2022-04-23 20:27:27
ᠶᠡᠷᠦᠩᠬᠡᠢ ᠱᠦᠵᠢ ᠰᠢ ᠵᠢᠨ ᠫᠢᠩ 2019 ᠣᠨ᠎ᠤ 4 ᠰᠠᠷ᠎ᠠ᠎ᠶ᠋ᠢᠨ 15᠎ᠤ᠋ ᠡᠳᠦᠷ ᠴᠦᠩᠴᠢᠩ᠎ᠦᠨ ᠱ᠌ᠢ ᠵᠦ᠍ ᠵᠢᠨ ᠲᠦᠵᠢᠶᠠ ᠦᠨᠳᠦᠰᠦᠲᠡᠨ᠎ᠦ ᠥᠪᠡᠷᠲᠡᠭᠡᠨ ᠵᠠᠰᠠᠬᠤ ᠱᠢᠶᠠᠨ᠎ᠳᠤ ᠱᠢᠨᠵᠢᠯᠡᠨ ᠪᠠᠢᠴᠠᠭᠠᠬᠤ᠎ᠳᠠᠭᠠᠨ᠂ ᠬᠤᠸᠠ ᠰᠢ ᠲᠣᠰᠭᠣᠨ᠎ᠳᠤ ᠬᠦᠷᠴᠦ᠍ 86 ᠨᠠᠰᠤᠲᠠᠢ ᠠᠬᠠᠮᠠᠳ ᠨᠠᠮ᠎ᠤᠨ ᠭᠡᠱᠢᠭᠦᠨ᠂ ᠨᠢᠭᠡᠨᠲᠡ ᠶᠠᠳᠠᠭᠤ᠎ᠡᠴᠡ ᠠᠩᠭᠢᠵᠢᠷᠠᠭ᠍ᠰᠠᠨ ᠡᠷᠦᠬᠡ ᠮᠠ ᠫᠸᠢ ᠴᠢᠩ᠎ᠢ ᠪᠣᠯᠭᠣᠭᠠᠨ ᠦᠵᠡᠪᠡ᠃ ᠣᠢᠷ᠎ᠠ᠎ᠳᠤ ᠱᠢᠨᠬᠤᠸᠠ ᠬᠣᠷᠢᠶᠠᠨ᠎ᠤ ᠰᠤᠷᠪᠤᠯᠵᠢᠯᠠᠭ᠍ᠴᠢ ᠮᠠ ᠫᠸᠢ ᠴᠢᠩ᠎ᠢ ᠡᠷᠬᠢᠵᠦ ᠰᠤᠷᠪᠤᠯᠵᠢᠯᠠᠪᠠ᠃
ᠦᠵᠡᠭ᠌ᠳᠡᠯ᠎ᠢ ᠡᠷᠬᠢᠴᠡᠭᠦᠯᠬᠦᠢ
ᠬᠠᠪᠤᠷ᠎ᠤᠨ ᠡᠬᠢ᠎ᠪᠡᠷ᠂ ᠦᠨᠳᠦᠷ ᠠᠭᠤᠯᠠ᠎ᠶ᠋ᠢᠨ ᠭᠦᠨ᠎ᠳᠡᠬᠢ ᠬᠤᠸᠠ ᠰᠢ ᠲᠣᠰᠭᠣᠨ ᠳ᠋ᠤ ᠲᠦᠮᠡᠨ ᠪᠣᠳᠠᠰ ᠠᠮᠢᠯᠠᠨ ᠰᠡᠷᠭᠦᠵᠦ᠍᠂ ᠤᠢ ᠮᠣᠳᠣ ᠬᠥᠬᠡᠷᠡᠨ ᠨᠣᠭᠣᠭᠠᠷᠠᠨ᠎ᠠ᠃ ᠡᠨᠡ ᠡᠳᠦᠷ᠂ ᠶᠡᠷᠦᠩᠬᠡᠢ ᠱᠦᠵᠢ ᠰᠢ ᠵᠢᠨ ᠫᠢᠩ ᠥᠷᠯᠥᠭᠡ ᠡᠷᠲᠡ ᠪᠡᠭᠡᠵᠢᠩ᠎ᠡᠴᠡ ᠮᠣᠷᠳᠠᠵᠤ᠂ ᠨᠢᠰᠭᠡᠯ᠎ᠢᠶᠡᠷ ᠴᠦᠩᠴᠢᠩ᠎ᠳᠦ ᠬᠦᠷᠴᠦ᠍᠂ ᠲᠠᠬᠢᠭᠠᠳ ᠭᠠᠯᠲᠤ ᠲᠡᠷᠭᠡ ᠰᠣᠯᠢᠵᠤ᠂ ᠪᠠᠰᠠ ᠮᠠᠱᠢᠨ ᠲᠡᠷᠭᠡ ᠰᠣᠯᠢᠵᠤ᠂ ᠦᠨᠳᠦᠷ ᠠᠭᠤᠯᠠ ᠦᠷᠬᠡᠨ ᠳᠠᠪᠠᠭ᠎ᠠ᠎ᠶ᠋ᠢ ᠳᠠᠪᠠᠵᠤ᠂ ᠱᠢ ᠵᠤ᠌ᠵᠢᠨ ᠲᠦᠵᠢᠶᠠ ᠦᠨᠳᠦᠰᠦᠲᠡᠨ᠎ᠦ ᠥᠪᠡᠷᠲᠡᠭᠡᠨ ᠵᠠᠰᠠᠬᠤ ᠱᠢᠶᠠᠨ᠎ᠤ ᠵᠦᠩ ᠢ ᠱᠢᠶᠠᠩ᠎ᠤᠨ ᠬᠤᠸᠠ ᠰᠢ ᠲᠣᠰᠭᠣᠨ᠎ᠳᠤ ᠬᠦᠷᠪᠡ᠃ ᠠᠬᠠᠮᠠᠳ ᠨᠠᠮ᠎ᠤᠨ ᠭᠡᠱᠢᠭᠦᠨ᠂ ᠨᠢᠭᠡᠨᠲᠡ ᠶᠠᠳᠠᠭᠤ᠎ᠡᠴᠡ ᠠᠩᠭᠢᠵᠢᠷᠠᠭ᠍ᠰᠠᠨ ᠡᠷᠦᠬᠡ ᠮᠠ ᠫᠸᠢ ᠴᠢᠩ᠎ᠦᠨ ᠭᠡᠷ᠎ᠲᠦ ᠬᠦᠷᠬᠦ᠌᠎ᠳᠦ᠂ ᠨᠢᠭᠡᠨᠲᠡ ᠦᠳᠡ᠎ᠶ᠋ᠢᠨ ᠬᠣᠢᠨᠠᠬᠢ ᠲᠠᠪᠤ ᠵᠢᠷᠭᠤᠭᠠᠨ ᠴᠠᠭ ᠪᠣᠯᠵᠠᠢ᠃
ᠶᠡᠷᠦᠩᠬᠡᠢ ᠱᠦᠵᠢ ᠮᠠ ᠫᠸᠢ ᠴᠢᠩ᠎ᠦᠨ ᠭᠠᠷ᠎ᠢ ᠠᠳᠭᠤᠵᠤ᠂ ᠳᠣᠲᠣᠨᠣᠰᠣᠭ᠎ᠢᠶᠠᠷ ᠲᠡᠭᠦᠨ᠎ᠦ ᠨᠢᠭᠡ ᠭᠡᠷ᠎ᠦᠨ ᠬᠥᠮᠦᠰ᠎ᠦᠨ ᠠᠮᠤᠷ᠎ᠢ ᠠᠰᠠᠭᠤᠪᠠ᠃ ᠠᠮᠤ ᠪᠤᠳᠠᠭᠠᠨ᠎ᠤ ᠬᠥᠮᠥᠷᠭᠡ᠎ᠳᠦ᠎ᠨᠢ ᠠᠮᠤ ᠪᠤᠳᠠᠭ᠎ᠠ ᠲᠦᠭᠦᠷᠡᠩ᠂ ᠲᠣᠭᠣᠭᠠᠨ ᠬᠡᠷ᠎ᠲᠦᠨᠢ ᠳᠠᠪᠤᠰᠤᠯᠠᠵᠤ ᠬᠠᠳᠠᠭᠠᠭ᠍ᠰᠠᠨ ᠮᠢᠬ᠎ᠠ ᠴᠥᠭᠡᠨ ᠪᠤᠰᠤ ᠡᠯᠭᠦᠵᠦ᠍ ᠪᠠᠢᠬᠤ᠎ᠶ᠋ᠢ ᠦᠵᠡᠭᠡᠳ᠂ ᠲᠡᠳᠡᠨ᠎ᠤ ᠬᠢᠨ ᠴᠠᠭᠠᠨ ᠬᠤᠤᠷ ᠬᠢᠲᠠᠳ ᠡᠮ᠎ᠦᠨ ᠮᠠᠲ᠋ᠧᠷᠢᠶᠠᠯ᠎ᠤᠨ ᠠᠵᠤ ᠦᠶ᠋ᠯᠡᠰ᠎ᠦᠨ ᠬᠥᠭ᠌ᠵᠢᠯᠲᠡ ᠳ᠋ᠤ ᠤᠷᠤᠯᠴᠠᠵᠤ ᠪᠠᠢᠬᠤ ᠪᠠ ᠭᠠᠵᠠᠷ ᠱᠢᠷᠣᠶ᠎ᠪᠠᠷ᠎ᠢᠶᠡᠨ ᠬᠤᠪᠢ ᠣᠷᠣᠵᠤ ᠠᠱᠢᠭ ᠬᠤᠪᠢᠶᠠᠨ ᠤᠯᠵᠤ ᠪᠠᠢᠬᠤ᠂ ᠡᠮ᠎ᠦᠨ ᠮᠠᠲ᠋ᠧᠷᠢᠶᠠᠯ᠎ᠤᠨ ᠰᠠᠭᠤᠷᠢᠨ᠎ᠢ ᠬᠠᠮᠢᠶᠠᠷᠤᠨ ᠬᠠᠮᠠᠭᠠᠯᠠᠬᠤ ᠵᠡᠷᠭᠡ ᠠᠷᠭ᠎ᠠ ᠬᠡᠯᠪᠡᠷᠢ᠎ᠪᠡᠷ ᠳᠠᠮᠵᠢᠭᠤᠯᠤᠨ᠂ ᠲᠣᠭ᠍ᠲᠠᠭᠤᠨ᠎ᠢᠶᠠᠷ ᠶᠠᠳᠠᠭᠤ᠎ᠡᠴᠡ ᠠᠩᠭᠢᠵᠢᠷᠠᠭᠰᠠᠨᠢ ᠮᠡᠳᠡᠭᠡᠳ᠂ ᠶᠡᠷᠦᠩᠬᠡᠶ ᠱᠦᠵᠢ ᠰᠢ ᠵᠢᠨ ᠫᠢᠩ᠎ᠦᠨ ᠴᠢᠷᠠᠶ᠎ᠳᠤ ᠪᠠᠶᠠᠷ᠎ᠤᠨ ᠮᠥᠱᠢᠶᠡᠳᠦ ᠲᠣᠳᠣᠷᠠᠪᠠ᠃
ᠦᠨᠳᠦᠷ ᠠᠭᠤᠯᠠ ᠵᠢ ᠪᠠᠷᠠᠯᠠᠨ᠂ ᠨᠢᠭᠡ ᠳᠥᠷᠪᠡᠯᠵᠢᠨ ᠱᠢᠷᠡᠭᠡ᠂ ᠬᠡᠳᠦᠨ ᠤᠷᠳᠤ ᠰᠠᠨᠳᠠᠯᠢ᠂ ᠮᠠ ᠫᠸᠢ ᠴᠢᠩ᠎ᠦᠨ ᠭᠡᠷ᠎ᠦᠨ ᠬᠦᠷᠢᠶᠡᠨ᠎ᠳᠦ᠂ ᠰᠢ ᠵᠢᠨ ᠫᠢᠩ ᠲᠣᠰᠭᠣᠨ᠎ᠤ ᠠᠷᠠᠳ᠎ᠤᠨ ᠲᠥᠯᠥᠭᠡᠯᠡᠭ᠌ᠴᠢ᠂ ᠦᠨᠳᠦᠰᠦᠨ ᠱᠠᠲᠤᠨ᠎ᠤ ᠺᠠᠳ᠋ᠷ᠂ ᠶᠠᠳᠠᠭᠤ᠎ᠶ᠋ᠢ ᠲᠡᠳᠬᠦᠬᠦ᠌ ᠺᠠᠳ᠋ᠷ᠂ ᠬᠥᠳᠡᠭᠡ ᠲᠣᠰᠭᠣᠨ᠎ᠤ ᠡᠮᠴᠢᠨᠡᠷᠲᠡᠶ ᠬᠦᠷᠢᠶᠡᠯᠡᠨ ᠰᠠᠭᠤᠵᠤ᠂ ᠲᠦᠷᠦ᠍᠎ᠶ᠋ᠢᠨ ᠪᠤᠳᠤᠯᠭ᠎ᠠ᠎ᠶ᠋ᠢ ᠳᠡᠯᠭᠡᠵᠦ᠍᠂ ᠬᠤᠪᠢᠷᠠᠯᠲᠠ᠎ᠶ᠋ᠢ ᠶᠠᠷᠢᠯᠴᠠᠵᠤ᠂ ᠬᠥᠭ᠌ᠵᠢᠯᠲᠡ᠎ᠶ᠋ᠢ ᠡᠷᠢᠯᠬᠢᠯᠡᠪᠡ᠃ ᠶᠡᠷᠦᠩᠬᠡᠢ ᠱᠦᠵᠢ ᠨᠤᠲᠤᠭ᠎ᠤᠨ ᠠᠬ᠎ᠠ ᠳᠡᠭᠦᠦ᠍᠎ᠨᠡᠷ᠎ᠲᠦ᠄《ᠴᠢᠨᠡᠭᠡᠯᠢᠭ ᠡᠰᠡᠬᠦ᠌᠎ᠶ᠋ᠢᠨ ᠵᠠᠩᠭᠢᠯᠠᠭ᠎ᠠ ᠨᠢ ᠨᠤᠲᠤᠭ᠎ᠤᠨ ᠠᠬ᠎ᠠ ᠳᠡᠭᠦᠦ᠍᠎ᠨᠡᠷ᠎ᠢ ᠦᠵᠡᠨ᠎ᠡ᠂ ᠵᠠᠩᠭᠢᠯᠠᠭ᠎ᠠ ᠨᠢ ᠶᠠᠳᠠᠭᠤ᠎ᠡᠴᠡ ᠠᠩᠭᠢᠵᠢᠷᠠᠭᠤᠯᠬᠤ ᠪᠣᠭᠣᠮᠲᠠ ᠱᠢᠪᠲᠤᠯᠬᠤ ᠠᠵᠢᠯ᠎ᠢ ᠬᠢᠷᠢ ᠵᠡᠷᠭᠡ ᠬᠢᠭ᠌ᠰᠡᠨ᠎ᠳᠦ ᠪᠠᠢᠨ᠎ᠠ᠃ ᠴᠢᠨᠡᠭᠡᠯᠢᠭ ᠨᠡᠢᠭᠡᠮ᠎ᠢ ᠪᠦᠬᠦ᠌ ᠲᠠᠯ᠎ᠠ᠎ᠪᠠᠷ ᠪᠡᠶᠡᠯᠡᠭᠦᠯᠬᠦ᠌ ᠵᠠᠮ ᠳᠡᠭᠡᠷ᠎ᠡ ᠨᠢᠭᠡ᠎ᠶ᠋ᠢ ᠴᠦ᠍ ᠣᠷᠬᠢᠭ᠍ᠳᠠᠭᠤᠯᠵᠤ ᠪᠣᠯᠬᠤ ᠦᠭᠡᠢ》 ᠭᠡᠪᠡ᠃
ᠮᠠ ᠫᠸᠢ ᠴᠢᠩ᠎ᠤᠨ ᠰᠡᠳᠭᠢᠯ᠎ᠦᠨ ᠳᠠᠭᠤᠨ
ᠮᠠᠨ᠎ᠤ ᠱ᠌ᠢ ᠵᠦ᠍ ᠱᠢᠶᠠᠨ᠎ᠳᠤ《ᠨᠠᠷᠠᠠ ᠮᠠᠨᠳᠤᠬᠤ᠎ᠪᠡᠷ ᠪᠠᠶᠠᠷ ᠪᠠᠶᠠᠰᠤᠯ᠎ᠢᠶᠡᠷ ᠪᠢᠯᠬᠠᠨ᠎ᠠ》 ᠬᠡᠬᠦ ᠨᠢᠭᠡᠨ ᠠᠷᠠᠳ᠎ᠤᠨ ᠳᠠᠭᠤᠤ ᠪᠤᠢ᠃ ᠶᠠᠭ ᠲᠡᠷᠡ ᠡᠳᠦᠷ᠂ ᠶᠡᠷᠦᠩᠬᠡᠢ ᠱᠦᠵᠢ ᠬᠦᠷᠴᠦ᠍ ᠢᠷᠡᠬᠦ᠌᠎ᠳᠦ᠂ ᠪᠣᠷᠣᠭᠠᠨ ᠰᠠᠶᠢᠬᠠᠨ ᠵᠣᠭ᠍ᠰᠣᠵᠤ᠂ ᠨᠡᠷᠡᠨ᠎ᠦ ᠭᠡᠷᠡᠯ ᠮᠠᠨ᠎ᠤ ᠭᠡᠷ᠎ᠦᠨ ᠬᠠᠶᠠᠭᠠᠨ ᠳᠡᠭᠡᠷ᠎ᠡ ᠲᠤᠰᠪᠠ᠃ ᠶᠡᠷᠦᠩᠬᠡᠶ ᠱᠦᠵᠢ ᠲᠡᠢᠮᠦ᠍ ᠬᠣᠯᠠ ᠵᠠᠮ ᠶᠠᠪᠤᠵᠤ ᠲᠤᠰᠭᠠᠢᠯᠠᠨ ᠪᠢᠳᠡᠨ᠎ᠢ ᠦᠵᠡᠬᠦ᠌᠎ᠪᠡᠷ ᠢᠷᠡᠪᠡ᠂ ᠦᠨᠡᠬᠡᠷ ᠬᠠᠯᠠᠭᠤᠨ ᠳᠣᠲᠣᠨᠣ ᠰᠠᠨᠠᠭᠳᠠᠯ᠎ᠠ!
《ᠵᠣᠯ ᠵᠢᠷᠭᠠᠯ᠎ᠢ ᠪᠣᠯ ᠲᠡᠮᠡᠴᠡᠵᠦ᠍ ᠪᠠᠢᠭᠠᠳ ᠣᠯᠳᠠᠭ ᠶᠤᠮ᠃ ᠨᠠᠮ᠎ᠤᠨ ᠲᠦᠷᠦ᠍᠎ᠶ᠋ᠢᠨ ᠪᠤᠳᠤᠯᠭ᠎ᠠ ᠠᠷᠠᠳ ᠲᠦᠮᠡᠨ᠎ᠳᠦ ᠰᠠᠢ᠌ᠨ ᠪᠠᠢᠪᠠᠯ ᠰᠠᠶᠢ ᠵᠢᠩᠬᠢᠨᠢ ᠰᠠᠢ᠌ᠨ᠎ᠳᠤ ᠲᠤᠭᠠᠴᠢᠭ᠍ᠳᠠᠨᠠ》᠃ ᠶᠡᠷᠦᠩᠬᠡᠢ ᠱᠦᠵᠢ᠎ᠶ᠋ᠢᠨ ᠤᠯᠠᠨ᠎ᠳᠤ ᠬᠡᠯᠡᠭ᠌ᠰᠡᠨ ᠡᠨᠡ ᠦᠭᠡ᠎ᠶ᠋ᠢ ᠪᠢ ᠪᠤᠲᠤᠵᠤ ᠣᠯᠤᠭ᠍ᠰᠠᠭᠠᠷ ᠳᠣᠲᠣᠷ᠎ᠠ ᠲᠤᠩ ᠳᠤᠯᠠᠭᠠᠬᠠᠨ ᠰᠠᠨᠠᠭ᠍ᠳᠠᠨ᠎ᠠ᠃ ᠪᠢ ᠪᠣᠯ ᠨᠢᠭᠡᠨ ᠠᠬᠠᠮᠠᠳ ᠨᠠᠮ᠎ᠤᠨ ᠭᠡᠱᠢᠭᠦᠨ᠂ ᠶᠡᠷᠦᠩᠬᠡᠢ ᠱᠦᠵᠢ᠎ᠶ᠋ᠢᠨ ᠦᠭᠡ ᠨᠢ ᠨᠠᠳᠠ᠎ᠳᠤ ᠵᠣᠷᠢᠭ᠍ᠵᠢᠭᠤᠯᠤᠯ ᠪᠣᠯᠬᠤ ᠪᠥᠭᠡᠳ ᠪᠠᠰᠠ ᠨᠠᠳᠠ ᠳ᠋ᠤ ᠦᠭᠬᠦᠭᠰᠡᠨ ᠱᠠᠭᠠᠷᠳᠠᠯᠭ᠎ᠠ ᠪᠣᠯᠤᠨ᠎ᠠ᠃
ᠮᠠᠨ᠎ᠤ ᠲᠣᠰᠭᠣᠨ᠎ᠳᠤ ᠴᠠᠭᠠᠨ ᠬᠤᠤᠷ ᠡᠪᠡᠰᠦᠨ ᠡᠮ᠎ᠢ ᠲᠠᠷᠢᠬᠤ ᠶᠠᠪᠤᠳᠠᠯ᠎ᠢ ᠥᠷᠨᠢᠭᠦᠯᠬᠦ᠌᠎ᠡᠴᠡ ᠡᠮᠦᠨ᠎ᠡ᠂ ᠭᠠᠵᠠᠷ ᠱᠢᠷᠣᠢ᠎ᠪᠠᠷ ᠬᠤᠪᠢ ᠣᠷᠣᠬᠤ ᠲᠤᠬᠠᠢ ᠶᠠᠷᠢᠯᠴᠠᠬᠰᠠᠨ ᠶᠤᠮ᠂ ᠡᠬᠦᠨ ᠳ᠋ᠤ ᠨᠢᠭᠡ ᠪᠦᠯᠦᠭ ᠤᠯᠠᠨ ᠲᠦᠮᠡᠨ ᠦᠵᠡᠯ ᠰᠠᠨᠠᠭᠠᠨ ᠳᠡᠭᠡᠷ᠎ᠡ᠎ᠪᠡᠨ ᠵᠥᠪᠱᠢᠶᠡᠷᠡᠬᠦ᠌ ᠦᠭᠡᠢ ᠪᠠᠢᠵᠠᠢ᠂ ᠲᠡᠭᠡᠭᠡᠳ ᠪᠢ ᠠᠬᠢᠨ ᠳᠠᠬᠢᠨ᠂ ᠡᠷᠦᠬᠡ ᠳᠠᠷᠠᠭᠠᠯᠠᠨ ᠲᠤᠭᠤᠷᠢᠵᠤ ᠦᠵᠡᠯ ᠰᠠᠨᠠᠭᠠᠨ᠎ᠤ ᠠᠵᠢᠯ ᠬᠢᠪᠡ᠃ ᠤᠳᠤ ᠮᠠᠨ᠎ᠤ ᠲᠣᠰᠭᠣᠨ ᠨᠢᠭᠡᠨᠲᠡ 700 ᠮᠦ᠍ ᠴᠠᠭᠠᠨ ᠬᠤᠤᠷ᠎ᠤᠨ ᠠᠵᠤ ᠦᠢᠯᠡᠰ᠎ᠢ ᠬᠥᠭ᠌ᠵᠢᠭᠦᠯᠵᠦ᠍᠂ ᠡᠭᠦᠨ᠎ᠳᠦ 200 ᠮᠦ᠍ ᠴᠠᠭᠠᠨ ᠬᠤᠤᠷ᠎ᠤᠨ ᠠᠵᠤ ᠦᠢᠯᠡᠰ᠎ᠢ 40 ᠭᠠᠷᠤᠢ ᠲᠠᠷᠢᠶᠠᠴᠢᠨ ᠡᠷᠦᠬᠡ᠎ᠳᠦ ᠳᠠᠭᠠᠭᠠᠴᠢᠯᠠᠭᠤᠯᠤᠨ ᠬᠠᠮᠢᠶᠠᠷᠤᠭᠤᠯᠵᠤ᠂ ᠴᠥᠭᠡᠨ ᠪᠤᠰᠤ ᠶᠠᠳᠠᠭᠤ᠎ᠡᠴᠡ ᠠᠩᠭᠢᠵᠢᠷᠠᠭ᠍ᠰᠠᠨ ᠡᠷᠦᠬᠡ᠎ᠶ᠋ᠢ ᠳᠠᠢ᠌ᠴᠢᠯᠠᠨ ᠣᠷᠣᠯᠭ᠎ᠠ᠎ᠶ᠋ᠢ ᠨᠢ ᠨᠡᠮᠡᠭ᠌ᠳᠡᠭᠦᠯᠵᠦ᠍ ᠪᠠᠢᠨ᠎ᠠ᠃
ᠶᠡᠷᠦᠩᠬᠡᠶ ᠱᠦᠵᠢ ᠢᠷᠡᠬᠦ᠌ ᠦᠶᠡᠰ᠂ ᠴᠠᠭᠠᠨ ᠬᠤᠤᠷ ᠰᠠᠶᠢ ᠰᠣᠶᠣᠭᠠᠯᠠᠵᠤ ᠪᠠᠢᠪᠠ᠃ ᠬᠥᠮᠦᠨ ᠨᠠᠳᠠ᠎ᠡᠴᠡ᠂ ᠴᠢ ᠡᠨᠡ ᠶᠠᠭᠤᠮ᠎ᠠ᠎ᠶ᠋ᠢ ᠲᠠᠷᠢᠵᠤ ᠭᠠᠷᠭᠠᠵᠤ ᠳᠡᠢᠯᠬᠦ᠌ ᠦᠭᠡᠢ᠎ᠡᠴᠡ ᠵᠣᠪᠠᠬᠤ ᠦᠭᠡᠢ ᠦᠦ? ᠭᠡᠵᠦ ᠠᠰᠠᠭᠤᠬᠤ᠎ᠳᠤ ᠪᠢ ᠲᠡᠳᠡᠨ᠎ᠳᠦ ᠱᠢᠶᠠᠩ᠎ᠳᠤ ᠰᠠᠭᠤᠭ᠎ᠠ ᠮᠡᠷᠭᠡᠵᠢᠯᠲᠡᠨ᠎ᠲᠡᠶ᠂ ᠵᠢᠭᠠᠬᠠᠨ ᠴᠤ᠌ ᠰᠠᠨᠠᠭ᠎ᠠ ᠵᠣᠪᠠᠬᠤ ᠦᠭᠡᠢ ᠭᠡᠵᠦ᠍ ᠬᠠᠷᠢᠭᠤᠯᠪᠠ! ᠨᠠᠮ᠎ᠤᠨ ᠲᠥᠷᠥ᠎ᠶ᠋ᠢᠨ ᠪᠣᠳᠣᠯᠭ᠎ᠠ ᠰᠠᠢᠨ ᠶᠤᠮ ᠴᠢᠨᠢ᠂ ᠴᠢᠷᠮᠠᠢᠨ ᠲᠡᠮᠡᠴᠡᠵᠤ ᠤᠷᠤᠭ᠍ᠰᠢ ᠪᠠᠨ ᠶᠠᠪᠤᠬᠤ ᠬᠡᠷᠡᠭ᠌ᠲᠡᠶ!
ᠭᠤᠷᠪᠠᠨ ᠵᠢᠯ ᠪᠣᠯᠴᠢᠬᠠᠯ᠎ᠠ᠂ ᠴᠠᠭᠠᠨ ᠬᠤᠤᠷ᠎ᠤᠨ ᠤᠷᠭᠤᠯᠳᠠ ᠰᠠᠢᠨ ᠪᠠᠢᠵᠤ᠂ ᠬᠡᠳᠦᠨ ᠦᠶ᠎ᠡ ᠦᠰᠦᠬᠡᠳ ᠮᠠᠰᠢ ᠰᠠᠬᠤᠯᠢᠭ ᠤᠷᠭᠤᠵᠠᠶ᠂ ᠬᠡᠷᠪᠡ ᠰᠠᠢᠨ ᠪᠣᠯ᠂ 3 ᠵᠢᠯ᠎ᠦᠨ ᠳᠠᠷᠠᠭ᠎ᠠ ᠮᠥ᠍ ᠪᠦᠷᠢ ᠡᠴᠡ 4000 ᠵᠢᠩ ᠬᠤᠷᠢᠶᠠᠵᠤ᠂ ᠡᠷᠦᠬᠡ ᠪᠦᠷᠢ᠎ᠶ᠋ᠢᠨ ᠣᠷᠣᠯᠭ᠎ᠠ᠎ᠶ᠋ᠢ 2 ᠲᠦᠮᠡ ᠭᠠᠷᠤᠶ ᠲᠥᠭᠥᠷᠢᠭ ᠨᠡᠮᠡᠭ᠌ᠳᠡᠭᠦᠯᠵᠦ᠍᠂ ᠶᠣᠰᠣᠲᠠᠶ ᠭᠠᠵᠠᠷ ᠳᠦᠭᠦᠷᠡᠩ 《ᠱᠢᠵᠢᠷ ᠠᠯᠲᠠ》 ᠪᠣᠯᠤᠨ᠎ᠠ᠃
ᠠᠮᠢᠳᠤᠷᠠᠯ ᠦᠨᠡᠬᠡᠷ ᠵᠢᠯ ᠪᠤᠯᠭᠠᠨ ᠰᠢᠨᠡᠳᠴᠤ ᠪᠤᠢ᠃ ᠤᠤᠯ᠎ᠳᠠᠭᠠᠨ ᠲᠣᠰᠭᠣᠨ᠎ᠳᠤ ᠬᠤᠷᠠᠯ ᠬᠢᠪᠡᠯ᠂ ᠣᠷᠣᠢ᠎ᠳᠠᠭᠠᠨ ᠭᠠᠯ ᠪᠠᠮᠪᠡᠷ ᠠᠰᠠᠭᠠᠵᠤ ᠵᠠᠮ᠎ᠢᠶᠡᠨ ᠬᠡᠷᠡᠯᠳᠦᠬᠦᠯᠬᠦ ᠬᠡᠷᠡᠭ᠌ᠲᠡᠶ ᠪᠠᠢᠵᠤ᠂ ᠪᠣᠷᠣᠭᠠᠨ ᠣᠷᠣᠬᠤ᠎ᠲᠠᠶ ᠲᠤᠬᠢᠶᠠᠯᠳᠤᠪᠠᠯ᠂ ᠵᠠᠮ ᠴᠦᠮ ᠰᠢᠪᠠᠷ ᠪᠠᠯᠴᠢᠭ ᠪᠤᠯᠵᠤ ᠤᠰᠤᠨ ᠭᠤᠲᠤᠯ ᠡᠮᠦᠰᠦᠭᠰᠡᠨᠴᠦ ᠱᠢᠪᠡᠷ᠎ᠢᠶᠡᠷ ᠳᠦᠭᠦᠷᠴᠢᠬᠡᠳᠡᠭ ᠶᠤᠮ᠂ ᠤᠳᠤ ᠲᠤᠰᠬᠤᠨ᠎ᠤ ᠵᠠᠮ ᠴᠦᠮ ᠴᠠᠷᠳᠠᠮᠠᠯ ᠵᠠᠮ ᠪᠤᠯᠵᠤ᠂ ᠬᠡᠦᠬᠡᠳ ᠰᠤᠷᠭᠠᠭᠤᠯᠢ᠎ᠳᠤ ᠰᠠᠭᠤᠬᠤ᠂ ᠡᠪᠡᠳᠴᠢᠨ ᠦᠵᠡᠭᠦᠯᠬᠦ᠌᠎ᠳᠦ ᠴᠦᠮ ᠳᠥᠭᠥᠮ ᠪᠣᠯᠵᠠᠶ; ᠤᠤᠯ᠎ᠳᠠᠭᠠᠨ ᠠᠭᠤᠯᠠ ᠳᠦᠭᠦᠷᠡᠩ ᠲᠠᠷᠢᠶ᠎ᠠ ᠲᠠᠷᠢᠭᠠᠳ ᠪᠠᠰᠠ ᠣᠷᠣᠯᠭ᠎ᠠ ᠦᠭᠡᠢ᠂ ᠵᠥᠪᠬᠡᠨ ᠡᠷᠳᠡᠨᠢ ᠱᠢᠰᠢ᠎ᠶ᠋ᠢᠨ ᠡᠭᠡᠳᠡᠩ ᠢᠳᠡᠨ᠎ᠡ᠂ ᠣᠳᠣ ᠵᠣᠭᠣᠰ᠎ᠲᠠᠶ ᠪᠣᠯᠵᠠᠶ᠂ ᠶᠠᠭᠤ ᠢᠳᠡᠬᠦ᠌ ᠰᠠᠨᠠᠭ᠎ᠠ᠎ᠲᠠᠶ ᠪᠣᠯ ᠶᠠᠭᠤ ᠪᠠᠢᠨ᠎ᠠ᠃ ᠨᠤᠲᠤᠭ᠎ᠤᠨ ᠠᠬ᠎ᠠ ᠳᠡᠭᠦᠦ᠍᠎ᠨᠡᠷ ᠴᠦᠮ ᠶᠠᠳᠠᠭᠤ᠎ᠡᠴᠡ ᠠᠩᠭᠢᠵᠢᠷᠠᠬᠰᠠᠨᠴᠤ ᠶᠡᠷᠦᠩᠬᠡᠢ ᠱᠦᠵᠢ᠎ᠶ᠋ᠢ ᠮᠠᠷᠲᠠᠵᠤ ᠪᠣᠯᠬᠤ ᠦᠭᠡᠢ ᠭᠡᠵᠦ ᠬᠡᠯᠡᠵᠦ ᠪᠤᠢ!
ᠮᠠᠨ᠎ᠤ ᠭᠡᠷ᠎ᠦᠨ ᠬᠠᠵᠠᠭᠤ᠎ᠳᠤ 《ᠤᠭ ᠰᠠᠨᠠᠭ᠎ᠠ》 ᠬᠡᠬᠦ ᠠᠭᠤᠳᠠᠮ ᠲᠠᠯᠠᠪᠠᠢ ᠵᠢ ᠪᠠᠢᠭᠤᠯᠵᠠᠢ᠂ ᠪᠢ ᠤᠴᠢᠷ ᠦᠭᠡᠢ ᠪᠣᠯ ᠲᠡᠨᠳᠡ ᠣᠴᠢᠵᠤ ᠲᠤᠭᠤᠷᠢᠨ᠎ᠠ᠂ 《ᠤᠭ ᠰᠠᠨᠠᠭ᠎ᠠ》ᠭᠡᠬᠦ᠌ ᠦᠭᠡ᠎ᠶ᠋ᠢ ᠣᠯᠵᠤ ᠦᠵᠡᠬᠦ᠌ ᠪᠦᠷᠢ ᠨᠠᠮ᠎ᠤᠨ ᠠᠴᠢ᠎ᠶ᠋ᠢ ᠪᠣᠳᠣᠵᠤ ᠣᠯᠤᠨ᠎ᠠ᠃ ᠪᠢ ᠪᠠᠭ᠎ᠠ ᠬᠦᠦ᠍᠎ᠪᠡᠨ ᠨᠠᠮ᠎ᠤᠨ ᠲᠥᠯᠥᠭᠡ ᠠᠵᠢᠯ ᠬᠢᠵᠦ᠍᠂ ᠨᠠᠮ᠎ᠤᠨ ᠲᠥᠯᠥᠭᠡ ᠢᠷᠠᠭᠤ ᠠᠯᠳᠠᠷ᠎ᠢ ᠲᠡᠮᠡᠴᠡᠬᠦ ᠬᠡᠷᠡᠭ᠌ᠲᠡᠢ ᠭᠡᠵᠦ᠍ ᠵᠣᠷᠢᠭ᠍ᠵᠢᠭᠤᠯᠵᠤ ᠪᠠᠢᠨ᠎ᠠ᠂ ᠨᠢᠳᠤᠨᠤᠨ ᠲᠡᠷᠡ ᠪᠠᠰᠠ ᠢᠷᠠᠭᠤ ᠠᠯᠳᠠᠷ ᠲᠠᠢ᠎ᠪᠠᠷ ᠨᠠᠮ᠎ᠤᠨ ᠵᠣᠬᠢᠶᠠᠨ ᠪᠠᠢᠭᠤᠯᠤᠯᠲᠠ᠎ᠳᠤ ᠣᠷᠣᠵᠠᠢ᠃
《ᠨᠠᠮ᠎ᠤᠨ ᠡᠯ᠎ᠡ ᠵᠦᠢᠯ᠎ᠦᠨ ᠠᠷᠠᠳ᠎ᠲᠤ ᠠᠱᠢᠭ ᠬᠦᠷᠲᠡᠭᠡᠬᠦ᠌ ᠲᠦᠷᠦ᠍᠎ᠶ᠋ᠢᠨ ᠪᠤᠳᠤᠯᠭ᠎ᠠ᠎ᠶ᠋ᠢ ᠰᠠᠢᠲᠤᠷ ᠨᠠᠢᠳᠠᠪᠤᠷᠢᠵᠢᠭᠤᠯᠵᠤ᠂ ᠨᠤᠲᠤᠭ᠎ᠤᠨ ᠠᠬ᠎ᠠ ᠳᠡᠭᠦᠦ᠍᠎ᠨᠡᠷ ᠬᠠᠮᠲᠤ᠎ᠪᠠᠷ ᠲᠡᠮᠡᠴᠡᠵᠦ᠍᠂ ᠴᠢᠷᠮᠠᠢᠨ ᠤᠷᠤᠭ᠍ᠰᠢᠯᠠᠵᠤ᠂ ᠡᠷᠲᠡᠬᠡᠨ ᠶᠠᠳᠠᠭᠤ᠎ᠡᠴᠡ ᠠᠩᠭᠢᠵᠢᠷᠠᠵᠤ ᠪᠠᠶᠠᠵᠢᠨ ᠴᠢᠨᠡᠭᠡᠯᠢᠭ᠌ᠵᠢᠬᠦ᠌᠎ᠪᠡᠷ ᠴᠢᠷᠮᠠᠢᠬᠤ ᠬᠡᠷᠡᠭ᠌ᠲᠡᠢ》 ᠬᠡᠬᠦ ᠶᠡᠷᠦᠩᠬᠡᠢ ᠱᠦᠵᠢ᠎ᠶ᠋ᠢᠨ ᠬᠦᠰᠡᠯ ᠨᠠᠢᠳᠠᠯᠭ᠎ᠠ᠎ᠶ᠋ᠢ ᠪᠢ ᠦᠰᠦᠭ ᠠᠯᠳᠠᠯ ᠦᠬᠡᠢ ᠴᠡᠭᠡᠵᠢᠯᠡᠵᠦ᠍ ᠪᠠᠢᠨ᠎ᠠ᠃ ᠪᠢ ᠨᠢᠭᠡᠨᠲᠡ 89 ᠨᠠᠰᠤᠯᠡᠵᠠᠶ᠂ ᠭᠡᠪᠡᠴᠦ᠍ ᠪᠠᠰᠠ ᠤᠷᠤᠬᠰᠢ ᠲᠡᠮᠡᠴᠡᠵᠤ ᠴᠢᠷᠮᠠᠢᠨ ᠠᠵᠢᠯᠯᠠᠨ᠎ᠠ ᠃
ᠰᠢᠨᠬᠤᠸᠠ ᠬᠤᠷᠢᠶᠠᠨ᠎ᠤ ᠴᠦᠩᠴᠢᠩ᠎ᠤᠨ 4 ᠰᠠᠷ᠎ᠠ᠎ᠵᠢᠨ 21᠎ᠤ᠋ ᠴᠠᠬᠢᠯᠭᠠᠨ ᠮᠡᠳᠡᠭᠡ
- ᠨᠠᠢᠷᠠᠭᠤᠯᠤᠭ᠍ᠴᠢ᠄
- ᠨᠡᠪᠲᠡᠷᠡᠭᠦᠯᠦᠭᠴᠢ᠄
- ᠮᠡᠷᠭᠡᠵᠢᠯ᠄
ᠨᠠᠢᠷᠠᠭᠤᠯᠤᠭ᠍ᠴᠢ᠄ ᠪᠣᠣ ᠮᠧᠢ ᠷᠥᠩ
ᠣᠷᠴᠢᠭᠤᠯᠤᠭ᠍ᠴᠢ᠄




ᠰᠢᠭᠦᠮᠵᠢ ᠠᠯᠠᠭ᠎ᠠ ᠂ ᠬᠤᠷᠳᠤᠨ ᠨᠢᠭᠡᠳᠦᠭᠡᠷ ᠵᠤᠷᠪᠤᠰ ᠰᠢᠭᠦᠮᠵᠢ ᠨᠡᠢ᠌ᠲᠡᠯᠡᠭᠡᠷᠡᠢ᠃