ᠭᠣᠣᠯ ᠰᠡᠳᠦᠪᠲᠦ ᠮᠡᠳᠡᠭᠡᠯᠡᠯ > ᠶᠡᠷᠦᠩᠬᠡᠢ ᠱᠦᠵᠢ ᠠᠷᠠᠳ ᠲᠦᠮᠡᠨ ᠲᠠᠢ᠎ᠪᠠᠨ ᠬᠠᠮᠤᠭ᠎ᠤ᠋ᠨ ᠳᠣᠲᠣᠨᠣ

2022-04-15 09:49:15

ᠵᠣᠬᠢᠶᠠᠭ᠍ᠴᠢ᠄ ᠯᠢᠨ ᠪᠢ ᠹᠸᠩ ᠴᠧᠨ ᠳ᠋ᠦᠩ ᠱᠤ᠌ ᠣᠩᠱᠢᠭ᠍ᠰᠠᠨ ᠣᠳᠠᠭ᠎ᠠ᠄ 3

ᠶᠡᠷᠦᠩᠬᠡᠢ ᠱᠦᠵᠢ ᠰᠢ ᠵᠢᠨ ᠫᠢᠩ 2015 ᠣᠨ᠎ᠤ 1 ᠰᠠᠷ᠎ᠠ᠎ᠶ᠋ᠢᠨ 19᠎ᠤ᠋ ᠡᠳᠦᠷ ᠶᠦᠨᠨᠠᠨ ᠮᠤᠵᠢ᠎ᠶ᠋ᠢᠨ ᠯᠦ᠍ ᠳ᠋ᠢᠶᠠᠨ ᠱᠢᠶᠠᠨ᠎ᠤ ᠯᠦᠩ ᠳᠧᠦ ᠱᠠᠨ ᠪᠠᠯᠭᠠᠰᠤᠨ᠎ᠤ ᠭᠠᠨ ᠵᠢᠶᠠ ᠵᠠᠢ᠎ᠶ᠋ᠢᠨ ᠭᠠᠵᠠᠷ ᠬᠥᠳᠡᠯᠦᠯᠲᠡ᠎ᠳᠦ ᠭᠠᠮᠱᠢᠭ᠍ᠳᠠᠭ᠍ᠰᠠᠨ ᠤᠯᠠᠨ ᠲᠦᠮᠡᠨ᠎ᠢ ᠣᠨᠳᠣᠣ ᠭᠠᠵᠠᠷ᠎ᠲᠤ ᠨᠡᠬᠦᠯᠬᠡᠨ ᠲᠥᠪᠬᠢᠨᠡᠭᠦᠯᠬᠦ᠌ ᠴᠡᠭ᠎ᠲᠦ ᠱᠢᠨᠵᠢᠯᠡᠨ ᠪᠠᠢᠴᠠᠭᠠᠵᠤ᠂ ᠭᠠᠮᠱᠢᠭ᠍ᠳᠠᠭ᠍ᠰᠠᠨ ᠠᠷᠠᠳ ᠽᠸᠤ ᠲᠢ ᠹᠦ᠋ ᠪᠣᠯᠤᠨ ᠭᠠᠨ ᠵᠧᠩ ᠹᠸᠨ ᠬᠤᠶᠠᠷ ᠨᠠᠰᠤᠲᠠᠨ᠎ᠤ ᠰᠠᠭᠤᠵᠤ ᠪᠠᠢᠭ᠎ᠠ ᠮᠠᠢᠬᠠᠨ᠎ᠳᠤ ᠬᠦᠷᠪᠡ᠃ ᠣᠢᠷ᠎ᠠ᠎ᠳᠤ ᠱᠢᠨᠬᠤᠸᠠ ᠬᠣᠷᠢᠶᠠᠨ᠎ᠤ ᠰᠤᠷᠪᠤᠯᠵᠢᠯᠠᠭ᠍ᠴᠢ ᠭᠠᠨ ᠵᠧᠩ ᠹᠧᠨ᠎ᠢ ᠡᠷᠬᠢᠵᠦ ᠰᠤᠷᠪᠤᠯᠵᠢᠯᠠᠪᠠ᠃

ᠦᠵᠡᠭ᠌ᠳᠡᠯ᠎ᠢ ᠡᠷᠬᠢᠴᠡᠭᠦᠯᠬᠦᠢ

ᠶᠡᠷᠦᠩᠬᠡᠢ ᠱᠦᠵᠢ ᠰᠢ ᠵᠢᠨ ᠫᠢᠩ᠎ᠦᠨ ᠢᠷᠡᠭ᠌ᠰᠡᠨ ᠲᠡᠷᠡ ᠡᠳᠦᠷ ᠪᠣᠯ ᠶᠠᠭ ᠦᠳᠡ ᠵᠢᠨ ᠦᠶ᠎ᠡ ᠪᠠᠢᠵᠠᠢ᠃ ᠭᠠᠨ ᠵᠧᠩ ᠹᠸᠨ᠎ᠤ ᠮᠠᠢᠬᠠᠨ᠎ᠤ ᠡᠮᠦᠨ᠎ᠡ᠂ ᠶᠡᠷᠦᠩᠬᠡᠢ ᠱᠦᠵᠢ ᠭᠠᠨ ᠵᠧᠩ ᠹᠸᠨ ᠪᠣᠯᠤᠨ ᠲᠡᠭᠦᠨ᠎ᠦ ᠡᠷ᠎ᠡ ᠨᠦᠬᠦᠷ᠎ᠦᠨ ᠭᠠᠷ᠎ᠢ ᠠᠳᠭᠤᠵᠤ᠂ ᠲᠡᠳᠡᠨ᠎ᠦ ᠠᠮᠤᠷ᠎ᠢ ᠠᠰᠠᠭᠤᠵᠤ᠂ ᠲᠠᠷᠠᠭ᠎ᠠ ᠨᠢ ᠮᠠᠢᠬᠠᠨ᠎ᠳᠤ ᠣᠷᠣᠵᠤ᠂ ᠲᠡᠳᠡᠨ ᠲᠠᠢ ᠬᠠᠮᠲᠤ ᠣᠷᠣ ᠳᠡᠭᠡᠷ᠎ᠡ ᠰᠠᠭᠤᠵᠤ ᠪᠠᠢᠳᠠᠯ᠎ᠢ ᠨᠢ ᠠᠰᠠᠭᠤᠪᠠ᠃ ᠭᠠᠨ ᠵᠧᠩ ᠹᠸᠨ᠎ᠤ ᠡᠷ᠎ᠡ ᠨᠦᠬᠦᠷ᠎ᠤᠨ ᠭᠠᠷ ᠨᠢ ᠱᠢᠷᠬ᠎ᠠ᠎ᠲᠠᠶ ᠪᠠᠢᠪᠠ᠂ ᠶᠡᠷᠦᠩᠬᠡᠢ ᠱᠦᠵᠢ ᠰᠢ ᠵᠢᠨ ᠫᠢᠩ ᠲᠡᠭᠦᠨ᠎ᠦ ᠠᠳᠬᠤᠭᠠᠯ᠎ᠢ ᠬᠥᠩᠭᠡᠬᠡᠨ ᠲᠦᠱᠢᠵᠤ ᠪᠠᠢᠪᠠ᠃

ᠬᠣᠭᠣᠯᠠ ᠢᠳᠡᠬᠦ᠌᠂ ᠨᠥᠬᠥᠪᠥᠷᠢ ᠮᠦᠨᠭᠬᠦ᠎ᠡᠴᠡ ᠠᠪᠤᠭᠠᠳ ᠣᠷᠣᠯᠭ᠎ᠠ ᠬᠦᠷᠳᠡᠯ᠎ᠡ᠂ ᠶᠡᠷᠦᠩᠬᠡᠢ ᠱᠦᠵᠢ ᠮᠠᠰᠢ ᠨᠠᠷᠢᠨ ᠠᠰᠠᠭᠤᠪᠠ᠃ ᠨᠢᠭᠡ ᠲᠠᠯ᠎ᠠ᠎ᠪᠠᠷ ᠦᠭᠡ ᠶᠠᠷᠢᠵᠤ᠂ ᠨᠥᠭᠥᠭᠡ ᠲᠠᠯ᠎ᠠ᠎ᠪᠠᠷ ᠬᠥᠪᠥᠩ ᠬᠥᠨᠵᠢᠯᠡ᠎ᠵᠢ ᠨᠢ ᠲᠡᠮᠲᠡᠷᠢᠵᠦ᠍ ᠦᠵᠡᠬᠡᠳ᠂《ᠳᠤᠯᠠᠭᠠᠨ ᠪᠠᠢᠬᠤ ᠡᠰᠡᠬᠦ》 ᠵᠢ ᠠᠰᠠᠭᠤᠪᠠ᠃

ᠬᠣᠶᠠᠷ ᠨᠠᠰᠤᠲᠠᠨ᠎ᠲᠠᠶ ᠰᠠᠯᠬᠤ ᠶᠣᠰᠣ ᠬᠢᠬᠦ᠌ ᠦᠶ᠎ᠡ᠎ᠳᠦ᠂ ᠶᠡᠷᠦᠩᠬᠡᠢ ᠱᠦᠵᠢ ᠰᠢ ᠵᠢᠨ ᠫᠢᠩ 《ᠬᠣᠢᠱᠢᠳᠠ᠎ᠶ᠋ᠢᠨ ᠰᠠᠢ᠌ᠨ ᠰᠠᠢᠬᠠᠨ ᠠᠮᠢᠳᠤᠷᠠᠯ᠎ᠳ᠋ᠠᠭᠠᠨ ᠢᠲᠡᠭᠡᠯ ᠲᠡᠭᠦᠯᠳᠡᠷ ᠪᠠᠢᠬᠤ ᠬᠡᠷᠡᠭ᠌ᠲᠡᠢ》 ᠭᠡᠵᠦ᠍ ᠵᠠᠬᠢᠪᠠ᠃

ᠭᠠᠨ ᠵᠧᠩ ᠹᠧᠨ᠎ᠦ ᠰᠡᠳᠭᠢᠯ᠎ᠦᠨ ᠳᠠᠭᠤᠨ

ᠭᠠᠵᠠᠷ ᠬᠥᠳᠡᠯᠬᠦ᠌ ᠦᠶ᠎ᠠ᠎ᠳᠤ᠂ ᠪᠢ ᠶᠠᠭ ᠠᠭᠤᠯᠠᠨ ᠳᠡᠭᠡᠷ᠎ᠡ ᠶᠠᠷᠮ᠎ᠠ ᠲᠡᠭᠦᠵᠦ᠍ ᠪᠠᠢᠵᠠᠢ᠂ ᠨᠢᠭᠡ ᠯᠡ ᠳᠣᠣᠷ᠎ᠠ ᠠᠭᠤᠯᠠᠨ ᠳᠣᠣᠷᠠᠬᠢ ᠭᠣᠣᠯ᠎ᠤᠨ ᠬᠥᠨᠳᠡᠢ᠎ᠳᠦ ᠭᠤᠯᠭᠤᠨ ᠬᠦᠷᠴᠦ᠍᠂ ᠴᠢᠯᠠᠭᠤ ᠪᠣᠯᠤᠨ ᠰᠢᠪᠠᠷ ᠱᠢᠷᠣᠢ᠎ᠳᠤ ᠴᠡᠭᠡᠵᠢ ᠬᠦᠷᠲᠡᠯ᠎ᠡ ᠪᠤᠯᠠᠭ᠍ᠳᠠᠪᠠ᠃ ᠠᠵᠠ᠎ᠪᠠᠷ ᠪᠢ ᠠᠪᠤᠷᠠᠭ᠍ᠳᠠᠨ ᠭᠠᠷᠴᠤ᠌ ᠢᠷᠡᠪᠡ᠂ ᠭᠡᠲᠡᠯ᠎ᠡ ᠭᠡᠷ ᠪᠠᠢᠰᠢᠩ ᠮᠢᠨᠢ ᠨᠤᠷᠠᠪᠠ᠂ ᠶᠠᠭᠤ ᠴᠤ᠌ ᠦᠭᠡᠢ ᠪᠣᠯᠵᠠᠶ᠃ ᠵᠠᠰᠠᠭ᠎ᠤᠨ ᠣᠷᠳᠣᠨ᠎ᠡᠴᠡ ᠪᠢᠳᠡᠨ᠎ᠢ ᠲᠦᠷ ᠴᠠᠭ᠎ᠤᠨ ᠪᠤᠰᠬᠠᠬᠰᠠᠨ ᠮᠠᠢᠬᠠᠨ᠎ᠳᠤ ᠰᠠᠭᠤᠯᠭᠠᠬᠤ᠎ᠪᠠᠷ ᠲᠣᠬᠢᠷᠠᠭᠤᠯᠵᠤ᠂ ᠪᠢᠳᠡᠨ᠎ᠳᠦ ᠬᠥᠪᠥᠩ ᠬᠥᠨᠵᠢᠯᠡ ᠪᠣᠯᠤᠨ ᠴᠠᠬᠢᠯᠭᠠᠨ᠎ᠢᠶᠡᠷ ᠲᠤᠯᠠᠭᠠᠯᠠᠬᠤ ᠲᠡᠩᠰᠠ ᠠᠪᠴᠢᠷᠠᠵᠤ ᠥᠭ᠌ᠴᠡᠢ᠃

ᠲᠡᠷᠡ ᠡᠳᠦᠷ᠂ ᠶᠡᠷᠦᠩᠬᠡᠶ ᠱᠦᠵᠢ ᠵᠠᠯᠭᠠᠭ᠎ᠠ᠎ᠪᠠᠷ 5 ᠮᠠᠢᠬᠠᠨ᠎ᠳᠤ ᠣᠷᠣᠵᠤ ᠣᠯᠠᠨ ᠎ᠢ ᠪᠣᠯᠭᠣᠭᠠᠨ ᠦᠵᠡᠪᠡ᠂ ᠮᠠᠨ᠎ᠤ ᠬᠡᠷ ᠪᠣᠯ ᠬᠣᠶᠠᠳᠤᠭᠠᠷ ᠡᠷᠦᠬᠡ ᠪᠣᠯᠤᠨ᠎ᠠ᠃ ᠦᠨᠭᠭᠡᠷᠡᠭᠰᠡᠨ ᠎ᠳᠤ ᠵᠥᠪᠬᠡᠨ ᠲᠧᠯᠸᠢᠰ ᠳᠡᠭᠡᠷ᠎ᠡ ᠡᠴᠡ ᠶᠡᠷᠦᠩᠬᠡᠶ ᠱᠦᠵᠢ᠎ᠶ᠋ᠢ ᠦᠵᠡᠵᠦ᠍ ᠥᠩᠭᠡᠷᠡᠭᠰᠡᠨ ᠶᠤᠮ᠂ ᠲᠡᠷᠡ ᠡᠢᠮᠦ᠍ ᠬᠣᠯᠠ ᠪᠢᠳᠡᠨ᠎ᠢ ᠦᠵᠡᠬᠦ᠌᠎ᠪᠡᠷ ᠢᠷᠡᠨ᠎ᠡ ᠭᠡᠵᠦ᠍ ᠦᠨᠡᠬᠡᠷ ᠪᠣᠳᠣᠵᠤ ᠤᠯᠤᠬᠰᠠᠨ ᠦᠭᠡᠢ᠃ ᠮᠠᠢᠬᠠᠨ ᠮᠠᠰᠢ ᠪᠠᠭ᠎ᠠ᠂ ᠶᠡᠷᠦᠩᠬᠡᠶ ᠱᠦᠵᠢ ᠪᠢᠳᠡ ᠬᠣᠶᠠᠷ᠎ᠤᠨ ᠳᠤᠮᠳᠠ ᠰᠠᠭᠤᠵᠤ᠂ ᠪᠠᠰᠠ ᠮᠢᠨᠦ ᠡᠷ᠎ᠡ ᠨᠦᠬᠦᠷ᠎ᠤᠨ ᠰᠢᠷᠬ᠎ᠠ ᠲᠠᠢ ᠠᠳᠬᠤᠭᠠᠯ᠎ᠢ ᠬᠦᠩᠬᠡᠬᠡᠨ ᠲᠦᠰᠢᠵᠤ ᠪᠠᠢᠪᠠ᠃

ᠲᠡᠷᠡ ᠦᠶ᠎ᠡ᠎ᠳᠤ ᠪᠢ ᠭᠠᠵᠠᠷ ᠬᠥᠳᠡᠯᠦᠯᠲᠡ᠎ᠶ᠋ᠢᠨ ᠤᠴᠢᠷ᠎ᠢ ᠪᠣᠳᠤᠪᠠ ᠭᠡᠭᠰᠠᠭᠡᠷ ᠵᠣᠪᠠᠨ᠎ᠠ᠂ ᠲᠡᠭᠡᠭᠡᠳ ᠪᠠᠷᠤᠭ 20 ᠵᠢᠩ ᠲᠤᠷᠠᠵᠠᠢ᠃ ᠶᠡᠷᠦᠩᠬᠡᠶ ᠱᠦᠵᠢ᠎ᠶ᠋ᠢᠨ ᠠᠰᠠᠭᠤᠭ᠍ᠰᠠᠨ ᠨᠢ ᠪᠦᠷ ᠪᠢᠳᠡᠨ᠎ᠦ ᠬᠦᠴᠢᠷᠳᠡᠯ᠂ ᠦᠭᠡ ᠪᠣᠯᠭᠠᠨ ᠨᠢ ᠮᠢᠨᠦ᠍ ᠰᠡᠳᠭᠢᠯ᠎ᠳᠦ ᠬᠦᠷᠲᠡᠯ᠎ᠡ ᠶᠠᠷᠢᠵᠤ᠂ ᠮᠠᠰᠢ ᠬᠠᠯᠠᠭᠤᠬᠠᠨ ᠳᠤᠯᠠᠭᠠᠨ ᠰᠠᠨᠠᠬᠳᠠᠬᠰᠠᠨ ᠶᠤᠮ᠃ ᠶᠡᠷᠦᠩᠬᠡᠶ ᠱᠦᠵᠢ ᠮᠠᠨ᠎ᠤ ᠰᠠᠭᠤᠭ᠎ᠠ ᠮᠠᠢᠬᠠᠨ᠎ᠡᠴᠡ ᠠᠶᠠᠷᠯᠠᠨ ᠰᠠᠯᠬᠤ ᠦᠶ᠎ᠡ᠎ᠳᠤ᠂ ᠮᠢᠨᠦ᠍ ᠨᠢᠯᠪᠤᠰᠤ ᠦᠪᠡᠷ᠎ᠤᠨ ᠡᠷᠬᠡ ᠦᠬᠡᠢ ᠪᠦᠮᠪᠦᠷᠢᠪᠡ᠃ ᠮᠢᠨᠦ᠍ ᠰᠡᠳᠬᠢᠯ ᠳ᠋ᠤ᠄ ᠶᠡᠷᠦᠩᠬᠡᠶ ᠱᠦᠵᠢ ᠢᠷᠡᠪᠡ᠂ ᠪᠢᠳᠡ ᠦᠨᠡᠬᠡᠷ ᠲᠦᠱᠢᠭ ᠲᠤᠯᠭᠠᠭᠤᠷᠢ᠎ᠲᠠᠶ ᠪᠣᠯᠵᠠᠶ! ᠬᠡᠵᠤ ᠪᠤᠳᠤᠬᠳᠠᠬᠰᠠᠨ ᠪᠢᠯᠠ᠃

ᠰᠡᠭᠦᠯᠡᠷ ᠨᠢ ᠮᠠᠨ᠎ᠤ ᠭᠠᠮᠱᠢᠭ᠍ᠳᠠᠭ᠍ᠰᠠᠨ ᠡᠷᠦᠬᠡ ᠨᠢᠭᠡᠪᠦᠷᠢ ᠴᠥᠮ ᠵᠣᠬᠢᠰᠳᠡᠢ ᠨᠥᠬᠥᠪᠥᠷᠢ ᠣᠯᠤᠭ᠍ᠰᠠᠨ ᠪᠥᠭᠡᠳ ᠪᠠᠰᠠ ᠵᠢᠭᠡᠯᠡᠯᠭᠡ᠎ᠶ᠋ᠢᠨ ᠳᠡᠮᠵᠢᠯᠭᠡ᠎ᠲᠡᠶ ᠪᠣᠯᠵᠠᠶ᠃ ᠬᠡᠳᠦᠬᠡᠨ ᠰᠠᠷ᠎ᠠ᠎ᠶ᠋ᠢᠨ ᠳᠠᠷᠠᠭ᠎ᠠ᠂ 80 ᠭᠠᠷᠤᠶ ᠡᠷᠦᠬᠡ ᠱᠢᠨ᠎ᠡ ᠪᠠᠷᠢᠭ᠍ᠰᠠᠨ ᠵᠢᠵᠢᠭ ᠴᠠᠭᠠᠨ ᠠᠰᠠᠷ᠎ᠲᠤ ᠨᠡᠭᠦᠵᠦ᠍ ᠣᠷᠣᠬᠰᠠᠨ ᠶᠤᠮ᠃ ᠮᠢᠨᠦ᠍ ᠡᠷ᠎ᠡ ᠨᠦᠬᠦᠷ ᠶᠡᠷᠦᠩᠬᠡᠶ ᠱᠦᠵᠢ᠎ᠶ᠋ᠢᠨ ᠪᠢᠳᠡᠨ᠎ᠢ ᠡᠷᠭᠢᠵᠦ᠍ ᠦᠵᠡᠬᠦ᠌᠎ᠪᠡᠷ ᠢᠷᠡᠭ᠌ᠰᠡᠨ ᠦᠶ᠎ᠡ ᠳ᠋ᠤ ᠰᠡᠬᠦᠳᠡᠷᠯᠡᠭᠰᠡᠨ ᠬᠡᠷᠡᠯ ᠵᠢᠷᠤᠭ᠎ᠢ ᠵᠣᠴᠢᠨ᠎ᠤ ᠥᠷᠥᠭᠡ ᠶ᠋ᠢᠨ ᠭᠤᠤᠯ ᠳᠤᠮᠳᠠᠬᠢ ᠬᠡᠷᠡᠮ ᠳᠡᠭᠡᠷ᠎ᠡ ᠡᠯᠭᠦᠵᠤ ᠲᠠᠯᠪᠢᠬᠰᠠᠭᠠᠷ᠂ ᠡᠨᠡ ᠬᠡᠷᠡᠯ ᠵᠢᠷᠤᠭ᠎ᠢ ᠣᠯᠵᠤ ᠦᠵᠡᠬᠦ ᠪᠦᠷᠢ ᠠᠮᠢᠳᠤᠷᠠᠯ ᠨᠠᠩ ᠬᠦᠰᠡᠯ ᠡᠷᠡᠮᠡᠯᠵᠡᠯ᠎ᠲᠡᠶ ᠪᠤᠯᠤᠬᠰᠠᠨ ᠮᠡᠳᠤ ᠰᠠᠨᠠᠭ᠍ᠳᠠᠨ᠎ᠠ᠃

ᠦᠩᠬᠡᠷᠡᠭᠰᠡᠨ ᠳ᠋ᠤ ᠬᠡᠦᠬᠡᠳ᠎ᠤᠳ ᠮᠢᠨᠢ ᠰᠤᠷᠭᠠᠭᠤᠯᠢ᠎ᠳᠤ ᠤᠴᠢᠬᠤ᠎ᠳ᠋ᠠᠭᠠᠨ ᠥᠷ ᠴᠠᠢᠬᠤ᠎ᠡᠴᠡ ᠡᠮᠦᠨ᠎ᠡ ᠪᠣᠰᠴᠤ᠌᠂ 10 ᠺᠢᠯᠣᠮᠧᠲ᠋ᠷ᠎ᠦᠨ ᠠᠭᠤᠯᠠᠨ ᠵᠠᠮ᠎ᠢᠶᠠᠷ ᠵᠠᠮᠨᠠᠬᠤ ᠪᠦᠬᠡᠳ ᠨᠠᠰᠤᠲᠠᠨ ᠡᠪᠡᠳᠴᠢᠨ ᠦᠵᠡᠭᠦᠯᠬᠦ᠌᠎ᠳᠦ ᠴᠦ᠍ 3 ᠴᠠᠭ ᠭᠠᠷᠤᠢ ᠵᠠᠮᠨᠠᠳᠠᠭ ᠪᠠᠢᠵᠠᠶ᠃ ᠣᠳᠣ ᠭᠡᠷ᠎ᠦᠨ ᠠᠷᠤ᠎ᠳᠤ ᠪᠠᠭ᠎ᠠ ᠰᠤᠷᠭᠠᠭᠤᠯᠢ ᠲᠠᠢ ᠪᠤᠯᠵᠤ᠂ ᠬᠡᠦᠬᠡᠳ᠎ᠢ ᠲᠤᠰᠴᠤ᠌ ᠬᠦᠷᠭᠡᠬᠦ᠌᠎ᠳᠦ ᠬᠡᠳᠦᠬᠡᠨ ᠮᠢᠨᠦ᠋ᠲ ᠬᠡᠷᠡᠭ᠌ᠰᠡᠨ᠎ᠡ᠃ ᠡᠪᠡᠳᠴᠢᠯᠡᠪᠡᠯ ᠭᠡᠷ ᠪᠦᠯᠢ᠎ᠶ᠋ᠢᠨ ᠡᠮᠴᠢ ᠬᠡᠷ ᠲᠤ᠌ ᠮᠢᠨᠢ ᠢᠷᠡᠵᠦ᠍ ᠴᠢᠰᠤᠨ ᠳᠠᠷᠤᠯᠲᠠ᠎ᠶ᠋ᠢ ᠬᠡᠮᠵᠢᠵᠦ᠍᠂ ᠡᠮ᠎ᠦᠨ ᠵᠣᠷ ᠪᠢᠴᠢᠵᠦ᠍ ᠥᠭ᠌ᠭᠦᠨ᠎ᠡ᠃ ᠴᠤᠭ᠍ᠯᠠᠭ᠎ᠠ ᠮᠠᠢᠮᠠᠶ᠂ ᠰᠣᠶᠣᠯ᠎ᠤᠨ ᠬᠥᠳᠡᠯᠭᠡᠭᠡᠨ᠎ᠦ ᠲᠠᠯᠠᠪᠠᠢ ᠪᠦᠷ ᠭᠡᠷ᠎ᠦᠨ ᠡᠭᠦᠳᠡᠨ᠎ᠳᠦ ᠪᠠᠢᠨ᠎ᠠ᠃ ᠠᠮᠢᠳᠤᠷᠠᠯ ᠦᠨᠡᠬᠡᠷ ᠶᠡᠷᠦᠩᠬᠡᠶ ᠱᠦᠵᠢ᠎ᠶ᠋ᠢᠨ ᠬᠡᠯᠡᠭ᠌ᠰᠡᠨ ᠱᠢᠭ ᠤᠯᠠᠮ᠎ᠡᠴᠡ ᠤᠯᠠᠮ ᠰᠠᠢᠵᠢᠷᠠᠵᠤ ᠪᠠᠢᠨ᠎ᠠ᠃

ᠡᠲᠡᠭᠡᠷ ᠵᠢᠯ᠎ᠦᠳ᠎ᠲᠦ᠂ ᠮᠢᠨᠦ ᠤᠤᠭᠠᠨ ᠬᠦᠦ ᠬᠣᠨᠢ ᠲᠡᠵᠢᠭᠡᠵᠦ᠍ ᠥᠩᠭᠡᠷᠡᠭ᠌ᠰᠡᠨ ᠪᠥᠭᠡᠳ ᠬᠣᠵᠢᠮ ᠨᠢ ᠪᠠᠰᠠ ᠬᠠᠯᠠᠭᠤᠨ ᠲᠣᠭᠣᠭᠠᠨ᠎ᠤ ᠬᠣᠭᠣᠯᠠᠨ ᠬᠡᠷ ᠡᠷᠭᠢᠯᠡᠵᠦ᠍᠂ ᠮᠠᠨ᠎ᠤ ᠲᠣᠰ ᠭᠠᠵᠠᠷ᠎ᠤᠨ ᠶᠡᠷᠮ᠎ᠡ᠎ᠶ᠋ᠢᠨ ᠣᠶ᠎ᠳᠤ ᠲᠡᠵᠢᠭᠡᠨ ᠦᠷᠡᠵᠢᠭᠦᠯᠵᠦ᠍ ᠪᠠᠢᠭ᠎ᠠ ᠨᠤᠲᠤᠭ᠎ᠤᠨ ᠲᠠᠬᠢᠶ᠎ᠠ᠎ᠶ᠋ᠢ ᠬᠤᠭᠤᠯᠠᠨ ᠬᠡᠷ ᠲᠡᠬᠡᠨ ᠬᠡᠷᠡᠭᠯᠡᠵᠤ ᠪᠤᠢ᠃ ᠬᠣᠶᠠᠳᠤᠭᠠᠷ ᠬᠦᠦ ᠠᠶᠠᠨᠴᠢᠳ᠎ᠤᠨ ᠵᠦᠬᠡᠬᠡᠪᠦᠷᠢ ᠵᠢᠨ ᠦᠢᠯᠡᠰ ᠡᠵᠡᠩᠨᠡᠵᠤ ᠤᠷᠤᠯᠭ᠎ᠠ ᠲᠣᠭ᠍ᠲᠠᠪᠤᠷᠢᠲᠠᠶ ᠪᠤᠯᠵᠠᠢ᠃ ᠤᠳᠤ ᠮᠠᠨ᠎ᠤ ᠬᠢᠨ ᠳᠥᠷᠪᠡᠨ ᠦᠶ᠎ᠡ᠎ᠪᠡᠷ᠎ᠢᠶᠡᠨ ᠨᠢᠭᠡ ᠭᠡᠷ ᠪᠦᠯᠢ ᠠᠮᠢᠳᠤᠷᠠᠵᠤ᠂ ᠦᠷ᠎ᠡ ᠠᠴᠢ ᠨᠡᠷ ᠮᠢᠨᠢ ᠮᠠᠰᠢ ᠠᠴᠢᠯᠠᠯ᠎ᠵᠢᠷᠤᠮ ᠲᠠᠶ᠂ ᠡᠶ᠎ᠠ ᠨᠠᠢᠷ ᠲᠠᠢ ᠰᠠᠢᠬᠠᠨ ᠠᠮᠢᠳᠦᠷᠡᠵᠤ ᠪᠠᠢᠨ᠎ᠠ᠃ ᠪᠢᠳᠡ ᠶᠡᠷᠦᠩᠬᠡᠢ ᠱᠦᠵᠢ᠎ᠳᠦ ᠴᠢᠩ ᠰᠡᠳᠭᠢᠯ᠎ᠡᠴᠡ᠎ᠪᠡᠨ ᠲᠠᠯᠠᠷᠬᠠᠵᠤ᠂ ᠬᠣᠢᠱᠢᠳᠠ᠎ᠶ᠋ᠢᠨ ᠰᠠᠢ᠌ᠨ ᠰᠠᠢᠬᠠᠨ ᠠᠮᠢᠳᠤᠷᠠᠯ᠎ᠳ᠋ᠠᠭᠠᠨ ᠨᠡᠩ ᠢᠲᠡᠭᠡᠯ᠎ᠲᠡᠶ ᠪᠣᠯᠪᠠ᠃ (ᠰᠢᠨᠬᠤᠸᠠ ᠬᠤᠷᠢᠶᠠᠨ᠎ᠤ ᠺᠦᠨᠮᠢᠩ᠎ᠤᠨ 4 ᠰᠠᠷ᠎ᠠ᠎ᠵᠢᠨ 14᠎ᠤ᠋ ᠴᠠᠬᠢᠯᠭᠠᠨ ᠮᠡᠳᠡᠭᠡ)

  • ᠨᠠᠢᠷᠠᠭᠤᠯᠤᠭ᠍ᠴᠢ᠄

  • ᠨᠡᠪᠲᠡᠷᠡᠭᠦᠯᠦᠭᠴᠢ᠄

  • ᠮᠡᠷᠭᠡᠵᠢᠯ᠄

ᠨᠠᠢᠷᠠᠭᠤᠯᠤᠭ᠍ᠴᠢ᠄ ᠰᠤᠶᠤᠯᠲᠦ

ᠣᠷᠴᠢᠭᠤᠯᠤᠭ᠍ᠴᠢ᠄

ᠢᠷᠡᠯᠲᠡ᠄ ᠳᠤᠮᠳᠠᠳᠤ ᠤᠯᠤᠰ᠎ᠤ᠋ᠨ ᠮᠣᠩᠭᠣᠯ ᠬᠡᠯᠡᠨ᠎ᠦ᠌ ᠰᠣᠨᠢᠨ ᠮᠡᠳᠡᠭᠡ᠎ᠶ᠋ᠢᠨ ᠰᠦᠯᠵᠢᠶ᠎ᠡ
兼容浏览器的HTML页面