ᠭᠣᠣᠯ ᠰᠡᠳᠦᠪᠲᠦ ᠮᠡᠳᠡᠭᠡᠯᠡᠯ > ᠶᠡᠷᠦᠩᠬᠡᠢ ᠱᠦᠵᠢ ᠠᠷᠠᠳ ᠲᠦᠮᠡᠨ ᠲᠠᠢ᠎ᠪᠠᠨ ᠬᠠᠮᠤᠭ᠎ᠤ᠋ᠨ ᠳᠣᠲᠣᠨᠣ

2022-04-19 09:23:48

ᠵᠣᠬᠢᠶᠠᠭ᠍ᠴᠢ᠄ ᠰᠢᠨᠬᠤᠸᠠ ᠬᠤᠷᠢᠶᠠᠨ᠎ᠤ ᠰᠤᠷᠪᠤᠯᠵᠢᠯᠠᠭᠴᠢ ᠶᠤᠤ ᠽᠢ ᠶᠦᠨ ᠭᠦᠸᠸ ᠵᠢᠶᠸ ᠸᠸᠨ ᠣᠩᠱᠢᠭ᠍ᠰᠠᠨ ᠣᠳᠠᠭ᠎ᠠ᠄ 3

ᠶᠡᠷᠦᠩᠬᠡᠢ ᠱᠦᠵᠢ ᠰᠢ ᠵᠢᠨ ᠫᠢᠩ 2016 ᠣᠨ᠎ᠤ 2 ᠰᠠᠷ᠎ᠠ᠎ᠶ᠋ᠢᠨ 2 ᠎ᠤ᠋ᠨ ᠡᠳᠦᠷ ᠵᠢᠶᠠᠩᠰᠢ ᠮᠤᠵᠢ᠎ᠶ᠋ᠢᠨ ᠵᠢᠩᠭᠠᠩᠱᠠᠨ ᠬᠤᠳᠠ᠎ᠶ᠋ᠢᠨ ᠱᠸᠨ ᠱᠠᠨ ᠲᠣᠰᠭᠣᠨ᠎ᠳᠤ ᠱᠢᠨᠵᠢᠯᠡᠨ ᠪᠠᠢᠴᠠᠭᠠᠬᠤ᠎ᠳᠠᠭᠠᠨ᠂ ᠽᠦᠸᠧ ᠱᠢᠤ ᠹᠠ ᠵᠢᠨ ᠭᠡᠷ᠎ᠲᠦ ᠬᠦᠷᠪᠡ᠃ ᠣᠢᠷ᠎ᠠ᠎ᠳᠤ᠂ ᠱᠢᠨᠬᠤᠸᠠ ᠬᠣᠷᠢᠶᠠᠨ᠎ᠤ ᠰᠤᠷᠪᠤᠯᠵᠢᠯᠠᠭ᠍ᠴᠢ ᠽᠦᠸᠧ ᠱᠢᠤ ᠹᠠ᠎ᠶ᠋ᠢ ᠡᠷᠭᠢᠵᠦ ᠰᠤᠷᠪᠤᠯᠵᠢᠯᠠᠪᠠ᠃


ᠦᠵᠡᠭᠳᠡᠯ᠎ᠢ ᠡᠷᠭᠢᠴᠡᠭᠦᠯᠬᠦᠢ


ᠲᠡᠷᠡ ᠡᠳᠦᠷ᠂ ᠶᠠᠭ ᠡᠮᠦᠨᠡᠲᠦ ᠣᠷᠣᠨ᠎ᠤ ᠯᠠ ᠰᠠᠷ᠎ᠠ᠎ᠶᠢᠨ ᠬᠤᠷᠢᠨ ᠭᠤᠷᠪᠠᠨ ᠪᠠᠢᠵᠤ᠂ ᠤᠯᠠᠨ ᠡᠳᠦᠷ ᠪᠣᠷᠣᠭᠠᠨ ᠴᠠᠰᠤ ᠣᠷᠣᠵᠤ᠂ ᠵᠢᠩᠭᠠᠩᠱᠠᠨ ᠠᠭᠤᠯᠠᠨ᠎ᠤ ᠭᠦᠨ᠎ᠳᠦ ᠪᠠᠢᠷᠢᠯᠠᠵᠤ ᠪᠠᠢᠭ᠎ᠠ ᠱᠸᠨ ᠱᠠᠨ ᠲᠣᠰᠭᠣᠨ ᠣᠨᠴᠠ᠎ᠶ᠋ᠢᠨ ᠵᠢᠬᠡᠭᠦᠨ ᠪᠠᠢᠵᠤ᠂ ᠲᠣᠰᠭᠣᠨ᠎ᠳᠤ ᠣᠷᠣᠬᠤ ᠵᠠᠮ ᠵᠢᠭᠠᠬᠠᠨ ᠬᠠᠯᠳᠤᠷᠢᠭ᠎ᠠ ᠲᠠᠢ ᠪᠠᠢᠪᠠ᠃ ᠬᠠᠷ᠎ᠠ ᠥᠷᠯᠥᠭᠡ ᠪᠡᠷ᠂ ᠲᠣᠰᠭᠣᠨ᠎ᠤ ᠠᠷᠠᠳ ᠽᠦᠸᠧ ᠱᠢᠤ ᠹᠠ ᠵᠣᠴᠢᠳ᠎ᠤᠨ ᠲᠢᠩᠬᠢᠮ᠎ᠦᠨ ᠬᠣᠪᠣᠩ ᠵᠢᠡᠨ ᠤᠯᠠᠢᠳᠠᠯ᠎ᠠ ᠨᠣᠴᠣᠭᠠᠵᠤ᠂ ᠱᠢᠯᠦᠬᠡᠶ ᠳᠤᠳᠤᠷᠭᠠᠨ ᠴᠠᠭᠠᠨ᠎ᠢ ᠮᠣᠳᠣᠨ ᠲᠤᠷᠪᠤᠭᠤ ᠪᠡᠷ ᠵᠢᠩᠨᠡᠵᠦ᠍᠂ ᠱᠢᠯᠦᠬᠡᠶ ᠵᠠᠮᠪᠠᠭ᠎ᠠ ᠬᠢᠬᠦ᠌᠎ᠪᠡᠷ ᠪᠡᠯᠡᠳᠭᠡᠪᠡ᠃

ᠦᠳᠡ᠎ᠶ᠋ᠢᠨ ᠡᠮᠦᠨ᠎ᠡ᠂ ᠲᠣᠰᠭᠣᠨ᠎ᠤ ᠵᠠᠬ᠎ᠠ᠎ᠳᠦ ᠬᠥᠷ ᠬᠥᠭ᠌ᠵᠢᠶᠡᠨ᠎ᠲᠡᠶ ᠪᠣᠯᠪᠠ᠃ ᠶᠡᠷᠦᠩᠬᠡᠢ ᠱᠦᠵᠢ ᠰᠢ ᠵᠢᠨ ᠫᠢᠩ ᠢᠷᠡᠬᠦ᠌ ᠭᠡᠵᠦ ᠪᠠᠢᠭ᠎ᠠ᠎ᠵᠢ ᠰᠣᠨᠣᠰᠤᠭᠠᠳ ᠽᠦᠸᠧ ᠱᠢᠤ ᠹᠠ᠂ 《ᠠᠭᠤᠯᠠᠨ ᠬᠣᠷᠮᠣᠢ᠎ᠡᠴᠡ ᠱᠸᠨ ᠱᠠᠨ ᠲᠣᠰᠭᠣᠨ ᠬᠦᠷᠲᠡᠯ᠎ᠡ ᠪᠦᠷ ᠵᠠᠭᠤ ᠱᠢᠬᠠᠮ ᠭᠠᠵᠠᠷ᠎ᠤᠨ ᠠᠭᠤᠯᠠᠨ ᠵᠠᠮ᠎ᠲᠠᠶ᠂ ᠲᠡᠢᠮᠦ ᠶᠡᠬᠡ ᠤᠳᠤᠷᠢᠳᠤᠯᠭ᠎ᠠ ᠶᠠᠭᠠᠬᠢᠨ ᠡᠨᠡ 〈ᠲᠠᠴᠢᠷ ᠠᠭᠤᠯᠠᠨ ᠭᠤᠤ〉 ᠳ᠋ᠤ ᠢᠷᠡᠬᠦ᠌ ᠪᠤᠢ》 ᠭᠡᠵᠦ᠍ ᠢᠲᠡᠭᠡᠵᠦ᠍ ᠶᠠᠳᠠᠵᠦ ᠪᠠᠢᠯ᠎ᠠ᠃ ᠺᠠᠳ᠋ᠷ᠎ᠤᠨ ᠠᠮᠠᠨ᠎ᠡᠴᠡ ᠪᠠᠲᠤᠲᠠᠢ ᠬᠠᠷᠢᠭᠤᠯᠲᠠ ᠣᠯᠤᠬᠰᠠᠨ᠎ᠤ ᠲᠠᠷᠠᠭ᠎ᠠ᠂ ᠽᠦᠸᠧ ᠱᠢᠤ ᠹᠠ᠄ 《ᠱᠸᠨ ᠱᠠᠨ ᠲᠣᠰᠭᠣᠨ ᠦᠨᠡᠬᠡᠷ ᠠᠵᠠ ᠪᠤᠶᠠᠨ᠎ᠲᠠᠶ᠂ ᠪᠢ ᠨᠢᠭᠡ ᠨᠠᠰᠤ᠎ᠪᠠᠷ᠎ᠢᠶᠠᠨ ᠠᠭᠤᠯᠠᠨ᠎ᠡᠴᠡ ᠭᠠᠷᠴᠤ᠌ ᠥᠩᠭᠡᠷᠡᠭ᠌ᠰᠡᠨ ᠦᠭᠡᠢ᠂ ᠶᠡᠷᠦᠩᠬᠡᠢ ᠱᠦᠵᠢ ᠬᠠᠷᠢᠨ ᠪᠡᠶ᠎ᠡ᠎ᠪᠡᠷ᠎ᠢᠶᠡᠨ ᠪᠢᠳᠡᠨ᠎ᠢ ᠦᠵᠡᠬᠦ᠌᠎ᠪᠡᠷ ᠢᠷᠡᠪᠡ》 ᠭᠡᠵᠦ ᠲᠦᠲᠦᠨᠡᠵᠦ ᠭᠠᠷᠪᠠ᠃

ᠽᠦᠸᠧ ᠱᠢᠤ ᠹᠠ ᠵᠢᠨ ᠭᠡᠷ᠎ᠦᠨ ᠡᠭᠦᠳᠡᠨ᠎ᠡᠮᠦᠨᠡᠬᠢ ᠲᠠᠭ᠌ᠰᠢᠬᠡᠨ ᠭᠠᠵᠠᠷ᠎ᠲᠦ᠂ ᠶᠡᠷᠦᠩᠬᠡᠢ ᠱᠦᠵᠢ ᠰᠢ ᠵᠢᠨ ᠫᠢᠩ ᠲᠣᠰᠭᠣᠨ᠎ᠤ ᠠᠷᠠᠳ ᠎ᠤᠨ ᠱᠢᠯᠦᠬᠡᠶ ᠵᠠᠮᠪᠠᠭ᠎ᠠ ᠴᠤᠬᠢᠵᠤ ᠪᠠᠢᠬᠤ᠎ᠶ᠋ᠢ ᠦᠵᠡᠭᠡᠳ ᠮᠠᠰᠢ ᠤᠷᠮ᠎ᠠ᠎ᠲᠠᠶ ᠣᠷᠣᠯᠴᠠᠯ᠎ᠠ᠃

ᠱᠢᠯᠦᠬᠡᠶ ᠵᠠᠮᠪᠠᠭ᠎ᠠ᠎ᠵᠢ ᠴᠣᠬᠢᠵᠤ ᠪᠠᠷᠠᠭ᠍ᠰᠠᠨ᠎ᠤ ᠳᠠᠷᠠᠭ᠎ᠠ᠂ ᠶᠡᠷᠦᠩᠬᠡᠶ ᠱᠦᠵᠢ ᠰᠢ ᠵᠢᠨ ᠫᠢᠩ ᠽᠦᠸᠧ ᠱᠢᠤ ᠹᠠ᠎ᠶ᠋ᠢᠨ ᠬᠡᠷ᠎ᠲᠦ ᠬᠦᠷᠴᠦ᠍᠂ ᠲᠡᠳᠡᠨ᠎ᠦ ᠬᠤᠯᠤᠰᠤᠨ ᠭᠤᠤᠷᠰᠤ᠎ᠶ᠋ᠢᠨ ᠰᠡᠢᠯᠦᠮᠡᠯ᠎ᠢ ᠲᠣᠭᠣᠷᠢᠨ ᠦᠵᠡᠵᠦ᠍᠂ ᠲᠡᠳᠡᠨ᠎ᠤ ᠨᠢᠭᠡ ᠬᠡᠷ᠎ᠦᠨ᠎ᠬᠢᠨ᠎ᠦ ᠲᠣᠰ ᠭᠠᠵᠠᠷ᠎ᠤᠨ ᠡᠬᠢ ᠪᠠᠶᠠᠯᠢᠭ᠎ᠲᠠᠭᠠᠨ ᠰᠠᠭᠤᠷᠢᠯᠠᠵᠤ᠂ ᠬᠤᠯᠤᠰᠤ ᠮᠣᠳᠣ ᠡᠳ᠋ᠱᠢᠭᠦᠯᠵᠦ᠍ ᠣᠷᠣᠯᠭ᠎ᠠ᠎ᠪᠠᠨ ᠨᠡᠮᠡᠭ᠌ᠳᠡᠭᠦᠯᠵᠦ᠍ ᠶᠠᠳᠠᠭᠤ᠎ᠡᠴᠡ ᠠᠩᠭᠢᠵᠢᠷᠠᠭ᠍ᠰᠠᠨ ᠠᠷᠭ᠎ᠠ ᠬᠢᠳᠡᠯ᠎ᠢ ᠰᠠᠢᠰᠢᠶᠠᠨ᠂ ᠲᠡᠳᠡᠨ᠎ᠦ ᠦᠶ᠋ᠯᠡᠳᠪᠦᠷᠢᠯᠡᠭ᠌ᠰᠡᠨ ᠬᠤᠯᠤᠰᠤᠨ ᠭᠤᠤᠷᠰᠤ᠎ᠨᠢ ᠪᠣᠷᠣᠯᠠᠭᠤᠯᠭ᠎ᠠ ᠰᠠᠢᠲᠠᠶ ᠪᠠᠢᠬᠤ᠎ᠶ᠋ᠢ ᠵᠥᠩᠨᠡᠪᠡ᠃

ᠶᠡᠷᠦᠩᠬᠡᠢ ᠱᠦᠵᠢ ᠰᠢ ᠵᠢᠨ ᠫᠢᠩ᠎ᠦᠨ ᠲᠣᠰᠭᠣᠨ᠎ᠳᠤ ᠢᠷᠡᠭᠰᠡᠨ ᠴᠢᠮᠡᠭᠡ ᠦᠳᠲᠡᠷ ᠲᠦᠷᠭᠡᠨ ᠲᠠᠷᠬᠠᠵᠤ᠂ ᠲᠣᠰᠭᠣᠨ᠎ᠤ ᠠᠷᠠᠳ ᠲᠣᠰᠭᠣᠨ᠎ᠤ ᠵᠠᠬ᠎ᠠ᠎ᠳᠤ ᠴᠤᠭ᠍ᠯᠠᠷᠠᠵᠤ᠂ ᠶᠡᠷᠦᠩᠬᠡᠢ ᠱᠦᠵᠢ᠎ᠶ᠋ᠢᠨ ᠠᠮᠤᠷ᠎ᠢ ᠠᠰᠠᠭᠤᠵᠤ ᠪᠠᠢᠯ᠎ᠠ᠃ ᠶᠡᠷᠦᠩᠬᠡᠢ ᠱᠦᠵᠢ ᠰᠢ ᠵᠢᠨ ᠫᠢᠩ ᠨᠤᠲᠤᠭ᠎ᠤᠨ ᠠᠬ᠎ᠠ ᠳᠡᠭᠦᠦ᠍᠎ᠨᠡᠷ᠎ᠲᠡᠶ ᠭᠠᠷ ᠠᠳᠭᠤᠵᠤ᠂ ᠨᠤᠲᠤᠭ᠎ᠤᠨ ᠠᠬ᠎ᠠ ᠳᠡᠭᠦᠦ᠍᠎ᠨᠡᠷ᠎ᠲᠡᠶ ᠱᠢᠨ᠎ᠡ᠎ᠶ᠋ᠢᠨ ᠵᠣᠯᠭᠠᠯᠲᠠ ᠬᠢᠵᠡᠢ᠃ ᠲᠡᠷᠡ ᠨᠤᠲᠤᠭ᠎ᠤᠨ ᠠᠬ᠎ᠠ ᠳᠡᠭᠦᠦ᠍᠎ᠨᠡᠷ᠎ᠲᠦ᠂ ᠮᠠᠨ᠎ᠤ ᠨᠠᠮ ᠪᠣᠯ ᠪᠦᠬᠦ᠌ ᠰᠡᠳᠭᠢᠯ ᠪᠦᠬᠦ᠌ ᠵᠣᠷᠢᠭ᠎ᠢᠶᠠᠷ᠎ᠢᠶᠠᠨ ᠠᠷᠠᠳ ᠲᠦᠮᠡᠨ᠎ᠳᠦ ᠦᠢᠯᠡᠴᠢᠯᠡᠳᠡᠭ ᠨᠠᠮ ᠮᠥᠨ᠂ ᠬᠤᠪᠢᠰᠭᠠᠯ᠎ᠤᠨ ᠡᠷᠲᠡ ᠴᠢᠯᠥᠭᠡᠯᠡᠭ᠌ᠳᠡᠭ᠌ᠰᠡᠨ ᠣᠷᠣᠨ᠎ᠤ ᠬᠥᠭ᠌ᠵᠢᠯᠲᠡ᠎ᠶ᠋ᠢ ᠦᠷᠭᠦᠯᠵᠢᠯᠡᠨ ᠶᠡᠬᠡ᠎ᠪᠡᠷ ᠳᠡᠮᠵᠢᠵᠦ᠍᠂ ᠨᠤᠲᠤᠭ᠎ᠤᠨ ᠠᠬ᠎ᠠ ᠳᠡᠭᠦᠦ᠍᠎ᠨᠡᠷ᠎ᠦᠨ ᠠᠮᠢᠳᠤᠷᠠᠯ᠎ᠢ ᠤᠯᠠᠮ ᠰᠠᠢ᠌ᠨ ᠪᠣᠯᠭᠠᠨ᠎ᠠ ᠭᠡᠵᠦ᠍ ᠬᠡᠯᠡᠪᠡ᠃


ᠽᠦᠸᠧ ᠱᠢᠤ ᠹᠠ᠎ᠵᠢᠨ ᠰᠡᠳᠭᠢᠯ᠎ᠦᠨ ᠳᠠᠭᠤᠨ


ᠪᠢ ᠡᠨᠡ ᠵᠢᠯ 71 ᠨᠠᠰᠤᠲᠠᠶ᠂ ᠨᠢᠳᠦ ᠢᠷᠮᠡᠬᠦ᠌᠎ᠶ᠋ᠢᠨ ᠵᠠᠭᠤᠷ᠎ᠠ ᠵᠢᠷᠭᠤᠭᠠᠨ ᠵᠢᠯ ᠥᠩᠭᠡᠷᠡᠯ᠎ᠡ᠂ ᠭᠡᠪᠡᠴᠦ᠍ ᠲᠤᠬᠠᠶ᠎ᠶ᠋ᠢᠨ ᠦᠶ᠎ᠡ᠎ᠶ᠋ᠢᠨ ᠪᠠᠢᠳᠠᠯ ᠨᠢᠳᠦᠨ ᠡᠮᠦᠨ᠎ᠡ ᠬᠠᠷᠠᠬᠳᠠᠵᠤ ᠪᠠᠢᠬᠤ ᠰᠢᠭ ᠰᠠᠨᠠᠭᠳᠠᠨ᠎ᠠ᠃

ᠶᠡᠷᠦᠩᠬᠡᠶ ᠱᠦᠵᠢ ᠰᠢ ᠵᠢᠨ ᠫᠢᠩ᠎ᠤᠨ ᠬᠦᠷᠴᠦ ᠢᠷᠡᠭᠰᠡᠨ ᠨᠢ ᠪᠢᠳᠡᠨ᠎ᠳᠦ ᠮᠠᠰᠢ ᠶᠡᠬᠡ ᠢᠲᠡᠭᠡᠯ ᠵᠣᠷᠢᠭ ᠣᠯᠭᠣᠵᠠᠶ᠃ ᠵᠠᠰᠠᠭ᠎ᠤᠨ ᠣᠷᠳᠣᠨ᠎ᠤ ᠬᠠᠪᠰᠤᠷᠤᠯᠭ᠎ᠠ ᠳᠤᠤᠷ᠎ᠠ᠂ ᠮᠠᠨ᠎ᠤ ᠱᠧᠨ ᠱᠠᠨ ᠲᠣᠰᠭᠣᠨ᠎ᠤ ᠬᠥᠮᠦᠰ ᠪᠠᠰᠠ ᠠᠯᠢᠪᠠ ᠵᠢ ᠢᠯᠠᠬᠤ ᠵᠤᠷᠢᠭ ᠰᠦᠰᠦ᠎ᠪᠡᠷ ᠱᠢᠷ᠎ᠠ ᠲᠤᠭᠤᠷ᠎ᠤᠨ ᠰᠠᠭᠤᠷᠢᠨ᠂ ᠴᠠᠢ᠎ᠶ᠋ᠢᠨ ᠰᠠᠭᠤᠷᠢᠨ᠂ ᠵᠢᠭᠤᠯᠴᠢᠯᠠᠭᠰᠠᠳ᠎ᠤᠨ ᠦᠢᠯᠡᠴᠢᠯᠡᠭᠡᠨ᠎ᠦ ᠲᠥᠪ᠂ ᠲᠡᠷᠭᠡᠨ ᠵᠣᠭ᠍ᠰᠣᠭᠠᠯ᠂ ᠵᠢᠭᠤᠯᠴᠢᠯᠠᠯ᠎ᠤᠨ ᠨᠡᠢᠲᠡ᠎ᠶ᠋ᠢᠨ ᠵᠣᠷᠯᠣᠩ ᠁ ᠵᠡᠷᠭᠡ᠎ᠶ᠋ᠢ ᠪᠠᠢᠭᠤᠯᠵᠤ ᠤᠤᠯ᠎ᠤᠨ ᠢᠪᠴᠤᠤ ᠨᠠᠷᠢᠨ ᠠᠭᠤᠯᠠᠨ ᠵᠠᠮ ᠢ᠋ 5 ᠮᠧᠲᠷ ᠬᠦᠷᠲᠡᠯ᠎ᠡ ᠥᠷᠭᠡᠳᠭᠡᠪᠡ᠃ ᠬᠡᠳᠦᠨ ᠵᠢᠯ᠎ᠦᠨ ᠡᠮᠦᠨ᠎ᠡ᠂ ᠡᠨᠳᠡ ᠬᠤᠯᠤᠰᠤ᠎ᠲᠡᠭᠡᠭᠡᠬᠦ ᠪᠠᠷᠠᠭᠠᠨ᠎ᠤ ᠲᠡᠷᠭᠡ᠎ᠡᠴᠡ ᠪᠤᠰᠤᠳ ᠬᠥᠮᠦᠨ ᠢᠷᠡᠬᠦ᠌ ᠳᠤᠷ᠎ᠠ ᠦᠭᠡᠢ ᠪᠠᠢᠵᠠᠢ᠂ ᠨᠢᠳᠦ ᠢᠷᠮᠡᠬᠦ᠌᠎ᠶ᠋ᠢᠨ ᠵᠠᠭᠤᠷ᠎ᠠ᠂ ᠤᠳᠤ ᠡᠳᠦᠷ ᠪᠦᠷᠢ ᠢᠷᠡᠳᠡᠭ ᠵᠢᠭᠤᠯᠴᠢᠯᠠᠭᠰᠠᠳ ᠲᠣᠰᠭᠣᠨ᠎ᠤ ᠬᠥᠮᠦᠰ᠎ᠡᠴᠡ ᠪᠦᠷ ᠤᠯᠠᠨ ᠪᠣᠯᠵᠠᠢ᠃

ᠶᠡᠷᠦᠩᠬᠡᠶ ᠱᠦᠵᠢ ᠢᠷᠡᠭ᠌ᠰᠡᠨ᠎ᠦ ᠳᠠᠷᠠᠭᠠᠬᠢ ᠬᠣᠶᠠᠳᠤᠭᠠᠷ ᠵᠢᠯ᠎ᠳᠦ᠂ ᠮᠠᠨ᠎ᠤ ᠲᠣᠰᠭᠣᠨ᠎ᠯᠠ ᠪᠢᠰᠢ᠂ ᠪᠦᠬᠦᠢᠯᠡ ᠵᠢᠩᠭᠠᠩᠱᠠᠨ ᠴᠥᠮ ᠶᠠᠳᠠᠭᠤ᠎ᠡᠴᠡ ᠠᠩᠭᠢᠵᠢᠷᠠᠪᠠ᠂ ᠲᠧᠯᠸᠢᠰ ᠳᠡᠭᠡᠷ᠎ᠡ ᠪᠢᠳᠡᠡ᠎ᠢ ᠪᠥᠬᠥ᠌ ᠤᠯᠤᠰ᠎ᠤᠨ ᠠᠩᠬᠠᠳᠠᠭ᠍ᠴᠢ ᠶᠠᠳᠠᠭᠤ᠎ᠡᠴᠡ ᠠᠩᠭᠢᠵᠢᠷᠠᠭ᠍ᠰᠠᠨ ᠱᠢᠶᠠᠨ ᠪᠣᠯᠤᠨ᠎ᠠ ᠭᠡᠵᠦ ᠮᠡᠳᠡᠭᠡᠯᠡᠪᠡ᠃ ᠤᠯᠠᠮ᠎ᠡᠴᠡ ᠤᠯᠠᠮ ᠬᠥᠮᠦᠨ᠎ᠦ ᠭᠡᠷ᠎ᠤᠨ ᠡᠭᠦᠳᠡᠨ᠎ᠳᠦ ᠵᠢᠵᠢᠭ ᠮᠠᠱᠢᠨ ᠲᠡᠷᠭᠡ ᠵᠣᠭ᠍ᠰᠣᠵᠤ ᠪᠠᠢᠨ᠎ᠠ᠃ ᠭᠡᠷ᠎ᠦᠨ ᠬᠤᠪᠢᠷᠠᠯᠲᠠ ᠪᠠᠰᠠ ᠮᠠᠰᠢ ᠶᠡᠬᠡ᠃ ᠪᠠᠢᠰᠢᠩ᠎ᠢᠶᠡᠨ ᠴᠦ᠍ ᠵᠠᠰᠠᠴᠢᠬᠠᠵᠠᠢ᠂ ᠤᠤᠯ ᠨᠢ ᠬᠠᠪ ᠬᠠᠷᠠᠩᠭᠤᠶ᠂ ᠣᠳᠣ ᠭᠡᠭᠡᠨ ᠰᠠᠷᠠᠭᠤᠯ ᠪᠤᠯᠵᠤ᠂ ᠭᠡᠷ᠎ᠳᠤᠲᠤᠷ᠎ᠠ ᠪᠠᠰᠠ ᠵᠣᠷᠯᠣᠩ᠎ᠲᠠᠶ ᠪᠣᠯᠴᠢᠬᠠᠭ᠍ᠰᠠᠨ᠃ ᠤᠰᠤᠨ ᠴᠣᠷᠭᠣ᠎ᠶ᠋ᠢ ᠮᠤᠰᠭᠢᠪᠡᠯ ᠲᠦᠭᠡᠭᠡᠯ ᠤᠰᠤ ᠲᠠᠷᠤᠢ ᠤᠷᠤᠰᠤᠨ ᠭᠠᠷᠴᠤ᠌ ᠢᠷᠡᠨ᠎ᠡ᠃

ᠮᠠᠨ᠎ᠤ ᠲᠣᠰᠭᠣᠨ ᠤᠯᠠᠮ ᠡᠴᠡ ᠤᠯᠠᠮ ᠨᠡᠷ᠎ᠡ ᠠᠯᠳᠠᠷᠰᠢᠵᠤ᠂ ᠪᠢ ᠭᠠᠳᠠᠨ᠎ᠠ ᠤᠷᠤᠨ᠎ᠳᠦ ᠬᠥᠯᠥᠰᠥᠨ ᠠᠵᠢᠯ ᠬᠢᠵᠦ᠍ ᠪᠠᠢᠭ᠎ᠠ ᠬᠦᠦ᠍᠎ᠳᠡᠭᠡᠨ᠎ᠤᠲᠠᠰᠤ ᠠᠪᠴᠤ᠌ ᠲᠡᠭᠦᠨ᠎ᠢ ᠲᠣᠰᠭᠣᠨ᠎ᠳᠤ ᠪᠤᠴᠠᠵᠤ ᠦᠢᠯᠡᠰ ᠪᠦᠳᠦᠭᠡᠯᠭᠡᠬᠦ ᠪᠡᠷ ᠳᠠᠭᠤᠳᠠᠪᠠ᠃ ᠤᠳᠤ᠂ ᠲᠡᠷᠡ ᠭᠡᠷ᠎ᠦᠨ᠎ᠢᠶᠡᠨ ᠱᠢᠯᠦᠬᠡᠶ ᠵᠠᠮᠪᠠᠭ᠎ᠠ᠎ᠵᠢᠨ ᠮᠠᠢᠮᠠᠢ᠎ᠳᠤ ᠲᠦᠱᠢᠭ᠌ᠯᠡᠨ᠂ ᠬᠤᠯᠤᠰᠤ ᠮᠣᠳᠣᠨ ᠭᠠᠷ ᠤᠷᠠᠯᠠᠯ᠎ᠤᠨ ᠡᠳ᠋ ᠬᠢᠵᠦ᠍᠂ ᠨᠢᠭᠡ ᠵᠢᠯ᠎ᠳᠦ 10 ᠭᠠᠷᠤᠶ ᠲᠦᠮᠡᠨ ᠲᠥᠭᠥᠷᠢᠭ᠎ᠤᠨ ᠤᠷᠤᠯᠭ᠎ᠠ ᠣᠯᠵᠤ ᠪᠠᠢᠨ᠎ᠠ᠂ ᠡᠨᠡ ᠨᠢ ᠭᠠᠳᠠᠨ᠎ᠠ ᠤᠷᠤᠨ᠎ᠳᠦ ᠬᠦᠴᠦ᠍ ᠶᠠᠪᠤᠭ᠍ᠰᠠᠨ᠎ᠡᠴᠡ ᠬᠤᠯᠠ ᠳᠡᠭᠡᠷ᠎ᠡ᠃

ᠪᠢ ᠡᠳᠡᠭᠡᠷ ᠵᠢᠯ᠎ᠦᠨ ᠬᠤᠪᠢᠷᠠᠯᠲᠠ᠎ᠶ᠋ᠢ ᠶᠡᠷᠦᠩᠬᠡᠢ ᠱᠦᠵᠢ᠎ᠳᠦ ᠬᠡᠯᠡᠵᠦ᠍ ᠥᠭ᠌ᠬᠦ ᠰᠠᠨᠠᠭ᠎ᠠ᠎ᠲᠠᠶ᠂ ᠤᠳᠤ ᠪᠣᠯ ᠱᠢᠯᠦᠬᠡᠶ ᠵᠠᠮᠪᠠᠭ᠎ᠠ᠎ᠵᠢ ᠴᠤᠬᠢᠬᠤ ᠲᠤᠲᠤᠮ ᠠᠬᠰᠢᠵᠤ᠂ ᠠᠵᠤ ᠠᠮᠢᠳᠤᠷᠠᠯ ᠶᠠᠪᠤᠬᠤ ᠲᠤᠲᠤᠮ ᠵᠢᠷᠭᠠᠯ ᠳᠠᠢ ᠪᠤᠯᠵᠠᠢ᠃ ᠤᠤᠯ᠎ᠳᠤ᠎ᠪᠠᠨ ᠪᠤᠷᠬᠠᠨ ᠰᠠᠬᠢᠭᠤᠯᠰᠤᠨ᠎ᠴᠤ ᠬᠤᠪᠢᠷᠠᠭᠤᠯᠵᠤ ᠳᠡᠢᠯᠬᠦ᠌ ᠦᠭᠡᠢ ᠶᠠᠳᠠᠭᠤ ᠠᠭᠤᠯᠠᠨ ᠭᠤᠤ᠎ᠳᠤ ᠣᠳᠣ ᠵᠤᠯ ᠵᠢᠷᠭᠠᠯᠳᠠᠢ ᠠᠮᠢᠳᠤᠷᠠᠯ᠎ᠢ ᠥᠩᠭᠡᠷᠡᠭᠦᠯᠵᠤ ᠪᠠᠢᠨ᠎ᠠ᠃


ᠱᠢᠨᠬᠤᠸᠠ ᠬᠣᠷᠢᠶᠠᠨ᠎ᠤ ᠨᠠᠨᠴᠠᠩ᠎ᠤᠨ 4 ᠰᠠᠷ᠎ᠠ᠎ᠶ᠋ᠢᠨ 17 ᠎ᠤ᠋ ᠴᠠᠬᠢᠯᠭᠠᠨ ᠮᠡᠳᠡᠭᠡ

  • ᠨᠠᠢᠷᠠᠭᠤᠯᠤᠭ᠍ᠴᠢ᠄

  • ᠨᠡᠪᠲᠡᠷᠡᠭᠦᠯᠦᠭᠴᠢ᠄

  • ᠮᠡᠷᠭᠡᠵᠢᠯ᠄

ᠨᠠᠢᠷᠠᠭᠤᠯᠤᠭ᠍ᠴᠢ᠄ ᠪᠣᠣ ᠮᠧᠢ ᠷᠥᠩ

ᠣᠷᠴᠢᠭᠤᠯᠤᠭ᠍ᠴᠢ᠄

ᠢᠷᠡᠯᠲᠡ᠄ ᠳᠤᠮᠳᠠᠳᠤ ᠤᠯᠤᠰ᠎ᠤ᠋ᠨ ᠮᠣᠩᠭᠣᠯ ᠬᠡᠯᠡᠨ᠎ᠦ᠌ ᠰᠣᠨᠢᠨ ᠮᠡᠳᠡᠭᠡ᠎ᠶ᠋ᠢᠨ ᠰᠦᠯᠵᠢᠶ᠎ᠡ
兼容浏览器的HTML页面