ᠭᠣᠣᠯ ᠰᠡᠳᠦᠪᠲᠦ ᠮᠡᠳᠡᠭᠡᠯᠡᠯ > ᠶᠡᠷᠦᠩᠬᠡᠢ ᠱᠦᠵᠢ ᠠᠷᠠᠳ ᠲᠦᠮᠡᠨ ᠲᠠᠢ᠎ᠪᠠᠨ ᠬᠠᠮᠤᠭ᠎ᠤ᠋ᠨ ᠳᠣᠲᠣᠨᠣ

2022-06-04 21:29:34

ᠵᠣᠬᠢᠶᠠᠭ᠍ᠴᠢ᠄ ᠵᠧᠩ ᠱᠢᠨ ᠵᠠᠩ ᠴᠧᠨ ᠵᠢᠶᠦ᠋ᠨ ᠣᠩᠱᠢᠭ᠍ᠰᠠᠨ ᠣᠳᠠᠭ᠎ᠠ᠄ 3

2020 ᠣᠨ᠎ᠤ 4 ᠰᠠᠷ᠎ᠠ᠎ᠶ᠋ᠢᠨ 21᠎ᠤ᠋ ᠡᠳᠦᠷ᠂ ᠶᠡᠷᠦᠩᠬᠡᠢ ᠱᠦᠵᠢ ᠰᠢ ᠵᠢᠨ ᠫᠢᠩ ᠴᠢᠨ ᠪᠠ ᠱᠠᠨ ᠣᠷᠣᠨ᠎ᠤ ᠲᠦᠪᠯᠡᠷᠡᠵᠦ ᠵᠠᠯᠭᠠᠯᠳᠤᠭ᠍ᠰᠠᠨ ᠣᠨᠴᠠ ᠬᠦᠴᠢᠷᠳᠡᠯᠲᠡᠢ ᠣᠷᠣᠨ ᠎ᠳᠤ ᠪᠠᠢᠭ᠎ᠠ ᠱᠠᠨᠰᠢ᠎ᠶ᠋ᠢᠨ ᠠᠨᠺᠠᠩ ᠬᠤᠳᠠ᠎ᠶ᠋ᠢᠨ ᠫᠢᠩᠯᠢ ᠱᠢᠶᠠᠨ᠎ᠳᠤ ᠱᠢᠨᠵᠢᠯᠡᠨ ᠪᠠᠢᠴᠠᠭᠠᠬᠤ ᠬᠤᠭᠤᠴᠠᠭᠠᠨ᠎ᠳᠠᠭᠠᠨ᠂ ᠯᠤᠤ ᠱᠢᠶᠠᠨ ᠪᠠᠯᠭᠠᠰᠤᠨ᠎ᠤ ᠭᠣᠣᠯ ᠪᠠᠭ᠎ᠠ ᠰᠤᠷᠭᠠᠭᠤᠯᠢ᠎ᠳᠤ ᠬᠦᠷᠴᠦ᠍᠂ ᠬᠡᠦᠬᠡᠳ ᠎ᠤᠳ᠎ᠦᠨ ᠰᠤᠷᠤᠯᠭ᠎ᠠ ᠠᠮᠢᠳᠤᠷᠠᠯ᠎ᠤᠨ ᠪᠠᠢᠳᠠᠯ᠎ᠢ ᠣᠢᠯᠠᠭᠠᠪᠠ᠃ ᠣᠢᠷ᠎ᠠ᠎ᠳᠤ᠂ ᠱᠢᠨᠬᠤᠸᠠ ᠬᠣᠷᠢᠶᠠᠨ᠎ᠤ ᠰᠤᠷᠪᠤᠯᠵᠢᠯᠠᠭ᠍ᠴᠢ ᠯᠤᠤ ᠱᠢᠶᠠᠨ ᠪᠠᠯᠭᠠᠰᠤᠨ᠎ᠤ ᠭᠤᠤᠯ ᠪᠠᠭ᠎ᠠ ᠰᠤᠷᠭᠠᠭᠤᠯᠢ᠎ᠶ᠋ᠢᠨ ᠵᠠᠬᠢᠷᠤᠯ ᠡᠦ᠎ᠶ᠋ᠢᠨ ᠫᠧᠩ᠎ᠢ ᠡᠷᠭᠢᠵᠦ ᠰᠤᠷᠪᠤᠯᠵᠢᠯᠠᠪᠠ᠂ ᠪᠢᠳᠡ ᠬᠠᠮᠲᠤ᠎ᠪᠠᠷ ᠡᠸ᠋ ᠵᠠᠬᠢᠷᠤᠯ᠎ᠤᠨ ᠬᠠᠯᠠᠭᠤᠨ ᠳᠤᠯᠠᠭᠠᠨ ᠡᠷᠭᠢᠴᠡᠭᠦᠯᠦᠯ ᠪᠠ ᠪᠠᠶᠠᠷ ᠪᠠᠶᠠᠰᠤᠯ᠎ᠢ ᠬᠤᠪᠢᠶᠠᠯᠴᠠᠶ᠎ᠠ —

ᠬᠠᠪᠤᠷ᠎ᠤᠨ ᠪᠣᠷᠣᠭᠠᠨ ᠰᠢᠪᠡᠷᠡᠭᠰᠡᠨ ᠲᠡᠷᠡ ᠨᠢᠭᠡᠨ ᠡᠳᠦᠷ ᠶᠡᠷᠦᠩᠬᠡᠶ ᠱᠦᠵᠢ ᠲᠠᠪᠤᠳᠤᠭᠠᠷ ᠣᠨ᠎ᠤ ᠨᠢᠭᠡᠳᠦᠭᠡᠷ ᠠᠩᠭᠢ᠎ᠶ᠋ᠢᠨ ᠬᠢᠴᠢᠶᠡᠯ᠎ᠦᠨ ᠬᠡᠷ᠎ᠲᠦ ᠣᠷᠣᠪᠠ᠃ ᠬᠡᠦᠬᠡᠳ᠎ᠦᠳ ᠶᠠᠭ ᠬᠡᠯᠡ ᠪᠢᠴᠢᠭ᠎ᠦᠨ ᠪᠠᠭ᠍ᠰᠢ᠎ᠡᠴᠡ 《ᠪᠢᠴᠢᠬᠠᠨ ᠴᠡᠷᠢᠭ ᠵᠠᠩ ᠭᠠ》᠎ᠭᠡᠬᠦ ᠬᠢᠴᠢᠶᠡᠯ᠎ᠤᠨ《ᠪᠥᠬᠡ᠎ᠶ᠋ᠢᠨ ᠪᠠᠷᠢᠯᠳᠤᠭᠠᠨ》᠎ᠤ᠋ ᠬᠡᠰᠡᠭ᠎ᠢ᠋ ᠲᠠᠢᠯᠪᠤᠷᠢᠯᠠᠬᠤ᠎ᠵᠢ ᠰᠣᠨᠣᠰᠴᠤ᠌ ᠪᠠᠢᠪᠠ᠃ ᠶᠡᠷᠦᠩᠬᠡᠢ ᠱᠦᠵᠢ ᠬᠡᠦᠬᠡᠳ᠎ᠦᠳ᠎ᠲᠡᠶ ᠳᠣᠲᠣᠨᠣ᠎ᠪᠠᠷ ᠮᠡᠨᠳᠦᠴᠢᠯᠡᠬᠦ᠌᠎ᠳᠦ᠂ ᠬᠡᠦᠬᠡᠳ᠎ᠦᠳ ᠶᠡᠷᠦᠨᠭᠬᠡᠢ ᠱᠦᠵᠢ ᠰᠢ ᠵᠢᠨ ᠫᠢᠩ᠎ᠢ ᠲᠠᠨᠢᠵᠤ ᠮᠡᠳᠡᠭᠡᠳ ᠥᠪᠡᠷ᠎ᠦᠨ ᠡᠷᠬᠡ ᠦᠭᠡᠢ ᠪᠣᠰᠴᠤ᠌ ᠵᠣᠭ᠍ᠰᠣᠨ ᠭᠠᠷ ᠳᠠᠯᠠᠯᠤᠨ᠄ 《ᠰᠢ ᠡᠪᠦᠭᠡ ᠰᠠᠢ᠌ᠨ ᠦᠦ!》 ᠭᠡᠵᠦ ᠪᠠᠶᠠᠷᠲᠠᠢᠬᠠᠨ ᠮᠡᠨᠳᠦᠴᠢᠯᠡᠪᠡ᠃

ᠶᠡᠷᠦᠩᠬᠡᠶ ᠱᠦᠵᠢ ᠪᠠᠭ᠍ᠰᠢ᠎ᠡᠴᠡ ᠬᠡᠦᠬᠡᠳ᠎ᠦᠨ ᠰᠤᠷᠤᠯᠭ᠎ᠠ ᠪᠠ ᠠᠮᠢᠳᠤᠷᠠᠯ᠎ᠤᠨ ᠪᠠᠢᠳᠠᠯ᠎ᠢ ᠠᠰᠠᠭᠤᠨ ᠯᠠᠪᠯᠠᠵᠤ᠂ ᠪᠠᠰᠠ ᠬᠡᠦᠬᠡᠳ᠎ᠤᠳ᠎ᠦᠨ ᠪᠡᠶ᠎ᠡ ᠮᠠᠬᠠᠪᠣᠳ᠎ᠤᠨ ᠡᠷᠡᠭᠦᠯ ᠮᠡᠨᠳᠦ᠍᠎ᠶ᠋ᠢ ᠣᠨᠴᠠᠭᠠᠢᠯᠠᠨ ᠬᠠᠯᠠᠮᠵᠢᠯᠠᠪᠠ᠃ ᠨᠢᠳᠦᠨ ᠱᠢᠯ ᠵᠡᠭᠦᠭ᠌ᠰᠡᠨ ᠬᠡᠦᠬᠡᠳ ᠴᠥᠭᠡᠨ ᠪᠠᠢᠬᠤ᠎ᠶ᠋ᠢ ᠦᠵᠡᠭᠡᠳ᠂ ᠶᠡᠷᠦᠩᠬᠡᠢ ᠱᠦᠵᠢ᠄ 《ᠡᠨᠡ ᠮᠠᠰᠢ ᠴᠢᠬᠤᠯᠠ》 ᠭᠡᠵᠦ ᠪᠠᠶᠠᠷᠲᠠᠢᠬᠠᠨ ᠬᠡᠯᠡᠪᠡ᠃

ᠶᠡᠷᠦᠩᠬᠡᠢ ᠱᠦᠵᠢ᠄ 《ᠤᠳᠤ ᠬᠡᠦᠬᠡᠳ᠎ᠤᠳ ᠨᠡᠢᠳᠡᠮ᠎ᠳᠡᠭᠡᠨ ᠨᠢᠳᠦᠨ ᠱᠢᠯ᠎ᠵᠡᠭᠦᠬᠦ ᠪᠣᠯᠵᠠᠢ᠂ ᠡᠨᠡ ᠪᠣᠯ ᠮᠢᠨᠦ᠍ ᠰᠠᠨᠠᠭᠠᠱᠢᠷᠠᠯ ᠪᠤᠯᠤᠨ᠎ᠠ᠃ ᠪᠡᠶ᠎ᠡ᠎ᠶᠢᠨ ᠲᠠᠮᠢᠷ᠎ᠤᠨ ᠪᠣᠯᠪᠠᠰᠤᠷᠠᠯ ᠲᠤᠳᠠᠮᠠᠭ ᠡᠴᠡ ᠪᠤᠯᠵᠤ ᠬᠡᠦᠭᠡᠳ᠎ᠤᠨ ᠪᠡᠶ᠎ᠡ᠎ᠮᠠᠬᠠᠪᠤᠳ᠎ᠤᠨ ᠡᠷᠡᠭᠦᠯ ᠮᠡᠨᠳᠦ᠍᠎ᠶ᠋ᠢᠨ ᠬᠡᠮᠵᠢᠶ᠎ᠡ᠎ᠨᠢ᠎ᠵᠢᠭᠠᠬᠠᠨ᠎ᠳᠣᠷᠣᠭ᠍ᠰᠢᠯᠠᠵᠦ᠎ᠪᠤᠢ᠃᠎ᠵᠣᠷᠢᠭ᠎ᠰᠠᠨᠠᠭ᠎ᠠ ᠪᠠᠨ ᠪᠤᠯᠪᠠᠰᠤᠨᠵᠢᠭᠤᠯᠵᠤ᠂ ᠪᠡᠶ᠎ᠡ ᠮᠠᠬᠠᠪᠣᠳ᠎ᠢᠶᠡᠨ ᠴᠢᠭᠢᠷᠠᠭ᠍ᠵᠢᠭᠤᠯᠬᠤ ᠴᠢᠬᠤᠯᠠ ᠲᠠᠢ》 ᠭᠡᠵᠦ ᠤᠳᠬ᠎ᠠ ᠭᠦᠨ ᠶᠠᠷᠢᠪᠠ᠃

ᠶᠡᠷᠦᠩᠬᠡᠢ ᠱᠦᠵᠢ ᠬᠡᠦᠬᠡᠳ᠎ᠦᠳ᠎ᠦᠨ ᠬᠠᠷᠠᠭ᠎ᠠ ᠵᠢᠨ ᠠᠰᠠᠭᠤᠳᠠᠯ ᠪᠣᠯᠤᠨ ᠪᠡᠶ᠎ᠡ ᠮᠠᠬᠠᠪᠣᠳ᠎ᠤᠨ ᠡᠷᠡᠭᠦᠯ ᠮᠡᠨᠳᠦ᠍᠎ᠶ᠋ᠢ ᠢᠩᠭᠢᠵᠦ᠍ ᠬᠠᠯᠠᠮᠵᠢᠯᠠᠭ᠍ᠰᠠᠨ᠎ᠨᠢ ᠪᠠᠭ᠍ᠰᠢ ᠎ᠪᠢᠳᠡᠨ᠎ᠢ ᠳᠤᠩ ᠳᠤᠭᠳᠤᠯᠤᠭᠤᠯᠪᠠ᠃ ᠪᠢ ᠶᠡᠷᠦᠩᠬᠡᠢ ᠱᠦᠵᠢ᠎ᠶ᠋ᠢᠨ ᠦᠭᠡ᠎ᠶ᠋ᠢ ᠠᠵᠢᠯ᠎ᠤᠨ ᠡᠳᠦᠷ᠎ᠦᠨ ᠲᠡᠮᠳᠡᠭ᠌ᠯᠡᠯ ᠎ᠳᠡᠭᠡᠨ ᠲᠡᠮᠳᠡᠭ᠌ᠯᠡᠵᠦ᠍᠂ ᠲᠠᠬᠢᠨ ᠳᠠᠪᠲᠠᠨ ᠣᠢᠯᠠᠭᠠᠵᠤ ᠤᠬᠠᠵᠤ ᠪᠤᠢ᠃

ᠶᠡᠷᠦᠩᠬᠡᠶ ᠱᠦᠵᠢ᠎ᠶ᠋ᠢᠨ ᠬᠡᠯᠡᠭ᠌ᠰᠡᠨ 《ᠪᠢᠴᠢᠬᠠᠨ ᠨᠢᠳᠦᠨ ᠱᠢᠯᠲᠦ》 ᠭᠡᠬᠦ᠌ ᠡᠨᠡ ᠬᠦ᠌ 《ᠳᠠᠯᠳᠠ ᠵᠣᠪᠠᠨᠢᠯ》 ᠢ᠋ ᠤᠯᠠᠮ ᠨᠢᠭᠡ ᠠᠯᠬᠤᠮ ᠱᠢᠶ᠋ᠳᠪᠦᠷᠢᠯᠡᠬᠦ᠌᠎ᠶ᠋ᠢᠨ ᠲᠥᠯᠥᠭᠡ᠂ ᠰᠤᠷᠭᠠᠭᠤᠯᠢ᠎ᠶ᠋ᠢᠨ ᠪᠣᠶ ᠪᠥᠬᠥᠶ ᠬᠢᠴᠢᠶᠡᠯ᠎ᠦᠨ ᠬᠡᠷ᠎ᠲᠦ ᠨᠢᠳᠦ ᠬᠠᠮᠠᠭᠠᠯᠠᠬᠤ ᠳ᠋ᠧᠩ ᠤᠭ᠍ᠰᠠᠷᠠᠵᠤ᠂ ᠳᠤᠮᠳᠠ ᠳᠤᠤᠷ᠎ᠠ ᠠᠩᠭᠢ᠎ᠶ᠋ᠢᠨ ᠰᠤᠷᠤᠭ᠍ᠴᠢᠳ᠎ᠤᠨ ᠬᠢᠴᠢᠶᠡᠯ᠎ᠦᠨ ᠱᠢᠷᠡᠭᠡᠨ᠎ᠳᠦ ᠰᠠᠭᠤᠯᠳᠠ᠎ᠶ᠋ᠢᠨ ᠵᠠᠯᠠᠷᠠᠭᠤᠯᠤᠷ ᠲᠣᠬᠢᠷᠠᠭᠤᠯᠵᠤ᠂ ᠪᠠᠰᠠ ᠣᠢᠷ᠎ᠠ ᠬᠠᠷᠠᠭ᠎ᠠ᠎ᠶ᠋ᠢ ᠰᠡᠷᠭᠡᠢᠯᠡᠨ ᠡᠵᠡᠮᠳᠡᠬᠦ᠌ ᠲᠤᠰᠭᠠᠶ ᠬᠢᠴᠢᠶᠡᠯ᠎ᠦᠨ ᠬᠡᠷ ᠪᠠ ᠬᠠᠷᠠᠭ᠎ᠠ ᠡᠷᠡᠭᠦᠯᠵᠢᠭᠦᠯᠬᠦ᠌ ᠲᠠᠰᠤᠭ ᠭᠠᠷᠭᠠᠵᠤ᠂ ᠬᠠᠷᠠᠭ᠎ᠠ ᠮᠠᠭᠤᠲᠠᠶ ᠬᠡᠦᠬᠡᠳ᠎ᠦᠨ ᠠᠮᠠᠷᠠᠬᠤ ᠴᠠᠭ᠎ᠢ ᠠᠱᠢᠭ᠍ᠯᠠᠨ ᠣᠢᠷ᠎ᠠ ᠬᠠᠷᠠᠭ᠎ᠠ᠎ᠶ᠋ᠢ ᠵᠠᠰᠠᠬᠤ ᠪᠣᠯᠪᠠᠰᠤᠷᠠᠯ ᠬᠢᠯᠭᠡᠪᠡ᠃ ᠡᠭᠦᠨ᠎ᠦ ᠬᠠᠮᠲᠤ᠂ ᠪᠢᠳᠡ ᠬᠡᠦᠬᠡᠳ᠎ᠦᠨ ᠭᠡᠷ᠎ᠦᠨ ᠭᠠᠳᠠᠨᠠᠬᠢ ᠬᠥᠳᠡᠯᠭᠡᠭᠡᠨ᠎ᠦ ᠴᠠᠭ᠎ᠢ ᠨᠡᠮᠡᠭ᠌ᠳᠡᠭᠦᠯᠵᠦ᠍᠂ ᠰᠤᠷᠤᠭ᠍ᠴᠢᠳ᠎ᠢ ᠬᠥᠲᠥᠯᠥᠨ ᠵᠢᠯᠣᠭᠣᠳᠴᠤ᠌ ᠡᠭᠡ ᠪᠠᠢᠭᠠᠯᠢ᠎ᠲᠠᠢ ᠢᠯᠡᠭᠦᠭᠡᠨ ᠤᠢᠷᠠᠲᠤᠭᠤᠯᠪᠠ᠃ ᠤᠳᠤ᠂ ᠮᠠᠨ᠎ᠤ ᠰᠤᠷᠭᠠᠭᠤᠯᠢ᠎ᠶ᠋ᠢᠨ 《ᠪᠢᠴᠢᠬᠠᠨ ᠨᠢᠳᠦᠨ ᠱᠢᠯᠲᠦ》 ᠤᠯᠠᠮ ᠎ᠡᠴᠡ ᠤᠯᠠᠮ ᠴᠦᠬᠡᠷᠡᠵᠡᠢ᠃

ᠪᠢᠳᠡ ᠰᠤᠷᠭᠠᠭᠤᠯᠢ᠎ᠶ᠋ᠢᠨ ᠦᠱᠦ᠍ ᠎ᠡᠷᠳᠡᠮ᠎ᠤᠨ ᠠᠩᠭᠢ ᠪᠠ ᠦᠱᠦ᠍ ᠡᠷᠳᠡᠮ᠎ᠤᠨ ᠨᠡᠢᠭᠡᠮᠯᠢᠭ ᠪᠠᠢᠭᠤᠯᠵᠤ᠂ ᠲᠤᠰᠭᠠᠶ ᠮᠡᠷᠭᠡᠵᠢᠯ᠎ᠦᠨ ᠦᠱᠦ᠍᠎ᠡᠷᠳᠡᠮ᠎ᠤᠨ ᠰᠤᠷᠭᠠᠭ᠍ᠴᠢ᠎ᠲᠠᠶ ᠪᠣᠯᠵᠤ᠂ ᠶᠡᠬᠡ ᠬᠢᠴᠢᠶᠡᠯ᠎ᠦᠨ ᠵᠠᠪᠰᠠᠷᠯᠠᠭ᠎ᠠ᠎ᠳᠤ ᠦᠱᠦ᠍ ᠡᠷᠳᠡᠮ᠎ᠤᠨ᠎ᠲᠠᠮᠢᠷ᠎ᠢ ᠲᠣᠬᠢᠷᠠᠭᠤᠯᠵᠠᠢ᠃ ᠣᠳᠣ ᠰᠤᠷᠤᠭ᠍ᠴᠢᠳ ᠡᠳᠦᠷ ᠪᠦᠷᠢ ᠦᠳᠡ᠎ᠶ᠋ᠢᠨ ᠡᠮᠦᠨᠡᠬᠢ ᠬᠢᠴᠢᠶᠡᠯ᠎ᠦᠨ ᠵᠠᠪᠰᠠᠷᠯᠠᠭ᠎ᠠ᠎ᠳᠤ 10 ᠮᠢᠨᠦ᠋ᠲ ᠱᠢᠬᠠᠮ᠎ᠤᠨ ᠦᠱᠦ ᠡᠷᠳᠡᠮ᠎ᠤᠨ ᠲᠠᠮᠢᠷ ᠬᠢᠳᠡᠭ ᠪᠣᠯᠵᠠᠶ᠃ ᠶᠠᠰᠤ ᠱᠢᠷᠪᠥᠰᠥ ᠪᠠᠨ ᠰᠤᠨᠭᠭᠠᠭᠰᠠᠨ᠎ᠦ ᠳᠠᠷᠠᠭ᠎ᠠ᠂ ᠬᠡᠦᠬᠡᠳ᠎ᠦᠳ ᠵᠢᠪᠬᠤᠭ᠎ᠠ ᠲᠡᠭᠦᠯᠳᠡᠷ ᠪᠣᠯᠪᠠ᠃ ᠪᠡᠶ᠎ᠡ ᠮᠠᠬᠠᠪᠤᠳ ᠬᠦᠳᠡᠷ ᠴᠢᠭᠢᠷᠠᠭ ᠪᠣᠯᠪᠠᠯ ᠰᠠᠶᠢ ᠪᠦᠬᠦ᠌ ᠰᠡᠳᠭᠢᠯ ᠪᠦᠬᠦ᠌ ᠵᠣᠷᠢᠭ᠎ᠢᠶᠠᠷ ᠰᠣᠶᠣᠯ᠎ᠤᠨ ᠬᠢᠴᠢᠶᠡᠯ᠎ᠦᠨ ᠰᠤᠷᠤᠯᠴᠠᠯᠭ᠎ᠠ᠎ᠳᠤ ᠣᠷᠣᠯᠴᠠᠵᠤ ᠴᠢᠳᠠᠨ᠎ᠠ᠃

ᠡᠨᠡ ᠬᠣᠶᠠᠷ ᠵᠢᠯ᠎ᠳᠦ᠂ ᠰᠤᠷᠭᠠᠭᠤᠯᠢ ᠬᠣᠭᠣᠯᠠᠨ ᠭᠡᠷ ᠪᠠ ᠪᠠᠢᠷᠢ᠎ᠵᠢ ᠰᠢᠨ᠎ᠡ ᠪᠡᠷ ᠪᠠᠢᠭᠤᠯᠵᠤ᠂ ᠵᠢᠭᠠᠨ ᠰᠤᠷᠭᠠᠯᠲᠠ᠎ᠶ᠋ᠢᠨ ᠠᠰᠠᠷ ᠪᠠ ᠲᠠᠮᠢᠷ᠎ᠤᠨ ᠲᠠᠯᠠᠪᠤᠷ᠎ᠢ ᠥᠭᠡᠷᠡᠴᠢᠯᠡᠪᠡ᠃ ᠰᠤᠷᠤᠭ᠍ᠴᠢᠳ ᠳᠠᠭᠤᠤ ᠬᠥᠭ᠌ᠵᠢᠮ᠂ ᠤᠷᠠᠨ ᠵᠢᠷᠤᠭ᠎ᠤᠨ ᠬᠢᠴᠢᠶᠡᠯ᠎ᠦᠨ ᠭᠡᠷ᠎ᠲᠦ ᠳᠠᠭᠤᠤ ᠳᠠᠭᠤᠯᠠᠵᠤ᠂ ᠵᠢᠷᠤᠭ ᠵᠢᠷᠤᠵᠤ᠂ ᠵᠦᠯᠭᠡᠨ ᠳᠡᠭᠡᠷ᠎ᠡ ᠪᠡᠶ᠎ᠡ᠎ᠶ᠋ᠢᠨ ᠲᠠᠮᠢᠷ᠎ᠤᠨ ᠪᠣᠯᠪᠠᠰᠤᠷᠠᠯ ᠬᠢᠵᠦ᠍ ᠪᠣᠯᠤᠨ᠎ᠠ᠃ ᠬᠡᠦᠬᠡᠳ᠎ᠦᠳ 《ᠰᠤᠷᠤᠯᠴᠠᠬᠤ ᠡᠴᠡ ᠰᠤᠷᠭᠠᠭᠤᠯᠢ᠎ᠲᠠᠶ》 ᠮᠥᠷᠲᠡᠭᠡᠨ ᠪᠠᠰᠠ 《ᠰᠠᠢᠨ ᠰᠤᠷᠤᠯᠴᠠᠵᠤ》 ᠳᠡᠢᠯᠬᠦ ᠪᠤᠯᠵᠠᠢ᠃

ᠶᠡᠷᠦᠩᠬᠡᠢ ᠱᠦᠵᠢ ᠢᠷᠡᠭ᠌ᠰᠡᠨ᠎ᠦ ᠲᠠᠷᠠᠭ᠎ᠡ᠂ ᠬᠡᠦᠬᠡᠳ᠎ᠦᠳ ᠮᠠᠰᠢ ᠵᠣᠷᠢᠭ᠍ᠵᠢᠵᠤ᠂ ᠤᠯᠠᠨ᠎ᠢᠶᠠᠷ᠎ᠢᠶᠠᠨ ᠶᠡᠷᠦᠨᠭᠬᠡᠢ ᠱᠦᠵᠢ᠎ᠶ᠋ᠢᠨ ᠰᠤᠷᠭᠠᠯ ᠶᠣᠰᠣᠭᠠᠷ ᠴᠢᠷᠮᠠᠢᠨ ᠰᠤᠷᠤᠯᠴᠠᠵᠤ᠂ ᠪᠡᠶ᠎ᠡ ᠮᠠᠬᠠᠪᠤᠳ᠎ᠢᠶᠡᠨ ᠴᠢᠭᠢᠷᠠᠭ᠍ᠵᠢᠭᠤᠯᠵᠤ᠂ ᠲᠠᠰᠤᠷᠠᠯᠳᠠ ᠦᠭᠡᠢ ᠲᠠᠪᠱᠢᠪᠠ᠃ ᠲᠡᠳᠡᠭᠡᠷ᠎ᠤᠨ ᠳᠣᠲᠣᠷᠠᠬᠢ ᠨᠢᠭᠡᠨ ᠬᠡᠦᠬᠡᠳ᠂ ᠲᠤᠬᠠᠢ᠎ᠶ᠋ᠢᠨ ᠦᠶ᠎ᠡ᠎ᠳᠦ ᠶᠠᠭ ᠳᠥᠷᠪᠡᠳᠦᠭᠡᠷ ᠣᠨ᠎ᠳᠤ ᠰᠤᠷᠤᠯᠴᠠᠵᠤ ᠪᠠᠢᠵᠠᠢ᠃ ᠲᠡᠷᠡ᠂ 《ᠰᠢ ᠡᠪᠦᠭᠡ᠎ᠲᠡᠶ ᠠᠭᠤᠯᠵᠠᠭᠰᠠᠨ ᠮᠠᠨᠢ ᠮᠠᠰᠢ ᠵᠣᠯ ᠵᠢᠷᠭᠠᠯ ᠲᠠᠶ ᠶᠠᠪᠤᠳᠠᠯ ᠮᠥᠨ᠂ ᠰᠢ ᠡᠪᠦᠭᠡ᠎ᠶ᠋ᠢᠨ ᠦᠭᠡ᠎ᠶ᠋ᠢ ᠴᠥᠮ ᠰᠡᠳᠭᠢᠯ ᠵᠢᠷᠦᠭᠡᠨ᠎ᠳᠡᠭᠡᠨ ᠬᠠᠳᠠᠩᠰᠢᠭᠤᠯᠪᠠ》 ᠭᠡᠵᠡᠢ᠃ ᠡᠨᠡ ᠬᠡᠦᠬᠡᠳ ᠤᠤᠯ ᠨᠢ ᠪᠡᠶ᠎ᠡ ᠮᠠᠬᠠᠪᠤᠳ᠎ᠢᠶᠡᠨ ᠪᠣᠯᠪᠠᠰᠤᠷᠠᠬᠤ ᠳᠤᠷ᠎ᠠ ᠦᠭᠡᠢ᠂ ᠣᠳᠣ ᠫᠢᠩᠫᠠᠩ ᠪᠥᠮᠪᠥᠭᠡ ᠪᠠ ᠬᠥᠯ ᠪᠥᠮᠪᠥᠭᠡ᠎ᠳᠦ ᠲᠤᠷ᠎ᠠ ᠪᠠᠬ᠎ᠠ ᠲᠠᠢ ᠪᠤᠯᠵᠤ᠂ ᠪᠠᠰᠠ ᠰᠤᠷᠭᠠᠭᠤᠯᠢ᠎ᠶ᠋ᠢᠨ᠎ᠢᠶᠡᠨ ᠨᠢᠭᠡᠨ ᠦᠯᠢᠶᠡᠭᠦᠷ ᠬᠥᠭ᠌ᠵᠢᠮᠴᠢᠨ ᠪᠣᠯᠵᠤ᠂ ᠡᠳᠦᠷᠵᠢᠨ ᠨᠢᠭᠤᠷ ᠲᠦᠭᠦᠷᠡᠩ ᠢᠨᠢᠶᠡᠮᠰᠦᠭ᠌ᠯᠡᠯ ᠲᠤᠳᠤᠷᠠᠭᠤᠯᠳᠠᠭ ᠪᠤᠯᠵᠠᠢ᠃

(ᠰᠢᠨᠬᠤᠸᠠ ᠬᠤᠷᠢᠶᠠᠨ᠎ᠤ ᠰᠢ ᠠᠨ᠎ᠤ 6 ᠰᠠᠷ᠎ᠠ᠎ᠶᠢᠨ 1᠎ᠤ᠋ ᠴᠠᠬᠢᠯᠭᠠᠨ ᠮᠡᠳᠡᠭᠡ)

  • ᠨᠠᠢᠷᠠᠭᠤᠯᠤᠭ᠍ᠴᠢ᠄

  • ᠨᠡᠪᠲᠡᠷᠡᠭᠦᠯᠦᠭᠴᠢ᠄

  • ᠮᠡᠷᠭᠡᠵᠢᠯ᠄

ᠨᠠᠢᠷᠠᠭᠤᠯᠤᠭ᠍ᠴᠢ᠄ ᠰᠤᠶᠤᠯᠲᠦ

ᠣᠷᠴᠢᠭᠤᠯᠤᠭ᠍ᠴᠢ᠄

ᠢᠷᠡᠯᠲᠡ᠄ ᠳᠤᠮᠳᠠᠳᠤ ᠤᠯᠤᠰ᠎ᠤ᠋ᠨ ᠮᠣᠩᠭᠣᠯ ᠬᠡᠯᠡᠨ᠎ᠦ᠌ ᠰᠣᠨᠢᠨ ᠮᠡᠳᠡᠭᠡ᠎ᠶ᠋ᠢᠨ ᠰᠦᠯᠵᠢᠶ᠎ᠡ
兼容浏览器的HTML页面