ᠭᠣᠣᠯ ᠰᠡᠳᠦᠪᠲᠦ ᠮᠡᠳᠡᠭᠡᠯᠡᠯ > ᠶᠡᠷᠦᠩᠬᠡᠢ ᠱᠦᠵᠢ ᠠᠷᠠᠳ ᠲᠦᠮᠡᠨ ᠲᠠᠢ᠎ᠪᠠᠨ ᠬᠠᠮᠤᠭ᠎ᠤ᠋ᠨ ᠳᠣᠲᠣᠨᠣ

2022-04-16 20:44:40

ᠵᠣᠬᠢᠶᠠᠭ᠍ᠴᠢ᠄ ᠱᠢᠨᠬᠤᠸᠠ ᠬᠣᠷᠢᠶᠠᠨ᠎ᠤ ᠰᠤᠷᠪᠤᠯᠵᠢᠯᠠᠭ᠍ᠴᠢ ᠱᠢᠶᠧ ᠵᠢᠶᠠᠨ ᠸᠸᠨ ᠣᠩᠱᠢᠭ᠍ᠰᠠᠨ ᠣᠳᠠᠭ᠎ᠠ᠄ 3

2016 ᠣᠨ᠎ᠤ 7 ᠰᠠᠷ᠎ᠠ᠎ᠶ᠋ᠢᠨ 18᠎ᠤ᠋ ᠡᠳᠦᠷ᠂ ᠶᠡᠷᠦᠩᠬᠡᠢ ᠱᠦᠵᠢ ᠰᠢ ᠵᠢᠨ ᠫᠢᠩ ᠨᠢᠩᠱᠢᠶᠠ᠎ᠶ᠋ᠢᠨ ᠬᠣᠲᠣᠩ ᠦᠨᠳᠦᠰᠦᠲᠡᠨ᠎ᠦ ᠥᠪᠡᠷᠲᠡᠭᠡᠨ ᠵᠠᠰᠠᠬᠤ ᠣᠷᠣᠨ᠎ᠤ ᠰᠢᠵᠢ ᠬᠠᠢ ᠶᠤᠸᠠᠨ ᠭᠦ᠋ ᠶᠤᠸᠠᠨ ᠣᠷᠣᠨ᠎ᠳᠤ ᠱᠢᠨᠵᠢᠯᠡᠨ ᠪᠠᠢᠴᠠᠭᠠᠵᠤ᠂ ᠭᠦ᠋ ᠶᠤᠸᠠᠨ ᠬᠤᠳᠠ᠎ᠶ᠋ᠢᠨ ᠵᠢᠩ ᠶᠤᠸᠠᠨ ᠱᠢᠶᠠᠨ᠎ᠤ ᠳ᠋ᠠ ᠸᠠᠨ ᠱᠢᠶᠠᠩ᠎ᠤᠨ ᠶᠠᠩ ᠯᠢᠩ ᠲᠣᠰᠭᠣᠨ᠎ᠤ ᠬᠣᠲᠣᠩ ᠦᠨᠳᠦᠰᠦᠲᠡᠨ᠎ᠦ ᠠᠷᠠᠳ ᠮᠠ ᠺᠸ ᠵᠢᠶᠦ᠋ᠨ᠎ᠦ ᠭᠡᠷ᠎ᠲᠦ ᠬᠦᠷᠦᠭᠰᠡᠨ ᠶᠤᠮ᠃ ᠣᠢᠷ᠎ᠠ᠎ᠳᠤ ᠱᠢᠨᠬᠤᠸᠠ ᠬᠣᠷᠢᠶᠠᠨ᠎ᠤ ᠰᠤᠷᠪᠤᠯᠵᠢᠯᠠᠭ᠍ᠴᠢ ᠮᠠ ᠺᠧ ᠵᠢᠶᠦ᠋ᠨ᠎ᠢ ᠡᠷᠬᠢᠵᠦ ᠰᠤᠷᠪᠤᠯᠵᠢᠯᠠᠪᠠ᠃


ᠦᠵᠡᠭ᠌ᠳᠡᠯ᠎ᠢ ᠡᠷᠬᠢᠴᠡᠭᠦᠯᠬᠦᠢ


ᠲᠡᠷᠡ ᠡᠳᠦᠷ᠎ᠦᠨ ᠦᠳᠡ᠎ᠵᠢᠨ ᠬᠣᠢᠨ᠎ᠠ᠂ ᠯᠢᠦ ᠫᠠᠨ ᠱᠠᠨ ᠣᠷᠣᠨ᠎ᠳᠤ ᠶᠡᠬᠡ ᠪᠣᠷᠣᠭᠠᠨ ᠣᠷᠣᠪᠠ᠃ ᠶᠡᠷᠦᠩᠬᠡᠶ ᠱᠦᠵᠢ ᠪᠣᠷᠣᠭᠠᠨ᠎ᠤ ᠳᠤᠮᠳᠠᠭᠤᠷ ᠠᠭᠤᠯᠠᠨ ᠬᠣᠷᠮᠣᠶ᠎ᠳᠠᠬᠢ ᠮᠠ ᠺᠧ ᠵᠢᠶᠦ᠋ᠨ᠎ᠦ ᠬᠡᠷ᠎ᠲᠦ ᠣᠷᠣᠵᠤ᠂ ᠡᠩ ᠲᠡᠷᠢᠭᠦᠨ᠎ᠳᠦ ᠵᠢᠵᠢᠭ ᠬᠦᠷᠢᠶᠡᠨ ᠳᠤᠲᠤᠷᠠᠬᠢ ᠦᠬᠡᠷ᠎ᠦᠨ ᠰᠠᠷᠠᠪᠴᠢᠨ᠎ᠳᠤ ᠨᠢ ᠬᠦᠷᠴᠦ᠍᠂ ᠵᠢᠭᠡᠯᠡᠯᠭᠡ ᠪᠠ ᠠᠯᠠᠱᠢᠨ ᠦᠬᠡᠷ ᠬᠤᠳᠠᠯᠳᠤᠨ ᠰᠢᠢᠳᠪᠦᠷᠢᠯᠡᠬᠦ ᠪᠣᠷᠳᠣᠨ ᠲᠠᠷᠭᠤᠯᠠᠭᠤᠯᠬᠤ ᠵᠡᠷᠭᠡ ᠪᠠᠢᠳᠠᠯ᠎ᠢ ᠯᠠᠪᠯᠠᠨ ᠠᠰᠠᠭᠤᠵᠤ᠂ ᠮᠠ ᠺᠧ ᠵᠢᠶᠦ᠋ᠨ᠎ᠦ ᠣᠷᠣᠯᠭ᠎ᠠ ᠵᠠᠷᠤᠯᠭ᠎ᠠ᠎ᠶ᠋ᠢᠨ ᠲᠤᠬᠠᠢ ᠨᠠᠷᠢᠨ ᠲᠠᠩᠰᠠ᠎ᠶ᠋ᠢ ᠨᠢ ᠰᠣᠨᠣᠰᠪᠠ᠃

ᠳᠠᠷᠠᠭ᠎ᠠ᠎ᠨᠢ᠂ ᠶᠡᠷᠦᠩᠬᠡᠶ ᠱᠦᠵᠢ ᠮᠠ ᠺᠧ ᠵᠢᠶᠦ᠋ᠨ᠎ᠦ ᠭᠡᠷ᠎ᠤᠨ ᠬᠠᠨᠵᠤᠨ ᠳᠡᠭᠡᠷ᠎ᠡ ᠨᠢ ᠰᠠᠭᠤᠵᠤ᠂ ᠲᠣᠰᠭᠣᠨ᠎ᠤ ᠺᠠᠳ᠋ᠷ᠂ ᠨᠠᠮ᠎ᠤᠨ ᠭᠡᠱᠢᠭᠦᠨ᠎ᠦ ᠲᠥᠯᠥᠭᠡᠯᠡᠭ᠌ᠴᠢ᠂ ᠦᠬᠡᠷ ᠲᠡᠵᠢᠭᠡᠳᠡᠭ ᠲᠣᠮᠣ ᠡᠷᠦᠬᠡ ᠪᠣᠯᠤᠨ ᠶᠠᠳᠠᠭᠤ ᠬᠦᠴᠢᠷᠳᠡᠯᠲᠡᠶ ᠡᠷᠦᠬᠡ᠎ᠶ᠋ᠢᠨ ᠲᠥᠯᠥᠭᠡᠯᠡᠭ᠌ᠴᠢ ᠲᠠᠢ ᠵᠤᠭᠤᠭ ᠳᠡᠯᠭᠡᠵᠤ᠄《ᠰᠢᠵᠢ ᠬᠠᠢ ᠶᠤᠸᠠᠨ ᠭᠦ᠋ ᠶᠤᠸᠠᠨ ᠣᠷᠣᠨ ᠥᠩᠭᠡᠷᠡᠭ᠌ᠰᠡᠨ᠎ᠳᠦ 〈ᠳᠡᠯᠡᠬᠡᠶ᠎ᠳᠦ ᠬᠤᠤᠰ ᠥᠬᠡᠶ ᠲᠠᠴᠢᠷ ᠭᠠᠵᠠᠷ ᠪᠠᠢᠭ᠍ᠰᠠᠨ〉᠃ ᠡᠨᠡ ᠪᠣᠯ ᠮᠢᠨᠦ᠍ ᠭᠤᠷᠪᠠᠳᠠᠬᠢ ᠤᠳᠠᠭ᠎ᠠ ᠬᠥ᠋ ᠶᠤᠸᠠᠨ᠎ᠳᠤ ᠢᠷᠡᠵᠦ ᠪᠠᠢᠭ᠎ᠠ ᠶᠤᠮ᠃ ᠪᠢ ᠨᠡᠯᠢᠶᠡᠳ ᠬᠦᠴᠢᠷ ᠪᠡᠷᠬᠡᠱᠢᠶᠡᠯ᠎ᠲᠡᠶ ᠬᠥᠳᠡᠭᠡ ᠲᠣᠰᠭᠣᠨ᠎ᠳᠤ ᠲᠡᠬᠢᠨ ᠣᠴᠢᠵᠤ ᠦᠵᠡᠶ᠎ᠡ ᠭᠡᠵᠦ᠍ ᠳᠤᠷᠠᠳᠤᠭ᠍ᠰᠠᠨ ᠶᠤᠮ》 ᠭᠡᠪᠡ᠃

ᠲᠣᠰᠭᠣᠨ᠎ᠤ ᠠᠷᠠᠳ᠎ᠤᠨ ᠲᠥᠯᠥᠭᠡᠯᠡᠭ᠌ᠴᠢᠳ ᠲᠣᠰᠭᠣᠨ᠎ᠤ ᠡᠳᠡᠭᠡᠷ ᠵᠢᠯ᠎ᠦᠳ᠎ᠲᠦ ᠤᠰᠤ᠂ ᠴᠠᠬᠢᠯᠭᠠᠨ᠂ ᠵᠠᠰᠠᠮᠠᠯ ᠵᠠᠮ᠂ ᠠᠵᠤ ᠦᠢᠯᠡᠰ᠎ᠦᠨ ᠬᠥᠭ᠌ᠵᠢᠯᠲᠡ ᠵᠡᠷᠭᠡ ᠤᠯᠠᠨ ᠲᠠᠯ᠎ᠠ᠎ᠪᠠᠷ ᠢᠯᠡᠳᠲᠡ ᠬᠤᠪᠢᠷᠠᠯᠲᠠ ᠭᠠᠷᠴᠤ᠌᠂ ᠢᠯᠠᠩᠭᠤᠶ᠎ᠠ ᠶᠠᠳᠠᠭᠤ ᠬᠦᠴᠢᠷᠳᠡᠯᠲᠡᠢ ᠡᠷᠦᠬᠡ᠎ᠳᠦ ᠬᠥᠮᠦᠨ ᠪᠦᠷᠢ ᠳᠤᠮᠳᠠᠴᠢ᠎ᠪᠠᠷ ᠨᠢᠭᠡ ᠮᠦ᠍ ᠠᠮᠤ ᠪᠤᠳᠠᠭ᠎ᠠ᠂ ᠨᠢᠭᠡ ᠮᠦ᠍ ᠢᠳᠡᠰᠢᠨ ᠨᠣᠭᠣᠭ᠎ᠠ᠂ ᠨᠢᠭᠡ ᠲᠤᠯᠤᠭᠠᠢ ᠦᠬᠡᠷ᠎ᠦᠨ ᠬᠠᠪᠰᠤᠷᠤᠨ ᠲᠡᠳᠬᠦᠬᠦ᠌ ᠠᠷᠭ᠎ᠠ ᠬᠡᠮᠵᠢᠶ᠎ᠡ᠎ᠶ᠋ᠢ ᠬᠡᠷᠡᠭ᠌ᠵᠢᠭᠦᠯᠦᠭ᠌ᠰᠡᠨ᠎ᠡᠴᠡ ᠶᠠᠳᠠᠭᠤ ᠬᠦᠴᠢᠷᠳᠡᠯᠲᠡᠢ ᠡᠷᠦᠬᠡ᠎ᠶ᠋ᠢᠨ ᠣᠷᠣᠯᠭ᠎ᠠ ᠶᠠᠪᠤᠬᠤ ᠲᠤᠳᠤᠮ ᠪᠠᠲᠤᠯᠠᠭ᠎ᠠ᠎ᠲᠠᠶ ᠪᠣᠯᠵᠠᠢ ᠭᠡᠵᠦ᠍ ᠶᠠᠷᠢᠵᠠᠭᠠᠪᠠ᠃

ᠶᠡᠷᠦᠩᠬᠡᠢ ᠱᠦᠵᠢ ᠰᠢ ᠵᠢᠨ ᠫᠢᠩ ᠮᠠ ᠺᠸ ᠵᠢᠶᠦ᠋ᠨ᠎ᠦ ᠭᠠᠷ᠎ᠢ ᠠᠳᠭᠤᠵᠤ᠄ 《ᠴᠢᠨᠦ᠍ ᠨᠠᠰᠤ ᠨᠠᠳᠠ᠎ᠡᠴᠡ ᠪᠠᠭ᠎ᠠ᠂ ᠨᠠᠳᠠ᠎ᠳᠤ ᠳᠡᠭᠦᠦ ᠪᠤᠯᠤᠨ᠎ᠠ᠃ ᠴᠢ ᠪᠣᠯᠤᠨ ᠨᠤᠲᠤᠭ᠎ᠤᠨ ᠬᠥᠮᠦᠰ᠎ᠦᠨ ᠠᠮᠢᠳᠤᠷᠠᠯ ᠤᠯᠠᠮ᠎ᠡᠴᠡ ᠤᠯᠠᠮ ᠰᠠᠢᠨ ᠪᠣᠯᠤᠭ᠍ᠰᠠᠨ᠎ᠢ ᠦᠵᠡᠭᠡᠳ ᠪᠢ ᠮᠠᠰᠢ ᠎ᠪᠠᠶᠠᠷᠯᠠᠵᠤ ᠪᠠᠢᠨ᠎ᠠ》ᠭᠡᠪᠡ᠃ ᠶᠡᠷᠦᠩᠬᠡᠢ ᠱᠦᠵᠢ᠂ ᠰᠠᠢ᠌ᠨ ᠰᠠᠢᠬᠠᠨ ᠠᠮᠢᠳᠤᠷᠠᠯ᠎ᠢ ᠱᠢᠷᠭᠠᠭᠤ ᠬᠠᠲᠠᠭᠤᠵᠢᠯᠲᠠᠢ᠎ᠬᠥᠳᠡᠯᠮᠦᠷᠢ᠎ᠪᠡᠷ᠎ᠢᠶᠡᠨ᠎ᠪᠦᠳᠦᠬᠡᠳᠡᠭ ᠶᠤᠮ᠃ ᠠᠵᠤ ᠦᠢᠯᠡᠰ᠎ᠢ ᠬᠥᠭ᠌ᠵᠢᠭᠦᠯᠬᠦ᠌ ᠪᠣᠯ ᠶᠠᠳᠠᠭᠤ᠎ᠡᠴᠡ ᠠᠩᠭᠢᠵᠢᠷᠠᠭᠤᠯᠬᠤ᠎ᠶ᠋ᠢ ᠪᠡᠶᠡᠯᠡᠭᠦᠯᠬᠦ᠌ ᠦᠨᠳᠦᠰᠦᠨ ᠠᠷᠭ᠎ᠠ ᠪᠤᠳᠤᠯᠭ᠎ᠠ ᠮᠥᠨ᠃ ᠭᠠᠵᠠᠷ ᠣᠷᠣᠨ᠎ᠤ ᠪᠠᠢᠳᠠᠯ᠎ᠳᠠᠭᠠᠨ ᠲᠤᠬᠢᠷᠠᠭᠤᠯᠤᠨ᠂ ᠠᠵᠤ ᠦᠢᠯᠡᠰ᠎ᠢ ᠪᠣᠢᠵᠢᠭᠤᠯᠬᠤ᠎ᠪᠠᠷ ᠶᠠᠳᠠᠭᠤ᠎ᠡᠴᠡ ᠠᠩᠭᠢᠵᠢᠷᠠᠭᠤᠯᠬᠤ ᠪᠣᠭᠣᠮᠲᠠ ᠱᠢᠪᠲᠤᠯᠬᠤ᠎ᠶ᠋ᠢ ᠠᠬᠢᠭᠤᠯᠬᠤ ᠦᠨᠳᠦᠰᠦᠨ ᠭᠠᠷᠬᠤ ᠵᠠᠮ ᠪᠣᠯᠭᠠᠬᠤ ᠬᠡᠷᠡᠭ᠌ᠲᠡᠢ ᠭᠡᠵᠦ ᠵᠢᠭᠠᠵᠤ ᠭᠠᠷᠭᠠᠪᠠ᠃


ᠮᠠ ᠺᠧ ᠵᠢᠶᠦ᠋ᠨ᠎ᠦ ᠰᠡᠳᠭᠢᠯ᠎ᠦᠨ ᠳᠠᠭᠤᠨ


ᠲᠡᠷᠡ᠎ᠬᠦ 《 ᠳᠡᠭᠦᠦ ᠮᠢᠨᠢ 》 ᠭᠡᠰᠡᠨ ᠬᠠᠯᠠᠭᠤᠨ ᠳᠠᠭᠤᠳᠠᠯᠭ᠎ᠠ᠎ᠶ᠋ᠢ ᠪᠢ ᠨᠢᠭᠡ ᠨᠠᠰᠤ᠎ᠪᠠᠷ᠎ᠢᠶᠠᠨ ᠴᠡᠭᠡᠵᠢᠯᠡᠨ᠎ᠡ᠃

ᠪᠢ ᠶᠡᠷᠦᠨᠭᠬᠡᠢ ᠱᠦᠵᠢ᠎ᠶᠢᠨ ᠬᠡᠯᠡᠭᠰᠡᠨ 《ᠰᠠᠢᠨ ᠰᠠᠢᠬᠠᠨ ᠠᠮᠢᠳᠤᠷᠠᠯ᠎ᠢ ᠰᠢᠷᠭᠠᠭᠤ ᠬᠠᠲᠠᠭᠤᠵᠢᠯᠲᠠᠢ ᠬᠥᠳᠡᠯᠮᠦᠷᠢ᠎ᠪᠡᠷ᠎ᠢᠶᠡᠨ ᠪᠦᠳᠦᠬᠡᠳᠡᠭ ᠶᠤᠮ》 ᠭᠡᠳᠡᠭ ᠦᠬᠡ ᠵᠢ ᠨᠢ ᠨᠡᠩ ᠰᠠᠢᠨ ᠴᠡᠭᠡᠵᠢᠯᠡᠵᠦ ᠪᠠᠢᠨ᠎ᠠ᠃ ᠤᠴᠢᠷ᠎ᠨᠢ ᠮᠠᠨ᠎ᠤ ᠲᠣᠰᠭᠣᠨ᠎ᠤ ᠬᠥᠭ᠌ᠵᠢᠯᠲᠡ ᠡᠨᠡ ᠦᠭᠡ᠎ᠡᠴᠡ ᠰᠠᠯᠵᠤ ᠴᠢᠳᠠᠬᠤ ᠦᠭᠡᠢ!

ᠥᠩᠭᠡᠷᠡᠭ᠌ᠰᠡᠨ᠎ᠳᠦ᠂ ᠪᠢ ᠬᠥᠭ᠌ᠰᠢᠨ᠎ᠲᠡᠶ᠎ᠪᠡᠨ ᠬᠡᠳᠦᠬᠡᠨ ᠮᠦ᠍ ᠲᠠᠷᠢᠶᠠᠨ ᠭᠠᠵᠠᠷ᠎ᠢᠶᠡᠨ ᠰᠠᠬᠢᠵᠤ ᠭᠡᠳᠡᠰᠦ ᠴᠠᠳᠭᠤ᠎ᠵᠢ ᠯᠡ ᠪᠤᠳᠤᠵᠤ᠂ ᠠᠮᠢᠳᠤᠷᠠᠯ᠎ᠢᠶᠡᠨ ᠠᠷᠠᠢ ᠴᠢᠷᠠᠢ ᠠᠷᠭᠠᠴᠠᠭᠠᠵᠤ ᠪᠠᠢᠵᠠᠢ᠃ ᠤᠨᠢᠨ ᠳᠡᠭᠡᠷ᠎ᠡ ᠨᠢ ᠶᠠᠳᠠᠭᠤ᠎ᠶ᠋ᠢ ᠲᠡᠳᠬᠦᠭ᠌ᠰᠡᠨ᠎ᠦ ᠳᠠᠷᠠᠭ᠎ᠠ᠂ ᠤᠯᠤᠰ᠎ᠤᠨ ᠬᠠᠪᠰᠤᠷᠤᠯᠭ᠎ᠠ ᠳᠤᠤᠷ᠎ᠠ ᠪᠢᠳᠡ ᠦᠬᠡᠷ ᠲᠡᠵᠢᠭᠡᠵᠦ᠍᠂ ᠠᠮᠢᠳᠤᠷᠠᠯ ᠮᠢᠨᠢ ᠰᠠᠢᠵᠢᠷᠠᠪᠠ᠃ ᠡᠨᠡ ᠬᠡᠳᠦᠨ ᠵᠢᠯ᠂ ᠲᠣᠰᠭᠣᠨ᠎ᠳᠤ ᠲᠥᠪᠯᠡᠷᠡᠭᠦᠯᠦᠨ ᠲᠡᠵᠢᠭᠡᠨ ᠦᠷᠡᠵᠢᠭᠦᠯᠬᠦ᠌ ᠬᠦᠷᠢᠶᠡᠯᠡᠩ ᠎ᠢ ᠪᠠᠢᠭᠤᠯᠵᠤ᠂ ᠪᠢ ᠦᠬᠡᠷ᠎ᠢᠶᠡᠨ ᠳᠡᠨᠳᠡ ᠬᠦᠷᠭᠡᠭᠡᠨ《ᠨᠠᠢᠳᠠᠨ ᠬᠠᠮᠢᠶᠠᠷᠤᠭᠤᠯᠵᠤ》᠂ ᠵᠢᠯ ᠪᠦᠷᠢ ᠦᠨᠳᠦᠰᠦᠨ ᠠᠱᠢᠭ ᠣᠷᠣᠯᠭ᠎ᠠ᠎ᠶ᠋ᠢ ᠪᠠᠲᠤᠯᠠᠵᠤ ᠪᠠᠢᠨ᠎ᠠ᠃

ᠵᠥᠪ ᠵᠠᠮ᠎ᠢ ᠰᠤᠨᠭᠭᠤᠭᠰᠠᠨ᠎ᠡᠴᠡ ᠲᠣᠰᠭᠣᠨ᠎ᠤ ᠶᠠᠳᠠᠭᠤ᠎ᠡᠴᠡ ᠠᠩᠭᠢᠵᠢᠷᠠᠭ᠍ᠰᠠᠨ ᠪᠠᠢᠳᠠᠯ ᠳ᠋ᠤ ᠬᠤᠪᠢᠷᠠᠯᠲᠠ ᠭᠠᠷᠪᠠ!

ᠲᠣᠰᠭᠣᠨ ᠭᠤᠶᠤ ᠴᠡᠮᠴᠡᠭᠡᠷ ᠪᠣᠯᠵᠤ᠂ ᠴᠡᠪᠡᠷᠬᠡᠨ ᠴᠤ᠌ ᠪᠣᠯᠵᠠᠶ᠂ ᠵᠢᠭᠤᠯᠴᠢᠯᠠᠭᠰᠡᠳ ᠪᠠᠰᠠ ᠤᠯᠠᠨ ᠪᠣᠯᠵᠠᠶ᠃ ᠲᠣᠰᠭᠣᠨ᠎ᠳᠤ ᠪᠠᠰᠠ ᠵᠢᠭᠤᠯᠴᠢᠯᠠᠯ᠎ᠤᠨ ᠲᠤᠭᠤᠷᠢᠭᠰᠠᠨ ᠱᠤᠭᠤᠮ᠎ᠢ ᠵᠠᠰᠠᠵᠤ᠂ 《ᠥᠨᠭᠭᠡᠲᠦ ᠴᠡᠴᠡᠭ》 ᠲᠠᠷᠢᠵᠤ᠂ ᠮᠠᠰᠢ ᠤᠯᠠᠨ ᠬᠥᠮᠦᠨ ᠲᠠᠷᠢᠶᠠᠴᠢᠨ ᠠᠢᠯ᠎ᠤᠨ ᠵᠢᠭᠤᠯᠴᠢᠯᠠᠯ᠎ᠤᠨ ᠦᠢᠯᠡᠰ ᠡᠷᠬᠢᠯᠡᠵᠠᠢ᠃

ᠠᠮᠢᠳᠤᠷᠠᠯ ᠳ᠋ᠤ ᠡᠢᠮᠦ᠍ ᠶᠡᠬᠡ ᠬᠤᠪᠢᠷᠠᠯᠲᠠ ᠭᠠᠷᠤᠭᠰᠠᠨ᠎ᠳᠤ ᠮᠠ ᠺᠧ ᠵᠢᠶᠦ᠋ᠨ ᠮᠢᠨᠦ᠎ᠪᠤᠳᠤᠯ ᠰᠡᠳᠭᠢᠯ ᠴᠤ᠌ ᠰᠢᠨᠡᠳᠦᠨ ᠬᠤᠪᠢᠷᠠᠯ᠎ᠠ᠃ ᠡᠮᠦᠨ᠎ᠡ ᠬᠡᠳᠦᠨ ᠵᠢᠯ᠂ ᠱᠢᠶᠠᠨ᠎ᠡᠴᠡ ᠣᠯᠠᠨ ᠲᠦᠮᠡᠨ᠎ᠢ ᠵᠣᠬᠢᠶᠠᠨ ᠪᠠᠢᠭᠤᠯᠵᠤ ᠬᠠᠮᠲᠤ᠎ᠪᠠᠷ ᠲᠣᠭᠣᠷᠢᠨ ᠦᠵᠡᠵᠦ᠍ ᠰᠤᠷᠤᠯᠴᠠᠬᠤ ᠲᠣᠬᠢᠶᠠᠯ ᠳᠠᠭᠠᠷᠠᠵᠤ᠂ ᠪᠢ ᠠᠨᠭᠬ᠎ᠠ ᠤᠳᠠᠭ᠎ᠠ ᠬᠣᠯᠠ ᠶᠠᠪᠤᠵᠤ ᠹᠦᠵᠢᠶᠠᠨ᠎ᠳᠤ ᠣᠴᠢᠵᠦ᠂ ᠨᠢᠭᠡ ᠯᠡ ᠳᠣᠣᠷ᠎ᠠ ᠨᠢᠳᠦ ᠨᠡᠭᠡᠭᠡᠭ᠌ᠳᠡᠵᠡᠢ! ᠹᠦᠵᠢᠶᠠᠨ᠎ᠤ ᠬᠥᠮᠦᠰ ᠴᠠᠶ ᠳᠠᠷᠢᠬᠤ᠂ ᠴᠠᠶ ᠬᠤᠳᠠᠯᠳᠤᠬᠤ᠎ᠳᠠᠭᠠᠨ ᠴᠢᠳᠠᠮᠠᠭᠠᠢ᠂ ᠭᠠᠵᠠᠷ ᠪᠤᠯᠭᠠᠨ ᠳ᠋ᠤ ᠴᠠᠶ᠎ᠶ᠋ᠢᠨ ᠮᠤᠬᠤᠯᠠᠭ᠎ᠨᠡᠭᠡᠭᠡᠵᠤ ᠪᠤᠢ᠂ ᠪᠢ ᠲᠤᠬᠠᠶ᠎ᠶ᠋ᠢᠨ ᠦᠶ᠎ᠡ᠎ᠳᠦ ᠮᠠᠨ᠎ᠤ ᠡᠨᠡ ᠭᠦᠨ ᠠᠭᠤᠯᠠᠨ᠎ᠳᠤ ᠪᠠᠰᠠ ᠨᠢᠭᠡ ᠴᠠᠢ ᠵᠢᠨ ᠮᠤᠬᠤᠯᠠᠭ᠎ᠢ ᠨᠡᠭᠡᠭᠡᠵᠦ ᠪᠤᠯᠳᠠᠭ ᠪᠤᠯ ᠦᠦ ? ᠭᠡᠮᠡᠨ ᠪᠤᠳᠤᠯ᠎ᠠ᠃

ᠲᠡᠭᠡᠬᠡᠳ ᠬᠠᠷᠢᠵᠤ ᠢᠷᠡᠭᠡᠳ ᠳᠡᠮᠡᠢ ᠤᠳᠠᠭ᠍ᠰᠠᠨ ᠦᠭᠡᠢ᠂ ᠪᠢ ᠦᠬᠡᠷ᠎ᠦᠨ ᠰᠠᠷᠠᠪᠴᠢ᠎ᠪᠠᠨ ᠴᠠᠢ᠎ᠶ᠋ᠢᠨ ᠮᠤᠬᠤᠯᠠᠭ ᠪᠣᠯᠭᠠᠨ ᠥᠭᠡᠷᠡᠴᠢᠯᠡᠵᠦ᠍᠂ ᠳᠠᠭᠠᠤ᠎ᠳᠤᠨᠢ ᠪᠠᠰᠠ ᠮᠤᠰᠭᠢᠮᠠᠯ ᠪᠣᠣᠪᠣ᠂ ᠰᠠᠮ ᠪᠣᠭᠣᠷᠰᠣᠭ᠂ ᠨᠠᠢ᠍ᠮᠠᠨ ᠡᠷᠳᠡᠨᠢ᠎ᠶ᠋ᠢᠨ ᠴᠠᠢ᠂ ᠪᠠᠯ ᠵᠡᠷᠭᠡ ᠨᠤᠲᠤᠭ᠎ᠤᠨ ᠭᠠᠷᠤᠯᠲᠠ᠎ᠪᠠᠨ ᠬᠤᠳᠠᠯᠳᠤᠪᠠ᠃ ᠬᠣᠯᠠ᠎ᠶ᠋ᠢᠨ ᠵᠣᠴᠢᠳ ᠮᠢᠨᠦ᠍ ᠡᠨᠳᠡ ᠢᠷᠡᠭᠡᠳ ᠠᠮᠠᠷᠠᠵᠤ᠂ ᠨᠢᠭᠡ ᠠᠶᠠᠭ᠎ᠠ ᠬᠠᠯᠠᠭᠤᠨ ᠴᠠᠢ ᠤᠤᠭᠤᠪᠠᠯ᠂ ᠪᠢ ᠪᠠᠰᠠ ᠵᠢᠭᠠᠬᠠᠨ ᠣᠷᠣᠯᠭ᠎ᠠ ᠣᠯᠴᠢᠬᠠᠨ᠎ᠠ᠂ ᠭᠡᠨ ᠠᠯᠢᠨ᠎ᠳᠠᠭᠠᠨ ᠴᠦᠮ ᠠᠰᠢᠭᠲᠠᠢ᠃

ᠶᠠᠳᠠᠭᠤ᠎ᠡᠴᠡ ᠠᠩᠭᠢᠵᠢᠷᠠᠭᠰᠠᠨ ᠵᠢᠱ᠌ᠢᠶ᠎ᠡ ᠦᠵᠡᠭᠦᠯᠬᠦ᠌ ᠡᠷᠦᠬᠡ ᠪᠣᠯᠤᠭ᠍ᠰᠠᠨ᠎ᠤ ᠬᠤᠪᠢ᠎ᠳᠤ᠂ ᠪᠢ ᠪᠠᠰᠠ ᠲᠣᠰᠭᠣᠨ᠎ᠤ ᠲᠡᠦᠬᠡ᠎ᠶ᠋ᠢᠨ ᠣᠷᠳᠣᠨ᠎ᠤ ᠬᠠᠮᠢᠶᠠᠷᠤᠭ᠍ᠴᠢ ᠪᠣᠯᠵᠠᠶ᠃ ᠵᠢᠭᠤᠯᠴᠢᠯᠠᠭ᠍ᠰᠠᠳ ᠢᠷᠡᠬᠦ᠌ ᠪᠦᠷᠢ ᠪᠢ ᠲᠡᠳᠡ ᠨᠡᠷ ᠲᠤ᠌ ᠬᠤᠶᠠᠷ ᠦᠯᠢᠬᠡᠷ ᠶᠠᠷᠢᠵᠤ ᠦᠭᠳᠡᠭ᠂ ᠨᠢᠭᠡ ᠨᠢ ᠶᠡᠷᠦᠩᠬᠡᠢ ᠱᠦᠵᠢ ᠲᠣᠰᠭᠣᠨ᠎ᠳᠤ ᠱᠢᠨᠵᠢᠯᠡᠨ ᠪᠠᠢᠴᠠᠭᠠᠬᠤ᠎ᠪᠠᠷ ᠢᠷᠡᠭ᠌ᠰᠡᠨ ᠦᠯᠢᠬᠡᠷ᠂ ᠨᠦᠬᠦᠬᠡ ᠨᠢᠬᠡ ᠨᠢ ᠨᠤᠲᠤᠭ᠎ᠤᠨ ᠠᠬ᠎ᠠ ᠳᠡᠭᠦᠦ᠍᠎ᠨᠡᠷ᠎ᠦᠨ ᠶᠠᠳᠠᠭᠤ᠎ᠡᠴᠡ ᠠᠩᠭᠢᠵᠢᠷᠠᠵᠤ ᠪᠠᠶᠠᠵᠢᠭ᠍ᠰᠠᠨ ᠦᠯᠢᠬᠡᠷ ᠪᠣᠯᠤᠨ᠎ᠠ᠃ ᠪᠢ ᠡᠳᠡᠭᠡᠷ ᠬᠤᠪᠢᠷᠠᠯᠲᠠ᠎ᠶ᠋ᠢ ᠪᠡᠶ᠎ᠡ᠎ᠪᠡᠷ᠎ᠢᠶᠡᠨ ᠥᠩᠭᠡᠷᠡᠭᠦᠯᠦᠯ᠎ᠡ᠂ ᠨᠡᠩ ᠤᠯᠠᠨ ᠬᠥᠮᠦᠰ᠎ᠲᠤ᠌ ᠶᠠᠷᠢᠵᠤ ᠥᠭ᠌ᠬᠦ᠎ᠶ᠋ᠢ ᠦᠨᠡᠬᠡᠷ ᠬᠦᠰᠡᠵᠦ᠍ ᠪᠠᠢᠨ᠎ᠠ᠃

( ᠰᠢᠨᠬᠤᠸᠠ ᠬᠤᠷᠢᠶᠠᠨ᠎ᠤ ᠢᠷᠭᠠᠢ ᠵᠢᠨ 4 ᠰᠠᠷ᠎ᠠ᠎ᠵᠢᠨ 15᠎ᠤ᠋ ᠴᠠᠬᠢᠯᠭᠠᠨ ᠮᠡᠳᠡᠭᠡ )

  • ᠨᠠᠢᠷᠠᠭᠤᠯᠤᠭ᠍ᠴᠢ᠄

  • ᠨᠡᠪᠲᠡᠷᠡᠭᠦᠯᠦᠭᠴᠢ᠄

  • ᠮᠡᠷᠭᠡᠵᠢᠯ᠄

ᠨᠠᠢᠷᠠᠭᠤᠯᠤᠭ᠍ᠴᠢ᠄ ᠪᠣᠣ ᠮᠧᠢ ᠷᠥᠩ

ᠣᠷᠴᠢᠭᠤᠯᠤᠭ᠍ᠴᠢ᠄

ᠢᠷᠡᠯᠲᠡ᠄ ᠳᠤᠮᠳᠠᠳᠤ ᠤᠯᠤᠰ᠎ᠤ᠋ᠨ ᠮᠣᠩᠭᠣᠯ ᠬᠡᠯᠡᠨ᠎ᠦ᠌ ᠰᠣᠨᠢᠨ ᠮᠡᠳᠡᠭᠡ᠎ᠶ᠋ᠢᠨ ᠰᠦᠯᠵᠢᠶ᠎ᠡ
兼容浏览器的HTML页面