2022-04-14 10:15:48
ᠶᠡᠷᠦᠩᠬᠡᠢ ᠱᠦᠵᠢ ᠰᠢ ᠵᠢᠨ ᠫᠢᠩ 2015 ᠣᠨ᠎ᠤ 5 ᠰᠠᠷ᠎ᠠ᠎ᠶ᠋ᠢᠨ 25᠎ᠤ᠋ ᠡᠳᠦᠷ ᠵᠧᠵᠢᠶᠠᠩ ᠮᠤᠵᠢ᠎ᠶ᠋ᠢᠨ ᠵᠧᠦᠱᠠᠨ ᠬᠤᠳᠠ᠎ᠶ᠋ᠢᠨ ᠳ᠋ᠢᠩ ᠬᠠᠢ ᠲᠣᠭᠣᠷᠢᠭ᠎ᠤᠨ ᠱᠢᠨ᠎ᠡ᠎ᠪᠡᠷ ᠪᠠᠢᠭᠤᠯᠤᠭ᠍ᠰᠠᠨ ᠨᠡᠢᠭᠡᠮ ᠲᠣᠭᠣᠷᠢᠭ᠎ᠲᠤ ᠱᠢᠨᠵᠢᠯᠡᠨ ᠪᠠᠢᠴᠠᠭᠠᠵᠤ᠂ ᠲᠠᠷᠢᠶᠠᠴᠢᠨ ᠠᠢᠯ᠎ᠳᠡᠬᠢ ᠵᠢᠭᠤᠯᠴᠢᠯᠠᠯ᠎ᠤᠨ ᠦᠢᠯᠡᠰ᠎ᠢ ᠡᠷᠬᠢᠯᠡᠭ᠌ᠰᠡᠨ ᠲᠣᠰᠭᠣᠨ᠎ᠤ ᠠᠷᠠᠳ ᠶᠤᠸᠠᠨ ᠴᠢ ᠵᠦᠩ᠎ᠦᠨ ᠬᠢᠨ ᠳ᠋ᠤ ᠬᠦᠷᠪᠠ᠃ ᠣᠢᠷ᠎ᠠ᠎ᠳᠤ᠂ ᠱᠢᠨᠬᠤᠸᠠ ᠬᠣᠷᠢᠶᠠᠨ᠎ᠤ ᠰᠤᠷᠪᠤᠯᠵᠢᠯᠠᠭ᠍ᠴᠢ ᠶᠤᠸᠠᠨ ᠴᠢ ᠵᠥᠩᠢ ᠡᠷᠬᠢᠵᠦ ᠰᠤᠷᠪᠤᠯᠵᠢᠯᠠᠪᠠ᠃
ᠦᠵᠡᠭ᠌ᠳᠡᠯ᠎ᠢ ᠡᠷᠬᠢᠴᠡᠭᠦᠯᠬᠦᠢ
ᠪᠦᠷᠦᠢ ᠪᠣᠯᠬᠤ ᠦᠶ᠎ᠡ᠎ᠪᠡᠷ᠂ ᠶᠡᠷᠦᠩᠬᠡᠢ ᠱᠦᠵᠢ ᠰᠢ ᠵᠢᠨ ᠫᠢᠩ ᠶᠤᠸᠠᠨ ᠴᠢ ᠵᠦᠩ᠎ᠦᠨ ᠲᠠᠷᠢᠶᠠᠴᠢᠨ ᠠᠢᠯ᠎ᠳᠡᠬᠢ ᠵᠢᠭᠤᠯᠴᠢᠯᠠᠯ᠎ᠤᠨ ᠵᠢᠵᠢᠭ ᠬᠦᠷᠢᠶᠡᠨ᠎ᠳᠦ ᠬᠦᠷᠴᠦ᠍᠂ ᠬᠦᠷᠢᠶ᠎ᠡ ᠬᠠᠱᠢᠶ᠎ᠠ᠂ ᠵᠣᠴᠢᠨ᠎ᠤ ᠲᠢᠩᠬᠢᠮ᠂ ᠬᠣᠭᠣᠯᠠᠨ ᠭᠡᠷ᠎ᠢ ᠨᠢ ᠪᠠᠢᠴᠠᠭᠠᠨ ᠦᠵᠡᠪᠡ᠃ 《ᠲᠠᠷᠢᠶᠠᠴᠢᠨ ᠠᠢᠯ᠎ᠳᠡᠬᠢ ᠵᠢᠭᠤᠯᠴᠢᠯᠠᠯ ᠢ᠋ ᠬᠡᠳᠦᠢ ᠤᠳᠠᠭᠠᠨ ᠡᠬᠢᠯᠡᠭ᠌ᠰᠡᠨ ᠪᠤᠢ?》᠂ 《ᠡᠩ᠎ᠦᠨ ᠦᠶ᠎ᠡ᠎ᠳᠤ ᠵᠣᠴᠢᠨ ᠠᠷᠪᠢᠨ ᠦᠦ ᠦᠭᠡᠢ ᠦᠦ?》᠂ 《 ᠣᠷᠣᠯᠭ᠎ᠠ ᠬᠡᠳᠦᠶ ᠪᠣᠶ?》 ᠭᠡᠵᠦ ᠶᠡᠷᠦᠩᠬᠡᠢ ᠱᠦᠵᠢ ᠲᠣᠭᠣᠷᠢᠨ ᠦᠵᠡᠬᠦ᠌᠎ᠶ᠋ᠢᠨ ᠳᠠᠭᠠᠤ ᠮᠠᠰᠢ ᠪᠠᠶᠠᠷ ᠲᠠᠢ ᠪᠠᠷ ᠪᠠᠢᠳᠠᠯ᠎ᠢ ᠣᠢᠯᠠᠭᠠᠪᠠ᠃
ᠳᠠᠷᠠᠭ᠎ᠠ ᠨᠢ᠂ ᠶᠡᠷᠦᠩᠬᠡᠢ ᠱᠦᠵᠢ ᠰᠢ ᠵᠢᠨ ᠫᠢᠩ ᠶᠤᠸᠠᠨ ᠴᠢ ᠵᠦᠩ᠎ᠦᠨ ᠨᠢᠭᠡ ᠭᠡᠷ᠎ᠦᠨ ᠬᠢᠨ ᠪᠣᠯᠤᠨ ᠲᠣᠰᠭᠣᠨ᠎ᠤ ᠠᠷᠠᠳ᠎ᠤᠨ ᠲᠥᠯᠥᠭᠡᠯᠡᠭ᠌ᠴᠢᠳ᠎ᠲᠡᠶ ᠬᠠᠮᠲᠤ ᠰᠠᠭᠤᠯᠴᠠᠵᠤ᠂ ᠰᠡᠳᠬᠢᠯ ᠰᠠᠨᠠᠭ᠎ᠠ ᠪᠠᠨ ᠶᠠᠷᠢᠯᠴᠠᠪᠠ᠃ ᠣᠯᠠᠨ᠎ᠢᠶᠠᠷ᠎ᠢᠶᠠᠨ ᠶᠡᠷᠦᠩᠬᠡᠶ ᠱᠦᠵᠢ᠎ᠳᠦ ᠲᠤᠬᠠᠶ᠎ᠶ᠋ᠢᠨ ᠭᠠᠵᠠᠷ᠎ᠤᠨ ᠪᠠᠢᠭᠠᠯᠢ᠎ᠶ᠋ᠢᠨ ᠳᠠᠪᠠᠭᠤᠯᠢᠭ᠎ᠢ ᠠᠱᠢᠭ᠍ᠯᠠᠨ ᠬᠥᠳᠡᠭᠡ ᠲᠣᠰᠭᠣᠨ᠎ᠤ ᠵᠢᠭᠤᠯᠴᠢᠯᠠᠯ ᠵᠡᠷᠭᠡ ᠣᠨᠴᠠᠯᠢᠭ᠍ᠲᠤ ᠠᠵᠤ ᠦᠶ᠋ᠯᠡᠰ᠎ᠢ ᠬᠥᠭ᠌ᠵᠢᠭᠦᠯᠦᠭ᠌ᠰᠡᠨ ᠪᠠᠢᠳᠠᠯ᠎ᠢᠶᠡᠨ ᠲᠠᠨᠢᠯᠴᠠᠭᠤᠯᠪᠠ᠃ ᠶᠡᠷᠦᠩᠬᠡᠢ ᠱᠦᠵᠢ ᠰᠢ ᠵᠢᠨ ᠫᠢᠩ ᠰᠣᠨᠣᠰᠤᠭ᠍ᠰᠠᠨ᠎ᠤ ᠳᠠᠷᠠᠭ᠎ᠠ᠂ ᠲᠠᠨ᠎ᠤ ᠡᠨᠳᠡ ᠪᠣᠯ ᠪᠠᠢᠭᠠᠯᠢᠯᠢᠭ ᠲᠤᠮᠤ ᠬᠦᠴᠢᠯᠲᠥ᠋ᠷᠥᠭ᠌ᠴᠢ᠎ᠵᠢᠨ ᠪᠠᠭᠠᠷ᠂ 《ᠦᠵᠡᠰᠭᠦᠯᠡᠩᠲᠦ ᠰᠠᠢᠬᠠᠨ ᠠᠵᠤ ᠠᠬᠤᠢ》 ᠪᠤᠯᠤᠨ᠎ᠠ᠂ ᠬᠥᠬᠡᠮᠳᠦᠭ ᠨᠣᠭᠣᠭᠠᠨ ᠠᠭᠤᠯᠠ ᠤᠰᠤ ᠪᠣᠯ ᠠᠯᠳᠠ ᠮᠥᠩᠭᠥᠨ ᠠᠭᠤᠯᠠ ᠮᠥᠨ ᠭᠡᠬᠦ᠌ ᠶᠣᠰᠣ᠎ᠶ᠋ᠢ ᠭᠡᠷᠡᠴᠢᠯᠡᠪᠡ ᠭᠡᠵᠡᠢ᠃ ᠲᠡᠷᠡ᠂ ᠪᠢ ᠵᠧᠵᠢᠶᠠᠩ᠎ᠳᠤ ᠠᠵᠢᠯᠯᠠᠵᠤ ᠪᠠᠢᠬᠤ᠎ᠳᠠᠭᠠᠨ《ᠬᠥᠬᠡᠮᠳᠦᠭ ᠨᠣᠭᠣᠭᠠᠨ ᠠᠭᠤᠯᠠ ᠤᠰᠤ ᠪᠣᠯ ᠠᠯᠳᠠ ᠮᠥᠩᠭᠥᠨ ᠠᠭᠤᠯᠠ ᠮᠦᠨ》 ᠭᠡᠵᠦ᠍ ᠬᠡᠯᠡᠭ᠌ᠰᠡᠨ ᠨᠢ ᠦᠨᠡᠨ ᠦᠭᠡ ᠶᠤᠮ᠂ ᠤᠳᠤ ᠨᠡᠩ ᠤᠯᠠᠨ ᠬᠥᠮᠦᠨ ᠡᠨᠡ ᠦᠵᠡᠯᠲᠡ᠎ᠶ᠋ᠢ ᠣᠢᠯᠠᠭᠠᠵᠤ ᠪᠠᠢᠨ᠎ᠠ᠂ ᠪᠢᠳᠡ ᠡᠭᠦᠨ᠎ᠢ ᠪᠠᠷᠢᠮᠳᠠᠯᠠᠵᠤ ᠬᠢᠬᠦ᠌ ᠬᠡᠷᠡᠭ᠌ᠲᠡᠢ ᠭᠡᠵᠦ ᠬᠡᠯᠡᠪᠡ᠃
ᠶᠤᠸᠠᠨ ᠴᠢ ᠵᠦᠩ᠎ᠤᠨ ᠰᠡᠳᠬᠢᠯ᠎ᠤᠨ ᠳᠠᠭᠤᠨ
《ᠬᠥᠬᠡᠮᠳᠦᠭ ᠨᠣᠭᠣᠭᠠᠨ ᠠᠭᠤᠯᠠ ᠤᠰᠤ ᠪᠣᠯ ᠠᠯᠳᠠ ᠮᠥᠩᠭᠥᠨ ᠠᠭᠤᠯᠠ ᠮᠥᠨ》᠂ 7 ᠵᠢᠯ ᠥᠩᠭᠡᠷᠡᠯ᠎ᠡ᠂ ᠶᠡᠷᠦᠩᠬᠡᠢ ᠱᠦᠵᠢ᠎ᠶ᠋ᠢᠨ ᠦᠭᠡ ᠴᠠᠭ ᠢᠮᠠᠭ᠍ᠲᠠ ᠴᠢᠬᠢᠨ᠎ᠳᠦ ᠮᠢᠨᠢ ᠴᠤᠤᠷᠢᠶᠠᠲᠤᠨ᠎ᠠ᠃ ᠡᠳᠡᠭᠡᠷ ᠵᠢᠯ᠎ᠦᠳ᠎ᠲᠦ᠂ ᠪᠢᠳᠡ ᠡᠭᠦᠨ᠎ᠢ ᠪᠠᠷᠢᠮᠳᠠᠯᠠᠨ ᠠᠵᠢᠯᠯᠠᠬᠰᠠᠭᠠᠷ ᠢᠷᠡᠯ᠎ᠡ᠂ ᠰᠠᠢ᠌ᠨ ᠰᠠᠢᠬᠠᠨ ᠠᠮᠢᠳᠦᠷᠠᠯ᠎ᠤᠨ ᠪᠠᠢᠳᠠᠯ᠎ᠢ ᠤᠭ᠍ᠲᠤᠪᠠ᠃
ᠤᠳᠤ᠂ ᠮᠢᠨᠦ᠍ ᠭᠤᠷᠪᠠᠨ ᠬᠡᠦᠬᠡᠨ ᠪᠣᠯᠤᠨ ᠬᠦᠦ ᠪᠡᠷᠢ ᠴᠦᠮ ᠲᠠᠷᠢᠶᠠᠴᠢᠨ ᠠᠢᠯ᠎ᠳᠡᠬᠢ ᠵᠢᠭᠤᠯᠴᠢᠯᠠᠯ᠎ᠤᠨ ᠦᠢᠯᠡᠰ᠎ᠤᠨ ᠲᠣᠭ᠍ᠲᠠᠭ᠍ᠰᠠᠨ ᠠᠵᠢᠯᠲᠠᠨ ᠪᠣᠯᠵᠤ᠂ ᠠᠷᠠᠯᠵᠢᠶ᠎ᠠ ᠮᠠᠰᠢ ᠰᠠᠢᠨ᠂ ᠭᠡᠷ ᠪᠣᠯᠭᠠᠨ ᠴᠦᠮ ᠱᠢᠨ᠎ᠡ ᠮᠠᠰᠢᠨ ᠲᠡᠷᠭᠡ ᠬᠤᠳᠠᠯᠳᠤᠨ ᠠᠪᠴᠠᠢ᠃ ᠵᠤᠭᠤᠰ᠎ᠤᠨ ᠴᠦᠩᠬᠦ ᠭᠦᠳᠦᠢᠵᠦ᠍ ᠡᠬᠢᠯᠡᠪᠡ᠂ ᠪᠢ ᠵᠢᠵᠢᠭ ᠬᠦᠷᠢᠶ᠎ᠡ᠎ᠪᠠᠨ ᠱᠢᠨᠡᠳᠭᠡᠵᠦ᠍᠂ ᠭᠡᠷ ᠳᠣᠲᠣᠷᠠᠬᠢ ᠬᠣᠭᠣᠯᠠᠯᠠᠬᠤ ᠭᠠᠵᠠᠷ᠎ᠢᠶᠡᠨ ᠥᠷᠭᠡᠳᠭᠡᠵᠦ᠍᠂ ᠪᠠᠰᠠ ᠬᠣᠭᠣᠯᠠᠯᠠᠬᠤ ᠪᠠᠭᠠᠵᠢ ᠬᠡᠷᠡᠭ᠌ᠰᠡᠯ᠎ᠢᠶᠡᠨ ᠪᠦᠬᠦᠨ᠎ᠢ ᠰᠢᠨᠡᠳᠭᠡᠨ ᠨᠢᠭᠡᠳᠭᠡᠵᠦ᠍᠂ ᠡᠷᠡᠬᠦᠯ ᠬᠠᠮᠠᠭᠠᠯᠠᠯ᠎ᠤᠨ ᠲᠠᠰᠤᠭ᠎ᠢ ᠥᠭᠡᠷᠡᠴᠢᠯᠡᠨ ᠪᠠᠢᠭᠤᠯᠵᠠᠢ᠃
ᠭᠠᠭ᠍ᠴᠠ ᠮᠠᠨ᠎ᠤ ᠬᠢᠨ ᠪᠢᠰᠢ᠂ ᠬᠦᠷᠰᠢ ᠵᠡᠷᠭᠡᠯᠡᠳᠡᠭᠡ ᠠᠢᠯ᠎ᠤᠨ ᠣᠯᠠᠩᠬᠢ ᠨᠢ ᠴᠦᠮ ᠢᠷᠬᠡᠨ᠎ᠤ ᠰᠠᠭᠤᠴᠠ ᠪᠤᠶᠤ ᠲᠠᠷᠢᠶᠠᠴᠢᠨ ᠠᠢᠯ᠎ᠳᠡᠬᠢ ᠵᠢᠭᠤᠯᠴᠢᠯᠠᠯ᠎ᠤᠨ ᠦᠢᠯᠡᠰ ᠡᠷᠬᠢᠯᠡᠵᠦ᠍᠂ ᠨᠠᠰᠤ ᠠᠬᠢᠬᠰᠠᠨ ᠡᠮᠡᠭ᠌ᠲᠡᠢᠴᠦᠳ ᠲᠣᠰᠭᠣᠨ ᠳ᠋ᠠᠭᠠᠨ ᠦᠶ᠋ᠯᠡᠴᠢᠯᠡᠭ᠌ᠴᠢ ᠪᠣᠯᠵᠤ᠂ ᠨᠢᠭᠡ ᠰᠠᠷ᠎ᠠ᠎ᠳᠤ ᠪᠠᠰᠠ 3000 ᠭᠠᠷᠤᠶ ᠲᠥᠭᠥᠷᠢᠭ᠎ᠦᠨ ᠣᠷᠣᠯᠭ᠎ᠠ᠎ᠲᠠᠶ ᠪᠤᠯᠪᠠ᠃
ᠠᠮᠢᠳᠤᠷᠠᠯ ᠡᠳᠦᠷ᠎ᠡᠴᠡ ᠡᠳᠦᠷ ᠰᠠᠢᠵᠢᠷᠠᠵᠤ᠂ ᠲᠣᠰᠭᠣᠨ ᠴᠤ᠌ ᠲᠤᠩ ᠶᠡᠬᠡ ᠬᠤᠪᠢᠷᠠᠯᠳᠠ ᠲᠠᠢ ᠪᠤᠯᠪᠠ᠃ ᠦᠩᠬᠡᠷᠡᠭᠰᠡᠨ ᠳ᠋ᠤ ᠱᠢᠪᠡᠷ ᠱᠠᠯᠴᠢᠭ᠎ᠲᠠᠶ ᠪᠠᠢᠬᠰᠠᠨ ᠵᠠᠮ ᠳᠡᠭᠡᠷ᠎ᠡ ᠪᠠᠨ ᠴᠢᠯᠠᠭᠤᠨ ᠬᠠᠪᠲᠠᠰᠤ ᠳᠡᠪᠢᠰᠦᠯᠠ᠂ ᠤᠰᠤᠨ ᠴᠥᠭᠥᠷᠥᠮ᠎ᠳᠦ ᠤᠰᠤᠨ᠎ᠤ ᠴᠢᠨᠠᠷ ᠢ᠋ ᠴᠡᠪᠡᠷᠱᠢᠭᠦᠯᠬᠦ᠌ ᠤᠷᠭᠤᠮᠠᠯ ᠲᠠᠷᠢᠯ᠎ᠠ᠂ ᠬᠣᠭ ᠨᠣᠪᠰᠢ᠎ᠶ᠋ᠢ ᠲᠥᠷᠥᠯ ᠬᠤᠪᠢᠶᠠᠨ ᠱᠢᠶ᠋ᠳᠪᠦᠷᠢᠯᠡᠬᠦ ᠪᠤᠯᠤᠯ᠎ᠠ᠂ ᠪᠠᠰᠠ ᠨᠡᠢᠲᠡ᠎ᠶ᠋ᠢᠨ ᠵᠣᠷᠯᠣᠩ ᠪᠠ ᠲᠡᠷᠭᠡᠨ ᠵᠣᠭ᠍ᠰᠣᠭᠠᠯ ᠪᠠᠢᠭᠤᠯᠤᠯ᠎ᠠ᠂ ᠲᠣᠰᠭᠣᠨ᠎ᠤ ᠠᠷᠠᠳ᠎ᠤᠨ ᠡᠷᠡᠭᠦᠯ ᠬᠠᠮᠠᠭᠠᠯᠠᠯ᠎ᠤᠨ ᠤᠬᠠᠮᠰᠠᠷ ᠳᠡᠭᠡᠭ᠌ᠰᠢᠯᠡᠯᠡ ᠁ ᠵᠢᠭᠤᠯᠴᠢᠯᠠᠬᠰᠠᠳ᠎ᠤᠨ ᠬᠡᠯᠡᠬᠦ᠌᠎ᠪᠡᠷ ᠮᠠᠨ᠎ᠤ ᠡᠨᠳᠡ ᠬᠣᠲᠠ ᠭᠠᠵᠠᠷ᠎ᠡᠴᠡ ᠪᠠᠰᠠ ᠴᠡᠪᠡᠷ ᠴᠡᠮᠴᠡᠬᠡᠷ ᠪᠤᠯᠵᠠᠢ!
ᠠᠭᠤᠯᠠ ᠤᠰᠤ ᠨᠢ ᠦᠵᠡᠰᠬᠦᠯᠡᠩ᠎ᠳᠤ ᠰᠠᠢᠬᠠᠨ ᠪᠣᠯᠬᠤᠯᠠᠷ ᠬᠥᠮᠦᠨ᠎ᠦ ᠰᠡᠳᠭᠢᠯ ᠴᠦ᠍ ᠰᠠᠢᠬᠠᠨ ᠪᠣᠯᠤᠨ᠎ᠠ᠃ ᠲᠣᠰᠭᠣᠨ᠎ᠤ ᠰᠣᠶᠣᠯ᠎ᠤᠨ ᠲᠤᠬᠠᠢ ᠫᠷᠤᠭ᠌ᠷᠠᠮ ᠤᠯᠠᠮ᠎ᠡᠴᠡ ᠤᠯᠠᠮ ᠣᠯᠠᠱᠢᠷᠠᠵᠤ᠂ ᠰᠣᠶᠣᠯ᠎ᠤᠨ ᠲᠤᠮᠤ ᠶᠤᠰᠤᠯᠠᠯ᠎ᠤᠨ ᠲᠠᠩᠬᠢᠮ ᠢ ᠰᠢᠨ᠎ᠡ ᠪᠡᠷ ᠪᠠᠢᠭᠤᠯᠵᠤ᠂ ᠵᠢᠭᠠᠰᠤᠴᠢᠨᠤ ᠵᠢᠷᠤᠭ᠂ ᠴᠢᠯᠠᠭᠤᠨ ᠵᠢᠷᠤᠭ ᠨᠢ ᠲᠣᠰᠭᠣᠨ᠎ᠤ ᠣᠨᠴᠠᠯᠢᠭ ᠪᠣᠯᠵᠤ᠂ ᠮᠠᠨ᠎ᠤ ᠲᠣᠰᠭᠣᠨ ᠤᠯᠠᠮ ᠨᠡᠷ᠎ᠡ ᠠᠯᠳᠠᠷᠱᠢᠪᠠ᠃
ᠡᠨᠡ ᠴᠢᠨᠢ ᠳᠠᠷᠤᠢ ᠶᠡᠷᠦᠩᠬᠡᠢ ᠱᠦᠵᠢ᠎ᠶ᠋ᠢᠨ ᠪᠢᠳᠡᠨ᠎ᠢ ᠵᠣᠷᠢᠭ᠍ᠵᠢᠭᠤᠯᠤᠨ ᠬᠥᠭ᠌ᠵᠢᠭᠦᠯᠦᠭ᠌ᠰᠡᠨ《ᠦᠵᠡᠰᠭᠦᠯᠡᠩᠲᠦ ᠰᠠᠢᠬᠠᠨ ᠠᠵᠤ ᠠᠬᠤᠢ》 ᠪᠢᠰᠢ ᠦᠦ?
ᠪᠢ ᠶᠡᠷᠦᠩᠬᠡᠢ ᠱᠦᠵᠢ᠎ᠶ᠋ᠢᠨ ᠳᠠᠬᠢᠨ ᠮᠠᠨ᠎ᠤ ᠭᠡᠷ᠎ᠲᠦ ᠢᠷᠡᠵᠦ᠍᠂ ᠡᠨᠳᠡᠬᠢ ᠱᠢᠨ᠎ᠡ ᠬᠤᠪᠢᠷᠠᠯᠲᠠ᠎ᠶ᠋ᠢ ᠦᠵᠡᠬᠦ᠎ᠵᠢ ᠬᠦᠰᠡᠨ ᠪᠠᠷᠠᠯᠠᠵᠤ ᠪᠠᠢᠨ᠎ᠠ! ᠪᠢ ᠦᠨᠡᠬᠡᠷ ᠶᠡᠷᠦᠩᠬᠡᠢ ᠱᠦᠵᠢ᠎ᠳᠦ᠄ 《ᠲᠠᠨ᠎ᠤ ᠦᠭᠡ᠎ᠶ᠋ᠢ ᠰᠣᠨᠣᠰᠴᠤ᠌᠂ 〈ᠦᠵᠡᠰᠭᠦᠯᠡᠩᠲᠦ ᠰᠠᠢᠬᠠᠨ ᠠᠵᠤ ᠠᠬᠤᠢ〉 ᠵᠢ ᠬᠦᠭᠵᠢᠬᠦᠯᠵᠤ᠂ ᠪᠢᠳᠡ ᠠᠵᠢᠯᠯᠠᠬᠤ ᠲᠤᠳᠤᠮ ᠡᠷᠴᠢ᠎ᠲᠡᠶ ᠪᠣᠯᠪᠠ!》 ᠭᠡᠵᠦ ᠬᠡᠯᠡᠮᠡᠷ ᠪᠤᠳᠤᠵᠤ ᠪᠠᠢᠨ᠎ᠠ᠃
( ᠱᠢᠨᠬᠤᠸᠠ ᠬᠣᠷᠢᠶᠠᠨ᠎ᠤ ᠬᠠᠩᠵᠧᠦ᠍᠎ᠶ᠋ᠢᠨ 4 ᠰᠠᠷ᠎ᠠ᠎ᠶ᠋ᠢᠨ 12᠎ᠤ᠋ᠨ ᠴᠠᠬᠢᠯᠭᠠᠨ ᠮᠡᠳᠡᠭᠡ )
- ᠨᠠᠢᠷᠠᠭᠤᠯᠤᠭ᠍ᠴᠢ᠄
- ᠨᠡᠪᠲᠡᠷᠡᠭᠦᠯᠦᠭᠴᠢ᠄
- ᠮᠡᠷᠭᠡᠵᠢᠯ᠄
ᠨᠠᠢᠷᠠᠭᠤᠯᠤᠭ᠍ᠴᠢ᠄ ᠹᠦ᠋ ᠭᠸᠨ
ᠣᠷᠴᠢᠭᠤᠯᠤᠭ᠍ᠴᠢ᠄




ᠰᠢᠭᠦᠮᠵᠢ ᠠᠯᠠᠭ᠎ᠠ ᠂ ᠬᠤᠷᠳᠤᠨ ᠨᠢᠭᠡᠳᠦᠭᠡᠷ ᠵᠤᠷᠪᠤᠰ ᠰᠢᠭᠦᠮᠵᠢ ᠨᠡᠢ᠌ᠲᠡᠯᠡᠭᠡᠷᠡᠢ᠃