᠷᠠᠶ ᠭᠡᠵᠦ᠍ ᠵᠣᠷᠢᠭ᠍ᠵᠢᠭᠤᠯᠪᠠ᠃
ᠲᠡᠷᠡ ᠡᠳᠦᠷ᠂ ᠱ᠌ᠢ ᠪᠠ ᠳ᠋ᠦᠩ ᠲᠣᠰᠭᠣᠨ᠎ᠤ ᠯᠢ ᠽᠢ ᠵᠠᠢ ᠠᠢᠯ᠎ᠤᠨ ᠲᠤᠰᠬᠤᠨ᠎ᠤ ᠠᠷᠠᠳ᠎ᠤᠨ ᠬᠡᠷ᠎ᠤᠨ ᠬᠦᠷᠢᠶᠡᠨ᠎ᠦ ᠡᠮᠦᠨ᠎ᠡ ᠲᠠᠯ᠎ᠠ᠎ᠳᠤ᠂ ᠲᠡᠬᠦᠨ᠎ᠢ ᠬᠦᠷᠢᠶᠡᠯᠡᠨ ᠰᠠᠭᠤᠬᠰᠠᠨ ᠨᠤᠲᠤᠭ᠎ᠤᠨ ᠠᠬ᠎ᠠ ᠳᠡᠭᠦᠦ᠍᠎ᠨᠡᠷ᠎ᠦᠨ ᠦᠬᠡᠳᠡ ᠡᠴᠡ᠂ ᠶᠡᠷᠦᠩᠬᠡᠢ ᠱᠦᠵᠢ ᠰᠢ ᠵᠢᠨ ᠫᠢᠩ ᠠᠩᠬ᠎ᠠ ᠤᠳᠠᠭ᠎ᠠ 《ᠤᠨᠢᠨ ᠳᠡᠭᠡᠷ᠎ᠡ ᠨᠢ ᠶᠠᠳᠠᠭᠤ ᠵᠢ ᠲᠡᠳᠬᠦᠬᠦ᠌》 ᠬᠡᠬᠦ ᠦᠬᠡ ᠵᠢ ᠳᠤᠷᠠᠳᠪᠠ᠃
ᠶᠡᠷᠦᠩᠬᠡᠢ ᠱᠦᠵᠢ ᠰᠢ ᠵᠢᠨ ᠫᠢᠩ᠄《ᠪᠢ ᠡᠨᠡ ᠤᠳᠠᠭ᠎ᠠ ᠬᠤᠨᠠᠨ᠎ᠤ ᠱᠢᠶᠠᠨᠭᠰᠢᠳᠤ ᠢᠷᠡᠭᠰᠡᠨ ᠨᠢ᠂ ᠭᠣᠣᠯᠳᠠᠭᠤ ᠨᠤᠲᠤᠭ᠎ᠤᠨ ᠠᠬ᠎ᠠ ᠳᠡᠭᠦᠦ᠍᠎ᠨᠡᠷ᠎ᠢᠶᠡᠨ ᠡᠷᠬᠢᠨ ᠦᠵᠡᠵᠦ᠍᠂ ᠤᠯᠠᠨ᠎ᠲᠠᠶ ᠬᠠᠮᠲᠤ ᠶᠠᠳᠠᠭᠤ᠎ᠡᠴᠡ ᠠᠩᠭᠢᠵᠢᠷᠠᠨ ᠴᠢᠨᠡᠭᠡᠯᠢᠭ᠌ᠵᠢᠬᠦ᠌ ᠠᠷᠭ᠎ᠠ ᠪᠤᠳᠤᠯᠭ᠎ᠠ᠎ᠶ᠋ᠢ ᠵᠥᠪᠳᠡᠯᠴᠡᠶᠡ ᠬᠡᠰᠡᠨ ᠶᠤᠮ᠂ ᠬᠥᠭ᠌ᠵᠢᠯᠲᠡ ᠪᠣᠯ ᠶᠠᠳᠠᠭᠤ᠎ᠡᠴᠡ ᠠᠩᠭᠢᠵᠢᠷᠠᠬᠤ ᠶᠡᠷᠦᠩᠬᠡᠢ ᠠᠷᠭ᠎ᠠ ᠬᠡᠮᠵᠢᠶ᠎ᠡ ᠶᠤᠮ᠂ ᠶᠠᠳᠠᠭᠤ ᠬᠦᠴᠢᠷᠳᠡᠯᠲᠡᠢ ᠭᠠᠵᠠᠷ ᠣᠷᠣᠨ ᠪᠣᠳᠠᠲᠠᠢᠪᠠᠢᠳᠠᠯ ᠡᠴᠡ ᠪᠠᠨ ᠡᠭᠦᠰᠴᠦ᠍᠂ ᠭᠠᠵᠠᠷ ᠣᠷᠣᠨ᠎ᠤ ᠪᠠᠢᠳᠠᠯ᠎ᠳᠠᠭᠠᠨ ᠲᠤᠬᠢᠷᠠᠭᠤᠯᠤᠨ᠂ ᠶᠠᠭᠤ ᠲᠠᠷᠢᠬᠤ᠂ ᠶᠠᠭᠤ ᠲᠡᠵᠢᠭᠡᠬᠦ᠌᠂ ᠬᠠᠮᠢᠭ᠎ᠠ᠎ᠡᠴᠡ ᠣᠷᠣᠯᠭ᠎ᠠ᠎ᠪᠠᠨ ᠨᠡᠮᠡᠭ᠌ᠳᠡᠭᠦᠯᠬᠦ᠌ ᠲᠤᠬᠠᠢ ᠲᠤᠳᠤᠷᠬᠠᠢ ᠪᠤᠯᠭᠠᠵᠤ᠂ ᠨᠤᠲᠤᠭ᠎ᠤᠨ ᠠᠬ᠎ᠠ ᠳᠡᠭᠦᠦ᠍᠎ᠨᠡᠷ᠎ᠢ ᠬᠠᠪᠰᠤᠷᠤᠨ ᠶᠠᠳᠠᠭᠤ᠎ᠡᠴᠡ ᠠᠩᠭᠢᠵᠢᠷᠠᠭᠤᠯᠤᠨ ᠪᠠᠶᠠᠵᠢᠭᠤᠯᠬᠤ ᠰᠠᠢᠨ ᠠᠷᠭ᠎ᠠ ᠵᠠᠮ᠎ᠢ ᠡᠷᠢᠯᠬᠢᠯᠡᠬᠦ ᠬᠡᠷᠡᠭᠳᠡᠢ》 ᠭᠡᠵᠦ ᠬᠡᠯᠡᠪᠡ᠃
ᠱᠢ ᠪᠠ ᠰᠠᠨ᠎ᠤ ᠰᠡᠳᠭᠢᠯ᠎ᠦᠨ ᠲᠠᠭᠤᠨ
8 ᠵᠢᠯ ᠭᠠᠷᠤᠢ᠎ᠵᠢᠨ ᠬᠤᠭᠤᠴᠠᠭ᠎ᠠ ᠦᠩᠬᠡᠷᠡᠨ ᠤᠳᠤᠯ᠎ᠠ᠂ ᠶᠡᠷᠦᠩᠬᠡᠢ ᠱᠦᠵᠢ᠎ᠶ᠋ᠢᠨ ᠲᠡᠷᠡ ᠬᠦ᠌ 《ᠡᠭᠡᠴᠢ》ᠭᠡᠰᠡᠨ ᠬᠠᠯᠠᠭᠤᠨ ᠳᠠᠭᠤᠳᠠᠯᠭ᠎ᠠ ᠨᠢ ᠮᠢᠨᠦ᠍ ᠰᠡᠳᠭᠢᠯ᠎ᠳᠦ ᠬᠣᠨᠣᠭ᠍ᠰᠢᠵᠤ᠂ ᠡᠷᠬᠢᠴᠡᠬᠦᠯᠦᠨ ᠪᠤᠳᠤᠬᠤ ᠪᠦᠷᠢ ᠲᠤᠢᠯ᠎ᠤᠨ ᠬᠠᠯᠠᠭᠤᠨ ᠳᠤᠯᠠᠭᠠᠬᠠᠨ ᠰᠠᠨᠠᠭ᠍ᠳᠠᠬᠤ ᠶᠤᠮ᠃
ᠶᠡᠷᠦᠩᠬᠡᠢ ᠱᠦᠵᠢ᠎ᠲᠡᠶ ᠠᠭᠤᠯᠵᠠᠬᠤ᠎ᠡᠴᠡ ᠡᠮᠦᠨ᠎ᠡ᠂ ᠪᠢ ᠬᠤᠨᠠᠨ᠎ᠤ ᠰᠢᠶᠠᠨᠭᠰᠢᠶᠢᠨ ᠶᠡᠬᠡ ᠠᠭᠤᠯᠠᠨ᠎ᠡᠴᠡ ᠪᠠᠨ ᠭᠠᠷᠴᠤ᠌ ᠥᠩᠭᠡᠷᠡᠭ᠌ᠰᠡᠨ ᠦᠭᠡᠢ᠂ ᠦᠵᠡᠵᠤ ᠰᠤᠨᠤᠰᠤᠬᠰᠠᠨ ᠶᠠᠭᠤᠮ᠎ᠠ ᠦᠭᠡᠢ᠂ ᠭᠡᠷ᠎ᠲᠡᠬᠡᠨ ᠲᠧᠯᠸᠢᠰ ᠬᠡᠵᠤ ᠪᠠᠢᠬᠤ ᠦᠭᠡᠢ᠂ ᠶᠡᠷᠦᠩᠬᠡᠢ ᠱᠦᠵᠢ ᠬᠡᠵᠤ ᠬᠡᠳᠦᠢ ᠶᠡᠬᠡ ᠤᠳᠤᠷᠢᠳᠤᠯᠭ᠎ᠠ ᠪᠤᠯᠬᠤ ᠶ᠋ᠢᠮᠡᠳᠡᠬᠦ᠌ ᠦᠭᠡᠢ᠂ ᠶᠡᠷᠦᠩᠬᠡᠢ ᠱᠦᠵᠢ᠎ᠶ᠋ᠢᠨ ᠬᠡᠯᠡᠭ᠌ᠰᠡᠨ《ᠠᠷᠠᠳ ᠲᠦᠮᠡᠨ᠎ᠦ ᠦᠢᠯᠡᠴᠢᠯᠡᠭ᠌ᠴᠢ》 ᠭᠡᠳᠡᠭ ᠨᠢ ᠶᠠᠮᠠᠷ ᠤᠳᠭ᠎ᠠ᠎ᠲᠠᠶ ᠬᠡᠳᠡᠭ ᠢ ᠴᠤ᠌ ᠣᠢᠯᠠᠭᠠᠬᠤ ᠦᠭᠡᠢ ᠪᠠᠢᠪᠠ᠃
ᠣᠲᠣ ᠪᠢ ᠮᠡᠳᠡᠭ᠌ᠰᠡᠨ᠂ ᠶᠡᠷᠦᠩᠬᠡᠶ ᠱᠦᠵᠢ ᠪᠣᠯ ᠲᠤᠰᠬᠠᠢᠯᠠᠨ ᠮᠠᠨ᠎ᠤ ᠠᠷᠠᠳ ᠲᠦᠮᠡᠨ᠎ᠢ ᠬᠠᠯᠠᠮᠵᠢᠯᠠᠳᠠᠭ ᠬᠥᠮᠦᠨ ᠮᠥᠨ᠃
ᠶᠡᠷᠦᠩᠬᠡᠶ ᠱᠦᠵᠢ ᠮᠠᠨ᠎ᠤ ᠲᠣᠰᠭᠣᠨ᠎ᠳᠤ ᠢᠷᠡᠬᠡᠳ《ᠣᠨᠢᠨ ᠳᠡᠭᠡᠷ᠎ᠡ᠎ᠨᠢ ᠶᠠᠳᠠᠭᠤ ᠵᠢ ᠲᠡᠳᠬᠦᠬᠦ᠌》ᠬᠡᠳᠡᠭ᠎ᠢ ᠳᠤᠷᠠᠳᠤᠭ᠍ᠰᠠᠨ᠎ᠤ ᠳᠠᠷᠠᠭ᠎ᠠ᠂ ᠲᠣᠰᠭᠣᠨ᠎ᠳᠤ ᠰᠠᠭᠤᠭ᠎ᠠ ᠶᠠᠳᠠᠭᠤ᠎ᠶ᠋ᠢ ᠲᠡᠳᠬᠦᠬᠦ᠌ ᠠᠵᠢᠯᠯᠠᠬᠤ ᠠᠩᠭᠢ ᠣᠯᠠᠨ᠎ᠢ ᠳᠠᠭᠠᠭᠤᠯᠤᠨ ᠵᠠᠰᠠᠮᠠᠯ ᠵᠠᠮ ᠵᠠᠰᠠᠵᠤ᠂ ᠬᠡᠷ ᠪᠠᠢᠱᠢᠩ ᠢ ᠵᠠᠰᠠᠵᠤ᠂ ᠲᠣᠱᠢᠯᠣᠭ ᠳᠠᠷᠢᠵᠤ᠂ ᠵᠢᠭᠤᠯᠴᠢᠯᠠᠯ ᠤᠨ ᠦᠢᠯᠡᠰ ᠢ ᠡᠷᠭᠢᠯᠡᠵᠦ᠍᠂ ᠮᠠᠨ᠎ᠤ ᠲᠣᠰᠭᠣᠨ ᠵᠢᠯ ᠪᠦᠷᠢ ᠱᠢᠨ᠎ᠡ ᠬᠤᠪᠢᠷᠠᠯᠲᠠ᠎ᠲᠠᠶ ᠪᠣᠯᠪᠠ᠃ ᠮᠠᠰᠢ ᠣᠯᠠᠨ ᠭᠠᠳᠠᠭ᠍ᠰᠢ ᠭᠠᠷᠴᠤ᠌ ᠬᠥᠯᠥᠰᠥᠨ ᠠᠵᠢᠯ ᠬᠢᠵᠦ᠍ ᠪᠠᠢᠭᠰᠠᠨ ᠬᠥᠮᠦᠰ ᠴᠦᠮ ᠲᠤᠰᠬᠤᠨ ᠳ᠋ᠠᠭᠠᠨ ᠬᠠᠷᠢᠵᠤ ᠢᠷᠡᠵᠡᠢ᠂ ᠵᠠᠷᠢᠮ ᠨᠢ ᠲᠠᠷᠢᠶᠠᠴᠢᠨ ᠠᠢᠯ᠎ᠳᠡᠬᠢ ᠵᠢᠭᠤᠯᠴᠢᠯᠠᠯ᠎ᠤᠨ ᠦᠢᠯᠡᠰ ᠡᠷᠬᠢᠯᠡᠵᠦ᠍᠂ ᠵᠠᠷᠢᠮ ᠨᠢ ᠵᠥᠭᠡᠢ ᠲᠡᠵᠢᠭᠡᠵᠦ᠍᠂ ᠵᠠᠷᠢᠮ ᠨᠢ ᠲᠣᠱᠢᠯᠣᠭ ᠲᠠᠷᠢᠵᠤ ᠪᠠᠢᠨ᠎ᠠ᠃ ᠲᠤᠰᠬᠤᠨ᠎ᠤ ᠵᠠᠯᠠᠭᠤᠴᠤᠳ ᠤᠯᠠᠮ᠎ᠡᠴᠡ ᠤᠯᠠᠮ ᠠᠷᠪᠢᠨ ᠪᠣᠯᠵᠤ᠂ ᠳᠤᠤᠷ᠎ᠠ ᠨᠢᠭᠡ ᠦᠶ᠎ᠡ᠎ᠶ᠋ᠢᠨ ᠬᠢᠨ ᠡᠯᠧᠺᠲᠷᠣᠨ ᠬᠤᠳᠠᠯᠳᠤᠭ᠎ᠠ ᠡᠷᠬᠢᠯᠡᠵᠦ᠍ ᠪᠠᠢᠨ᠎ᠠ᠃ ᠮᠠᠨ᠎ᠤ ᠲᠤᠰᠬᠤᠨ᠎ᠤ ᠣᠨᠴᠠ ᠭᠠᠷᠤᠯᠲᠠ ᠵᠢᠨ ᠪᠤᠷᠤᠯᠠᠭᠤᠯᠭ᠎ᠠ ᠮᠠᠰᠢ ᠰᠠᠢᠨ᠃
ᠮᠠᠨ᠎ᠤ ᠭᠡᠷ᠎ᠲᠦ ᠪᠠᠰᠠ ᠮᠠᠰᠢ ᠶᠡᠬᠡ ᠬᠤᠪᠢᠷᠠᠯᠲᠠ ᠭᠠᠷᠴᠠᠢ᠄ ᠰᠠᠭᠤᠭ᠎ᠠ ᠪᠠᠢᠰᠢᠩ᠎ᠢ ᠥᠭᠡᠷᠡᠴᠢᠯᠡᠨ ᠵᠠᠰᠠᠵᠤ ᠥᠩᠭᠡᠷᠡᠵᠡᠢ᠂ ᠤᠤᠯ᠎ᠤᠨ ᠬᠢ ᠱᠢᠭ ᠪᠦᠷᠦᠭ ᠬᠠᠷᠠᠩᠭᠤᠢ ᠪᠢᠰᠢ ᠪᠣᠯᠪᠠ᠂ ᠭᠡᠷ ᠳᠣᠲᠣᠷᠠᠬᠢ ᠱᠠᠯᠠ ᠪᠠᠨ ᠱᠦᠢᠨᠢ ᠱᠠᠯᠠ ᠪᠣᠯᠭᠠᠨ ᠥᠭᠡᠷᠡᠴᠢᠯᠡᠵᠦ᠍᠂ ᠴᠡᠪᠡᠷᠬᠡᠨ ᠬᠡᠰᠡᠨ ᠵᠣᠷᠯᠣᠩ ᠪᠠᠷᠢᠵᠤ᠂ ᠲᠦᠭᠡᠭᠡᠯ ᠤᠰᠤ ᠨᠡᠪᠲᠡᠷᠡᠭᠦᠯᠵᠦ᠍᠂ ᠴᠠᠬᠢᠯᠭᠠᠨ ᠬᠡᠷᠡᠭ᠌ᠰᠡᠯ ᠨᠡᠮᠡᠵᠡᠢ᠃ ᠪᠢ ᠪᠠᠰᠠ ᠲᠤᠰᠬᠤᠨ᠎ᠤ ᠬᠡᠷᠡᠭᠵᠢᠬᠦᠯᠵᠤ ᠪᠠᠢᠭ᠎ᠠ ᠲᠥᠷᠥᠯ ᠵᠦᠶ᠋ᠯ᠎ᠳᠦ ᠬᠤᠪᠢ ᠤᠷᠤᠵᠤ᠂ ᠨᠢᠭᠡᠨᠲᠡ ᠬᠡᠳᠦᠨ ᠮᠢᠩᠭᠠᠨ ᠲᠥᠭᠥᠷᠢᠭ᠎ᠦᠨ ᠠᠱᠢᠭ ᠤᠷᠤᠯᠭ᠎ᠠ ᠣᠯᠤᠭ᠍ᠰᠠᠨ᠃ ᠣᠳᠣ᠎ᠶ᠋ᠢᠨ ᠠᠮᠢᠳᠤᠷᠠᠯ᠂ ᠬᠡᠵᠢᠶ᠎ᠠ ᠮᠢᠬ᠎ᠠ ᠢᠳᠡᠶ᠎ᠡ ᠬᠡᠵᠤ ᠰᠠᠨᠠᠪᠠᠯ ᠮᠢᠬ᠎ᠠ ᠢᠳᠡᠬᠦ ᠨᠥᠬᠥᠴᠡᠯ ᠲᠠᠢ ᠪᠤᠯᠵᠠᠢ᠃
ᠮᠠᠨ᠎ᠤ ᠭᠡᠷ᠎ᠲᠦ ᠪᠠᠰᠠ ᠲᠣᠮᠣ ᠥᠩᠭᠡᠲᠦ ᠲᠧᠯᠸᠢᠰ ᠲᠠᠢ ᠪᠤᠯᠵᠠᠢ᠂ ᠮᠢᠨᠦ᠍ ᠬᠠᠮᠤᠭ᠎ᠤᠨ ᠦᠵᠡᠬᠦ᠌ ᠳᠤᠷᠠᠲᠠᠢ ᠫᠷᠥ᠍ᠭᠷᠠᠮ ᠪᠣᠯ ᠰᠣᠨᠢᠨ ᠮᠡᠳᠡᠭᠡᠨ᠎ᠦ ᠨᠡᠪᠲᠡᠷᠡᠭᠦᠯᠭᠡ ᠪᠣᠯᠤᠨ᠎ᠠ᠃ ᠶᠡᠷᠦᠩᠬᠡᠢ ᠱᠦᠵᠢ᠎ᠶ᠋ᠢᠨ ᠵᠢᠷᠤᠭ ᠳᠦᠷᠰᠦ ᠢᠯᠡᠷᠡᠮᠡᠭ᠌ᠴᠡ᠂ ᠪᠢ ᠭᠠᠷ᠎ᠲᠠᠬᠢ ᠠᠵᠢᠯ᠎ᠢᠶᠠᠨ ᠲᠠᠯᠪᠢᠵᠤ᠂ ᠰᠡᠳᠬᠢᠯ ᠲᠠᠯᠪᠢᠨ ᠦᠵᠡᠵᠦ᠍᠂ ᠲᠡᠭᠦᠨ᠎ᠦ ᠶᠠᠭᠤ ᠶᠠᠷᠢᠵᠤ ᠪᠠᠢᠬᠤ᠎ᠶ᠋ᠢ ᠰᠣᠨᠣᠰᠳᠠᠭ᠃
ᠦᠩᠬᠡᠷᠡᠭᠰᠡᠨ ᠳ᠋ᠤ ᠪᠢ ᠠᠭᠤᠯᠠᠨ᠎ᠡᠴᠡ ᠪᠠᠨ ᠭᠠᠷᠴᠤ᠌ ᠥᠩᠭᠡᠷᠡᠭ᠌ᠰᠡᠨ ᠦᠭᠡᠢ᠂ ᠡᠨᠡ ᠬᠡᠳᠦᠨ ᠵᠢᠯ ᠪᠢ ᠬᠡᠲᠦ ᠤᠳᠠᠭ᠎ᠠ ᠨᠢᠰᠭᠡᠯ᠎ᠳᠦ ᠰᠠᠭᠤᠵᠤ ᠥᠩᠭᠡᠷᠡᠵᠡᠶ᠂ ᠪᠠᠰᠠ ᠪᠡᠭᠡᠵᠢᠩ᠎ᠳᠦ ᠨᠢᠰᠦᠨ ᠬᠦᠷᠴᠦ᠍ ᠲᠢᠶᠠᠨ ᠠᠨ ᠮᠧᠨᠢ ᠦᠵᠡᠪᠡ᠃ ᠶᠡᠷᠦᠩᠬᠡᠶ ᠱᠦᠵᠢ᠂ ᠲᠠᠨ᠎ᠲᠠᠶ ᠠᠭᠤᠯᠵᠠᠭ᠍ᠰᠠᠨ ᠨᠢ ᠮᠢᠨᠦ᠍ ᠡᠨᠡ ᠨᠠᠰᠤᠨ᠎ᠤ ᠬᠠᠮᠤᠭ᠎ᠤᠨ ᠪᠠᠶᠠᠷ ᠲᠠᠶ ᠶᠠᠪᠤᠳᠠᠯ ᠪᠤᠯᠤᠨ᠎ᠠ ᠬᠡᠵᠤ ᠲᠠᠨ ᠳ᠋ᠤ ᠬᠡᠯᠡᠶ᠎ᠡ᠃
(ᠱᠢᠨᠬᠤᠸᠠ ᠬᠣᠷᠢᠶᠠᠨ᠎ᠤ ᠴᠠᠩᠱᠠ᠎ᠶ᠋ᠢᠨ 4 ᠰᠠᠷ᠎ᠠ᠎ᠶ᠋ᠢᠨ 11 ᠤ᠋ ᠴᠠᠬᠢᠯᠭᠠᠨ ᠮᠡᠳᠡᠭᠡ)
- ᠨᠠᠢᠷᠠᠭᠤᠯᠤᠭ᠍ᠴᠢ᠄
- ᠨᠡᠪᠲᠡᠷᠡᠭᠦᠯᠦᠭᠴᠢ᠄
- ᠮᠡᠷᠭᠡᠵᠢᠯ᠄
ᠨᠠᠢᠷᠠᠭᠤᠯᠤᠭ᠍ᠴᠢ᠄ ᠤᠶᠤᠨᠲᠠᠨ᠎ᠠ
ᠣᠷᠴᠢᠭᠤᠯᠤᠭ᠍ᠴᠢ᠄




ᠰᠢᠭᠦᠮᠵᠢ ᠠᠯᠠᠭ᠎ᠠ ᠂ ᠬᠤᠷᠳᠤᠨ ᠨᠢᠭᠡᠳᠦᠭᠡᠷ ᠵᠤᠷᠪᠤᠰ ᠰᠢᠭᠦᠮᠵᠢ ᠨᠡᠢ᠌ᠲᠡᠯᠡᠭᠡᠷᠡᠢ᠃