2022-06-01 10:32:59
ᠱᠢᠨᠬᠤᠸᠠ ᠬᠣᠷᠢᠶᠠᠨ᠎ᠤ ᠰᠤᠷᠪᠤᠯᠵᠢᠯᠠᠭ᠍ᠴᠢ ᠭᠦᠸᠧ ᠭᠠᠩ ᠮᠠ ᠱᠠ ᠵᠧᠦ ᠮᠸᠩ ᠳ᠋ᠢᠶᠸ
2019 ᠣᠨ᠎ᠤ 8 ᠰᠠᠷ᠎ᠠ᠎ᠶ᠋ᠢᠨ 21 ᠤ᠋ ᠡᠳᠦᠷ᠂ ᠶᠡᠷᠦᠩᠬᠡᠶ ᠱᠦᠵᠢ ᠰᠢ ᠵᠢᠨ ᠫᠢᠩ ᠬᠠᠢᠷ ᠴᠢᠯᠠᠭᠤᠨ ᠵᠠᠮ᠎ᠢᠶᠠᠷ ᠠᠶᠠᠯᠠᠵᠤ ᠭᠠᠨᠰᠦ ᠮᠤᠵᠢ᠎ᠶ᠋ᠢᠨ ᠡᠸ᠋ ᠸᠧᠶ ᠬᠣᠲᠠ᠎ᠶ᠋ᠢᠨ ᠬᠥ᠋ ᠯᠠᠩ ᠰᠢᠶᠠᠨ᠎ᠤ ᠪᠠ ᠪᠦ᠋ ᠱᠠ ᠣᠶ ᠱᠢᠭᠤᠶ᠎ᠶ᠋ᠢᠨ ᠲᠠᠯᠠᠪᠠᠶ᠎ᠳᠤ ᠬᠦᠷᠴᠦ᠍ ᠱᠢᠨᠵᠢᠯᠡᠨ ᠪᠠᠢᠴᠠᠭᠠᠵᠤ᠂ ᠡᠸ᠋ ᠸᠧᠶ ᠬᠣᠲᠠ᠎ᠶ᠋ᠢᠨ ᠡᠯᠡᠰᠤ᠎ᠶᠢ ᠰᠡᠷᠭᠡᠢᠯᠡᠵᠦ᠍ ᠡᠯᠡᠰᠦᠷᠬᠡᠭ᠌ᠵᠢᠯ᠎ᠢ ᠵᠠᠰᠠᠭ᠍ᠰᠠᠨ ᠪᠦᠬᠦᠯᠢ ᠴᠣᠭ᠍ᠴᠠ᠎ᠶ᠋ᠢᠨ ᠪᠠᠢᠳᠠᠯ᠎ᠤᠨ ᠬᠠᠷᠢᠭᠤ ᠮᠡᠳᠡᠭᠦᠯᠦᠯᠲᠡ ᠪᠣᠯᠤᠨ ᠪᠠ ᠪᠦ᠋ ᠱᠠ ᠣᠶ ᠱᠢᠭᠤᠶ᠎ᠶ᠋ᠢᠨ ᠲᠠᠯᠠᠪᠠᠶ᠎ᠶ᠋ᠢᠨ ᠭᠤᠷᠪᠠᠨ ᠦᠶ᠎ᠡ᠎ᠶ᠋ᠢᠨ ᠬᠥᠮᠦᠰ᠎ᠦᠨ ᠡᠯᠡᠰᠦᠷᠬᠡᠭ᠌ᠵᠢᠯ᠎ᠢ ᠵᠠᠰᠠᠵᠤ ᠣᠢᠵᠢᠭᠤᠯᠤᠭ᠍ᠰᠠᠨ ᠰᠡᠳᠭᠢᠯ ᠬᠥᠳᠡᠯᠭᠡᠮ᠎ᠡ ᠦᠶ᠋ᠯᠡ ᠠᠵᠢᠯᠯᠠᠭ᠎ᠠ᠎ᠶ᠋ᠢ ᠰᠣᠨᠣᠰᠪᠠ᠃ 《ᠵᠢᠷᠭᠤᠭᠠᠨ ᠡᠪᠦᠭᠡᠨ》 ᠤ᠋ ᠳᠤᠲᠤᠷᠠᠬᠢ ᠭᠦᠸᠧ ᠴᠤᠤ ᠮᠢᠩ ᠨᠠᠰᠤᠲᠠᠨ᠎ᠤ ᠬᠦᠦ ᠭᠦᠸᠧ ᠸᠠᠨ ᠭᠠᠩ ᠬᠣᠶᠠᠳᠤᠭᠠᠷ ᠦᠶ᠎ᠡ᠎ᠶ᠋ᠢᠨ ᠡᠯᠡᠰᠦᠷᠬᠡᠭ᠌ᠵᠢᠯ᠎ᠢ ᠵᠠᠰᠠᠵᠤ ᠣᠢᠵᠢᠭᠤᠯᠬᠤ ᠬᠥᠮᠦᠨ᠎ᠦ ᠲᠥᠯᠥᠭᠡᠯᠡᠭ᠌ᠴᠢ ᠪᠣᠯᠤᠭ᠍ᠰᠠᠨ᠎ᠤ ᠬᠤᠪᠢ᠎ᠳᠤ ᠲᠤᠬᠠᠢ᠎ᠶ᠋ᠢᠨ ᠲᠠᠯᠠᠪᠠᠢ᠎ᠳᠤ ᠪᠠᠢᠪᠠ᠃ ᠤᠢ᠍ᠢᠷ᠎ᠠ᠎ᠳᠤ᠂ ᠱᠢᠨᠬᠤᠸᠠ ᠬᠣᠷᠢᠶᠠᠨ᠎ᠤ ᠰᠤᠷᠪᠤᠯᠵᠢᠯᠠᠭ᠍ᠴᠢ ᠭᠦᠸᠧ ᠸᠠᠨ ᠭᠠᠩ᠎ᠢ ᠡᠷᠬᠢᠵᠦ ᠰᠤᠷᠪᠤᠯᠵᠢᠯᠠᠪᠠ᠂ ᠳᠣᠣᠷᠠᠬᠢ ᠪᠣᠯ ᠲᠡᠭᠦᠨ᠎ᠦ ᠥᠪᠡᠷ᠎ᠦᠨ ᠲᠤᠭᠠᠴᠢᠯᠲᠠ ᠪᠠ ᠰᠡᠳᠭᠢᠯ᠎ᠦᠨ ᠳᠠᠭᠤᠨ ᠪᠣᠯᠤᠨ᠎ᠠ —
ᠶᠡᠷᠦᠩᠬᠡᠶ ᠱᠦᠵᠢ ᠰᠢ ᠵᠢᠨ ᠫᠢᠩ᠎ᠦᠨ ᠣᠶ ᠱᠢᠭᠤᠶ᠎ᠶ᠋ᠢᠨ ᠲᠠᠯᠠᠪᠠᠶ᠎ᠳᠤ ᠱᠢᠨᠵᠢᠯᠡᠨ ᠪᠠᠢᠴᠠᠭᠠᠬᠤ ᠦᠶ᠎ᠡ᠎ᠶ᠋ᠢᠨ ᠪᠠᠢᠳᠠᠯ᠎ᠢ ᠪᠢ ᠣᠲᠣ ᠪᠣᠯᠲᠠᠯ᠎ᠠ ᠲᠣᠪ ᠲᠣᠳᠣᠷᠬᠠᠶ ᠴᠡᠭᠡᠵᠢᠯᠡᠭ᠌ᠰᠡᠭᠡᠷ ᠪᠠᠢᠨ᠎ᠠ᠃
ᠲᠤᠬᠠᠶ᠎ᠶ᠋ᠢᠨ ᠦᠶ᠎ᠠ᠎ᠳᠤ᠂ ᠠᠵᠢᠯᠴᠢᠳ ᠶᠠᠭ ᠡᠪᠡᠰᠦ᠎ᠵᠢ ᠳᠥᠷᠪᠡᠯᠵᠢᠯᠡᠨ ᠳᠠᠷᠤᠵᠤ ᠪᠠᠢᠪᠠ᠃ ᠶᠡᠷᠦᠩᠬᠡᠶ ᠱᠦᠵᠢ ᠪᠢᠳᠠᠨ᠎ᠲᠡᠶ ᠳᠣᠲᠣᠨᠣ᠎ᠪᠠᠷ ᠶᠠᠷᠢᠯᠴᠠᠵᠤ᠂ ᠪᠠᠰᠠ ᠭᠤᠤ ᠮᠠᠯᠲᠠᠬᠤ ᠠᠨᠵᠢᠰᠤ ᠪᠠᠷᠢᠵᠤ᠂ ᠣᠯᠠᠨ᠎ᠲᠠᠶ ᠬᠠᠮᠲᠤ ᠠᠵᠢᠯᠯᠠᠵᠤ ᠡᠬᠢᠯᠡᠪᠡ᠃ ᠠᠨᠵᠢᠰᠤ ᠡᠷᠬᠢᠭᠦᠯᠬᠦ ᠬᠥᠳᠡᠯᠭᠡᠭᠡᠨ᠎ᠢ ᠨᠢᠭᠡ ᠯᠡ ᠠᠮᠢᠰᠭᠤᠭ᠎ᠠ᠎ᠪᠠᠷ ᠲᠠᠳᠮᠠᠭᠠᠢ ᠬᠢᠬᠦ ᠡᠴᠡ ᠨᠢ ᠲᠡᠭᠦᠨ᠎ᠤ 《ᠬᠠᠰᠢᠷ ᠭᠠᠷ》 ᠭᠡᠳᠡᠭ ᠨᠢ ᠮᠡᠳᠡᠭᠳᠡᠨ᠎ᠠ᠃
ᠪᠢ ᠶᠡᠷᠦᠩᠬᠡᠢ ᠱᠦᠵᠢ᠎ᠳᠦ᠄ 《ᠪᠢᠳᠡ ᠡᠢᠮᠦᠷᠬᠦᠦ ᠬᠥᠮᠦᠨ᠎ᠦ ᠬᠦᠴᠦ᠍᠎ᠪᠡᠷ ᠬᠥᠳᠡᠯᠮᠦᠷᠢᠯᠡᠬᠦ᠌ ᠠᠷᠭ᠎ᠠ᠎ᠪᠠᠷ᠂ 〈ᠨᠢᠭᠡ ᠰᠠᠭᠤᠷᠢ ᠮᠣᠳᠣ᠂ ᠨᠢᠭᠡ ᠠᠳᠭᠤ ᠡᠪᠡᠰᠦ᠎ᠪᠡᠷ ᠡᠯᠡᠰᠦ᠎ᠶ᠋ᠢ ᠳᠠᠷᠤᠵᠤ ᠰᠠᠯᠬᠢ᠎ᠶ᠋ᠢ ᠬᠠᠯᠬᠠᠯᠠᠵᠤ〉᠂ ᠭᠤᠷᠪᠠᠨ ᠦᠶ᠎ᠡ᠎ᠶ᠋ᠢᠨ ᠬᠥᠮᠦᠰ 20 ᠭᠠᠷᠤᠢ ᠲᠦᠮᠡᠨ ᠮᠦ᠍ᠵᠢᠨ ᠡᠯᠡᠰᠦᠷᠬᠡᠭ᠌ᠵᠢᠯ᠎ᠢ ᠵᠠᠰᠠᠵᠤ ᠣᠢᠵᠢᠭᠤᠯᠬᠤ ᠠᠵᠢᠯ᠎ᠢ ᠪᠡᠶᠡᠯᠡᠭᠦᠯᠪᠡ》 ᠭᠡᠪᠡ᠃
ᠪᠠ ᠪᠦ ᠱᠠ ᠭᠡᠳᠡᠭ ᠭᠠᠵᠠᠷ᠎ᠤᠨ 《ᠡᠭᠦᠳᠡᠨ ᠭᠠᠳᠠᠭ᠎ᠠ ᠨᠠᠢ᠍ᠮᠠᠨ ᠠᠯᠬᠤᠮ᠎ᠤᠨ ᠴᠠᠭᠠᠨ᠎ᠠ ᠨᠢ ᠲᠠᠷᠤᠢ ᠡᠯᠡᠰᠦ》 ᠬᠠᠰᠢᠭᠰᠠᠨ ᠪᠠᠢᠳᠠᠭ᠃ ᠡᠨᠳᠡ ᠵᠢᠯ ᠳᠠᠷᠠᠭᠠᠯᠠᠨ ᠭᠠᠩ ᠬᠠᠭᠤᠷᠠᠶ ᠬᠤᠷ᠎ᠠ ᠲᠤᠨᠳᠠᠰᠤ ᠪᠠᠭ᠎ᠠ᠂ ᠬᠠᠮᠠᠷ ᠬᠠᠳᠭᠤᠬᠤ ᠡᠪᠡᠰᠦ ᠤᠷᠭᠤᠬᠤ ᠥᠬᠡᠶ᠂ ᠬᠡᠳᠦᠨ ᠬᠣᠨᠣᠭ ᠠᠯᠤᠰᠯᠠᠪᠠᠯ ᠳᠠᠷᠤᠶ 《ᠱᠢᠷ᠎ᠠ ᠰᠠᠯᠬᠢ ᠬᠠᠷ᠎ᠠ ᠳᠠᠪᠠᠯᠭᠠᠨ》 ᠪᠤᠰᠳᠠᠭ᠃ 1981 ᠣᠨ᠎ᠳᠤ᠂ ᠭᠦ᠋ ᠯᠠᠩ ᠱᠢᠶᠠᠨ ᠳᠠᠭᠠᠭᠠᠴᠢᠯᠠᠯᠲᠠ᠎ᠶ᠋ᠢᠨ ᠠᠷᠭ᠎ᠠ᠎ᠪᠠᠷ ᠡᠯᠡᠰᠦ᠎ᠶ᠋ᠢ ᠵᠠᠰᠠᠬᠤ᠎ᠪᠠᠷ ᠲᠣᠭ᠍ᠲᠠᠪᠠ᠃ ᠮᠢᠨᠦ᠍ ᠠᠪᠤ ᠭᠦᠸᠸ ᠴᠤᠤ ᠮᠢᠩ ᠪᠣᠯᠤᠨ ᠪᠤᠰᠤᠳ ᠲᠠᠪᠤᠨ ᠲᠠᠷᠢᠶᠠᠴᠢᠨ ᠳᠠᠭᠠᠭᠠᠴᠢᠯᠠᠯᠲᠠ᠎ᠶ᠋ᠢᠨ ᠭᠡᠷ᠎ᠡ ᠳᠡᠭᠡᠷ᠎ᠡ ᠬᠤᠷᠤᠭᠤᠨ ᠤᠷᠤᠮ᠎ᠢᠶᠡᠨ ᠦᠯᠡᠳᠡᠭᠡᠵᠦ᠂ ᠡᠷᠦᠬᠡ ᠬᠣᠯᠪᠣᠭᠠᠯᠠᠨ ᠪᠠ ᠪᠦ᠋ ᠱᠠ ᠬᠠᠮᠲᠤ᠎ᠶ᠋ᠢᠨ ᠤᠢ ᠱᠢᠭᠤᠢ᠎ᠶ᠋ᠢᠨ ᠲᠠᠯᠠᠪᠠᠢ᠎ᠶ᠋ᠢ ᠪᠠᠢᠭᠤᠯᠵᠤ᠂ ᠵᠠᠵᠢ ᠵᠢᠨ ᠦᠰᠦ ᠪᠠᠨ ᠴᠠᠢᠳᠠᠯ᠎ᠠ ᠨᠣᠭᠣᠭᠠᠨ ᠪᠦᠷᠢᠳᠦ᠍ᠶ᠋ᠢ ᠰᠣᠯᠢᠬᠤ᠎ᠪᠠᠷ ᠲᠠᠩᠭᠠᠷᠢᠭ᠍ᠯᠠᠪᠠ᠃
ᠣᠲᠣ᠂ ᠬᠡᠳᠦᠨ ᠠᠷᠪᠠᠨ ᠵᠢᠯ᠎ᠦᠨ ᠪᠠᠲᠤ ᠰᠠᠬᠢᠯᠳᠠ ᠰᠢᠷᠭᠠᠭᠤ ᠴᠢᠷᠮᠠᠢᠯᠭ᠎ᠠ᠎ᠪᠠᠷ ᠳᠡᠮᠵᠢᠨ᠂ 75000 ᠮᠥ᠍ ᠲᠠᠯᠠᠪᠠᠶ ᠪᠥᠬᠥᠶ ᠪᠠ ᠪᠦ᠋ ᠱᠠ ᠨᠢ ᠬᠠᠮᠠᠷ ᠬᠠᠳᠭᠤᠬᠤ ᠡᠪᠡᠰᠦ ᠥᠬᠡᠶ ᠪᠠᠢᠭ᠍ᠰᠠᠨ᠎ᠡᠴᠡ᠎ᠪᠠᠨ ᠢᠭ᠍ᠴᠤᠷᠠᠨ ᠰᠠᠬᠤᠯᠢᠭᠵᠢᠵᠠᠢ᠃ ᠡᠯᠡᠰᠦᠷᠬᠡᠭᠵᠢᠯ᠎ᠢ ᠵᠠᠰᠠᠬᠤ ᠨᠢ ᠲᠠᠷᠢᠶᠠᠨ ᠭᠠᠵᠠᠷ᠂ ᠠᠢᠯ ᠲᠣᠰᠭᠣᠨ᠎ᠢ ᠬᠠᠮᠠᠭᠠᠯᠠᠭ᠍ᠰᠠᠨ᠎ᠢᠶᠠᠷ ᠪᠠᠷᠠᠬᠤ ᠦᠭᠡᠢ᠂ ᠪᠠᠰᠠ ᠪᠢᠳᠡᠨ᠎ᠦ ᠠᠮᠢ ᠠᠬᠤᠢ ᠣᠷᠴᠢᠨ ᠲᠣᠭᠣᠷᠢᠨ᠎ᠢ ᠰᠠᠢᠵᠢᠷᠠᠭᠤᠯᠪᠠ᠃
ᠶᠡᠷᠦᠩᠬᠡᠢ ᠱᠦᠵᠢ ᠰᠢ ᠵᠢᠨ ᠫᠢᠩ ᠤᠯᠠᠨ ᠳᠤ᠂ 《 ᠱᠢᠨ᠎ᠡ ᠴᠠᠭ ᠦᠶ᠎ᠡ ᠳᠦ 〈ᠵᠢᠷᠭᠤᠭᠠᠨ ᠡᠪᠦᠭᠡᠨ〉 ᠮᠡᠲᠦ᠍᠎ᠶ᠋ᠢᠨ ᠤᠳᠤ ᠦᠶ᠎ᠡ᠎ᠶ᠋ᠢᠨ ᠲᠡᠨᠡᠭ ᠡᠪᠦᠭᠡᠨ᠂ ᠴᠠᠭ ᠦᠶ᠎ᠡ᠎ᠶ᠋ᠢᠨ ᠦᠯᠢᠭᠡᠷ ᠳᠠᠭᠤᠷᠢᠶᠠᠯ᠎ᠢ ᠨᠡᠩ ᠤᠯᠠᠨ ᠬᠡᠷᠡᠭ᠌ᠰᠡᠨ᠎ᠡ 》᠂ 《 〈 ᠵᠢᠷᠭᠤᠭᠠᠨ ᠡᠪᠦᠭᠡᠨ〉 ᠤ᠋ ᠤᠳᠤ ᠦᠶ᠎ᠡ᠎ᠶ᠋ᠢᠨ ᠲᠡᠨᠡᠭ ᠡᠪᠦᠭᠡᠨ᠎ᠦ ᠵᠣᠷᠢᠭ ᠰᠠᠨᠠᠭ᠎ᠠ᠎ᠶ᠋ᠢ ᠦᠷᠭᠦᠯᠵᠢᠯᠡᠨ ᠪᠠᠳᠠᠷᠠᠭᠤᠯᠬᠤ ᠬᠡᠷᠡᠭ᠌ᠲᠡᠢ》ᠭᠡᠵᠦ᠍ ᠬᠡᠯᠡᠭ᠌ᠰᠡᠨ᠎ᠢ ᠪᠢ ᠲᠣᠳᠣᠷᠬᠠᠢ ᠴᠡᠭᠡᠵᠢᠯᠡᠵᠦ᠍ ᠪᠠᠢᠨ᠎ᠠ᠂ ᠶᠡᠷᠦᠩᠬᠡᠢ ᠱᠦᠵᠢ ᠪᠠᠰᠠ ᠪᠢᠳᠡᠨ᠎ᠢ 《ᠴᠢᠷᠮᠠᠢᠭ᠍ᠰᠠᠨ ᠳᠡᠭᠡᠷ᠎ᠡ᠎ᠪᠡᠨ ᠴᠢᠷᠮᠠᠢᠵᠤ᠂ ᠲᠠᠬᠢᠨ ᠱᠢᠨ᠎ᠡ ᠭᠠᠪᠢᠶ᠎ᠠ ᠪᠠᠢᠭᠤᠯᠬᠤ ᠬᠡᠷᠡᠭ᠌ᠲᠡᠢ ᠁ 》 ᠭᠡᠵᠦ᠍ ᠵᠣᠷᠢᠭ᠍ᠵᠢᠭᠤᠯᠪᠠ᠃
ᠶᠡᠷᠦᠩᠬᠡᠢ ᠱᠦᠵᠢ᠎ᠶ᠋ᠢᠨ ᠴᠢᠩ ᠰᠡᠳᠭᠢᠯ᠎ᠦᠨ ᠬᠦᠰᠡᠯ ᠨᠠᠢᠳᠠᠯᠭ᠎ᠠ ᠨᠢ ᠪᠢᠳᠡᠨ᠎ᠢ ᠶᠡᠬᠡᠳᠡ ᠵᠣᠷᠢᠭ᠍ᠵᠢᠭᠤᠯᠤᠭ᠍ᠰᠠᠨ᠎ᠢᠶᠠᠷ ᠪᠠᠷᠠᠬᠤ ᠦᠭᠡᠢ᠂ ᠪᠠᠰᠠ ᠡᠯᠡᠰᠦᠷᠬᠡᠭᠵᠢᠯ᠎ᠢ ᠵᠠᠰᠠᠬᠤ ᠠᠵᠢᠯ᠎ᠤᠨ ᠴᠢᠭ᠌ᠯᠡᠯ᠎ᠢ ᠲᠣᠳᠣᠷᠬᠠᠢ ᠵᠢᠭᠠᠵᠤ ᠥᠭ᠌ᠴᠡᠢ᠃
ᠣᠢ ᠱᠢᠭᠤᠶ᠎ᠶ᠋ᠢᠨ ᠲᠠᠯᠠᠪᠠᠢ᠎ᠳᠤ 《ᠳᠠᠬᠢᠨ ᠱᠢᠨ᠎ᠡ ᠭᠠᠪᠢᠶ᠎ᠠ ᠪᠠᠢᠭᠤᠯᠤᠶ᠎ᠠ》 ᠭᠡᠪᠡᠯ᠂ ᠵᠥᠪᠬᠡᠨ ᠤᠤᠯ᠎ᠤᠨ ᠬᠢ ᠪᠠᠨ ᠯᠡ ᠰᠠᠬᠢᠵᠤ ᠪᠣᠯᠬᠤ ᠦᠭᠡᠢ᠂ ᠡᠷᠬᠡᠪᠰᠢ ᠳᠠᠬᠢᠨ ᠦᠶ᠋ᠯᠡᠰ ᠪᠣᠰᠭᠠᠬᠤ ᠬᠡᠷᠡᠭ᠌ᠲᠡᠶ!
ᠣᠲᠣ᠂ ᠱᠢᠨ᠎ᠡ ᠨᠢᠭᠡ ᠦᠶ᠎ᠡ᠎ᠶ᠋ᠢᠨ ᠡᠯᠡᠰᠦᠷᠬᠡᠭᠵᠢᠯ ᠢ ᠵᠠᠰᠠᠭ᠍ᠴᠢᠳ ᠨᠢᠭᠡᠨᠲᠡ 《ᠪᠤᠤᠬᠢᠶ᠎ᠠ》 ᠶ᠋ᠢ ᠤᠷᠤᠭ᠍ᠰᠢᠲᠠᠶ ᠭᠥᠯᠢᠶᠡᠨ ᠠᠪᠴᠤ᠌᠂ 《ᠱᠢᠨ᠎ᠡ ᠡᠭᠦᠷᠭᠡ》 ᠶ᠋ᠢ ᠡᠭᠦᠷᠭᠡᠯᠡᠨ ᠠᠪᠤᠪᠠ᠂ ᠲᠠᠳᠠ ᠱᠢᠨ᠎ᠡ ᠦᠵᠡᠯ ᠰᠠᠨᠠᠭ᠎ᠠ᠂ ᠱᠢᠨ᠎ᠡ ᠱᠢᠨᠵᠢᠯᠡᠬᠦ᠌ ᠤᠬᠠᠭᠠᠨ ᠲᠸᠭᠨᠢᠭ ᠮᠡᠷᠭᠡᠵᠢᠯ᠎ᠢᠶᠡᠷ ᠡᠯᠡᠰᠦᠷᠬᠡᠭᠵᠢᠯ᠎ᠢ ᠵᠠᠰᠠᠨ ᠣᠢᠵᠢᠭᠤᠯᠵᠤ᠂ ᠪᠠ ᠪᠦ ᠱᠠᠳᠦ ᠱᠢᠨ᠎ᠡ ᠠᠮᠢᠵᠢᠷᠠᠯ᠎ᠤᠨ ᠬᠦᠴᠦᠨ ᠣᠯᠭᠣᠪᠠ᠃
ᠤᠢ᠍ᠢᠷ᠎ᠠ᠎ᠶ᠋ᠢᠨ ᠵᠢᠯ᠎ᠦᠳ᠎ᠲᠦ ᠪᠢᠳᠡ ᠨᠢᠭᠡ ᠲᠠᠯ᠎ᠠ᠎ᠪᠠᠷ ᠢᠨᠵᠧᠨᠧᠷᠢᠩ᠎ᠢᠶᠡᠷ ᠡᠯᠡᠰᠦᠷᠬᠡᠭᠵᠢᠯ᠎ᠢ ᠵᠠᠰᠠᠬᠤ᠂ ᠰᠦᠯᠵᠢᠶ᠎ᠡ᠎ᠪᠡᠷ ᠡᠯᠡᠰᠦᠷᠬᠡᠭᠵᠢᠯ᠎ᠢ ᠵᠠᠰᠠᠬᠤ ᠵᠡᠷᠭᠡ ᠱᠢᠨ᠎ᠡ ᠠᠷᠭ᠎ᠠ ᠠᠪᠴᠤ᠌᠂ ᠡᠯᠡᠰᠦ᠎ᠶ᠋ᠢ ᠵᠠᠰᠠᠪᠠ; ᠨᠥᠭᠥᠭᠡ ᠲᠠᠯ᠎ᠠ᠎ᠪᠠᠷ ᠡᠯᠡᠰᠦᠨ ᠤᠷᠭᠤᠮᠠᠯ ᠵᠠᠭ ᠮᠣᠳᠣᠨ᠎ᠤ ᠳᠤᠤᠷ᠎ᠠ ᠴᠠᠭᠠᠨ ᠭᠣᠶᠣᠣ ᠵᠠᠯᠭᠠᠵᠤ᠂ ᠲᠤᠬᠠᠶ᠎ᠶ᠋ᠢᠨ ᠭᠠᠵᠠᠷ᠎ᠤᠨ ᠠᠷᠠᠳ ᠣᠯᠠᠨ᠎ᠤ ᠪᠡᠶ᠎ᠡ᠎ᠵᠢᠨ ᠴᠢᠨᠡᠭᠡᠯᠢᠭ᠌ᠵᠢᠬᠦ᠌ ᠵᠠᠮ᠎ᠢ ᠥᠷᠭᠡᠳᠭᠡᠪᠡ᠃
ᠴᠠᠭᠠᠨ ᠭᠣᠶᠣᠣ᠎ᠶ᠋ᠢ 《ᠡᠯᠡᠰᠦᠨ ᠴᠥᠯ᠎ᠦᠨ ᠣᠷᠬᠣᠳᠠᠶ》 ᠬᠡᠮᠡᠳᠡᠭ᠂ ᠤᠳᠤ ᠡᠯᠡᠰᠦᠨ ᠴᠥᠯ᠎ᠳᠦ ᠪᠠᠶᠠᠵᠢᠯ᠎ᠤᠨ ᠦᠷ᠎ᠡ ᠵᠢᠮᠢᠰ ᠤᠷᠭᠤᠵᠠᠶ᠃ ᠣᠳᠣᠬᠠᠨ ᠪᠣᠯᠲᠠᠯ᠎ᠠ᠂ ᠪᠢᠳᠡ ᠨᠢᠭᠡᠨᠲᠡ 10600 ᠮᠦ᠍ ᠲᠠᠷᠢᠵᠤ᠂ ᠮᠦ᠍ ᠪᠦᠷᠢ᠎ᠶ᠋ᠢᠨ ᠴᠡᠪᠡᠷ ᠣᠷᠣᠯᠭ᠎ᠠ 600 ᠲᠥᠭᠥᠷᠢᠭ᠎ᠢ ᠳᠠᠪᠠᠵᠠᠶ᠃
《ᠡᠯᠡᠰᠦᠷᠬᠡᠭᠵᠢᠯ᠎ᠢ ᠵᠠᠰᠠᠬᠤ ᠵᠤᠷ》 ᠨᠢ 《ᠪᠠᠶᠠᠵᠢᠯ᠎ᠤᠨ ᠵᠤᠷ》 ᠪᠤᠯᠵᠤ᠂ ᠪᠢᠳᠡ ᠡᠯᠡᠰᠦᠷᠬᠡᠭᠵᠢᠯ᠎ᠢ ᠵᠠᠰᠠᠵᠤ ᠪᠠᠶᠠᠵᠢᠨ ᠴᠢᠨᠡᠭᠡᠯᠢᠭ᠌ᠵᠢᠬᠦ᠌ ᠰᠠᠷᠠᠭᠤᠯ ᠳᠠᠷᠳᠠᠩ ᠵᠠᠮ᠎ᠢᠶᠠᠷ ᠵᠠᠮᠨᠠᠪᠠ᠃
ᠤᠳᠤ᠂ ᠥᠷᠯᠥᠭᠡ ᠪᠣᠯᠭᠠᠨ ᠪᠢ ᠳᠤᠭᠤᠢ ᠤᠨᠤᠵᠤ ᠤᠢ ᠱᠢᠭᠤᠢ᠎ᠶ᠋ᠢᠨ ᠲᠠᠯᠠᠪᠠᠢ᠎ᠳᠤ ᠬᠦᠷᠴᠦ᠍ ᠲᠣᠭᠣᠷᠢᠨ᠂ ᠪᠢᠳᠠᠨᠦ ᠪᠠᠢᠭᠤᠯᠤᠭ᠍ᠰᠠᠨ ᠨᠣᠮᠢᠨ ᠨᠣᠭᠣᠭᠠᠨ ᠤᠷᠳᠤ ᠴᠠᠭᠠᠨ ᠬᠡᠷᠡᠮ᠎ᠢᠶᠡᠨ ᠬᠠᠷᠠᠭᠠᠳ ᠮᠠᠰᠢ ᠣᠮᠣᠭ᠍ᠰᠢᠳᠠᠭ᠃ ᠪᠢᠳᠡ ᠵᠠᠪᠠᠯ ᠶᠡᠷᠦᠩᠬᠡᠢ ᠱᠦᠵᠢ᠎ᠶ᠋ᠢᠨ ᠱᠠᠭᠠᠷᠳᠠᠯᠭ᠎ᠠ ᠶᠣᠰᠣᠭᠠᠷ 《ᠤᠳᠤ ᠦᠶ᠎ᠡ᠎ᠶ᠋ᠢᠨ ᠲᠡᠨᠡᠭ ᠡᠪᠦᠭᠡᠨ᠎ᠦ ᠵᠣᠷᠢᠭ ᠰᠠᠨᠠᠭ᠎ᠠ》 ᠶ᠋ᠢ ᠦᠷᠭᠦᠯᠵᠢᠯᠡᠨ ᠪᠠᠳᠠᠷᠠᠭᠤᠯᠬᠤ ᠬᠡᠷᠡᠭ᠌ᠲᠡᠢ᠃ ᠵᠢᠯ ᠲᠠᠷᠠᠭᠠᠯᠠᠨ ᠠᠵᠢᠯᠯᠠᠵᠤ᠂ ᠦᠶ᠎ᠡ ᠤᠯᠠᠮᠵᠢᠯᠠᠨ ᠵᠠᠰᠠᠵᠤ᠂ ᠲᠡᠨᠡᠭ ᠡᠪᠦᠭᠡᠨ ᠠᠭᠤᠯᠠ᠎ᠶ᠋ᠢ ᠨᠡᠭᠦᠯᠭᠡᠭ᠌ᠰᠡᠨ ᠵᠤᠷᠢᠭ ᠰᠠᠨᠠᠭ᠎ᠠ ᠪᠠᠷ ᠠᠵᠢᠯᠯᠠᠪᠠᠯ᠂ ᠡᠯᠡᠰᠦ ᠰᠢᠷᠤᠢ ᠯᠠᠪᠲᠠᠶ ᠥᠩᠭᠡ ᠦᠵᠡᠮᠵᠢ ᠪᠣᠯᠵᠣ᠂ ᠱᠢᠷᠭᠠᠯ ᠡᠯᠡᠰᠦ ᠰᠢᠵᠢᠷ ᠠᠯᠲᠠ ᠪᠣᠯᠵᠣ ᠬᠤᠪᠢᠷᠠᠬᠤ ᠶᠤᠮ!
( ᠰᠢᠨᠬᠤᠸᠠ ᠬᠤᠷᠢᠶᠠᠨ᠎ᠤ ᠯᠠᠨᠵᠸᠤ᠎ᠵᠢᠨ 5 ᠰᠠᠷ᠎ᠠ᠎ᠵᠢᠨ 25᠎ᠤ᠋ ᠴᠠᠬᠢᠯᠭᠠᠨ ᠮᠡᠳᠡᠭᠡ )
- ᠨᠠᠢᠷᠠᠭᠤᠯᠤᠭ᠍ᠴᠢ᠄
- ᠨᠡᠪᠲᠡᠷᠡᠭᠦᠯᠦᠭᠴᠢ᠄
- ᠮᠡᠷᠭᠡᠵᠢᠯ᠄
ᠨᠠᠢᠷᠠᠭᠤᠯᠤᠭ᠍ᠴᠢ᠄ ᠪᠣᠣ ᠮᠧᠢ ᠷᠥᠩ
ᠣᠷᠴᠢᠭᠤᠯᠤᠭ᠍ᠴᠢ᠄




ᠰᠢᠭᠦᠮᠵᠢ ᠠᠯᠠᠭ᠎ᠠ ᠂ ᠬᠤᠷᠳᠤᠨ ᠨᠢᠭᠡᠳᠦᠭᠡᠷ ᠵᠤᠷᠪᠤᠰ ᠰᠢᠭᠦᠮᠵᠢ ᠨᠡᠢ᠌ᠲᠡᠯᠡᠭᠡᠷᠡᠢ᠃