2022-04-28 09:14:18
2021 ᠣᠨ᠎ᠤ 2 ᠰᠠᠷ᠎ᠠ᠎ᠶ᠋ᠢᠨ 3 ᠤ᠋ ᠡᠳᠦᠷ᠂ ᠦᠬᠡᠷ ᠵᠢᠯ᠎ᠤᠨ ᠴᠠᠭᠠᠨ ᠰᠠᠷ᠎ᠠ ᠬᠦᠷᠴᠦ᠍ ᠢᠷᠡᠬᠦ᠌ ᠲᠠᠱᠢᠷᠠᠮ᠎ᠢᠶᠠᠷ᠂ ᠶᠡᠷᠦᠩᠬᠡᠢ ᠱᠦᠵᠢ ᠰᠢ ᠵᠢᠨ ᠫᠢᠩ ᠭᠦᠢᠵᠧᠦ ᠮᠤᠵᠢ᠎ᠶ᠋ᠢᠨ ᠪᠢᠵᠢᠶ᠍ᠸ ᠬᠤᠳᠠ᠎ᠶ᠋ᠢᠨ ᠴᠢᠶᠠᠨᠰᠢ ᠱᠢᠶᠠᠨ ( ᠤᠳᠤ᠎ᠶ᠋ᠢᠨ 《ᠴᠢᠶᠠᠨᠰᠢ ᠬᠤᠳᠠ》)᠎ᠤ᠋ ᠬᠤᠸᠠ ᠦ᠋ ᠲᠣᠰᠭᠣᠨ᠎ᠳᠤ ᠱᠢᠨᠵᠢᠯᠡᠨ ᠪᠠᠢᠴᠠᠭᠠᠬᠤ᠎ᠳᠠᠭᠠᠨ᠂ ᠮᠢᠶᠣᠣ ᠦᠨᠳᠦᠰᠦᠲᠡᠨ᠎ᠦ ᠬᠠᠳᠭᠤᠮᠠᠯ᠂ ᠯᠠᠳᠠᠵᠤ ᠪᠤᠳᠤᠬᠤ ᠵᠡᠷᠭᠡ ᠴᠥᠭᠡᠨ ᠲᠣᠭᠠᠲᠤ ᠦᠨᠳᠦᠰᠦᠲᠡᠨ᠎ᠦ ᠪᠣᠳᠠᠰ᠎ᠤᠨ ᠪᠤᠰᠤ ᠰᠣᠶᠣᠯ᠎ᠤᠨ ᠥᠪ᠎ᠦᠨ ᠤᠷ᠎ᠠ ᠮᠡᠷᠭᠡᠰᠢᠯ ᠪᠣᠯᠤᠨ ᠰᠣᠶᠣᠯ᠎ᠢ ᠮᠠᠭ᠍ᠲᠠᠨ ᠰᠠᠢᠱᠢᠶᠠᠭ᠍ᠰᠠᠨ ᠪᠥᠭᠡᠳ ᠯᠠᠳᠠᠵᠤ ᠪᠤᠳᠤᠬᠤ ᠮᠡᠷᠭᠡᠵᠢᠯᠲᠡᠨ ᠫᠸᠩ ᠢ᠎ᠲᠡᠶ ᠳᠣᠲᠣᠨᠣ᠎ᠪᠠᠷ ᠶᠠᠷᠢᠯᠴᠠᠪᠠ᠃ ᠣᠢᠷ᠎ᠠ᠎ᠳᠤ ᠱᠢᠨᠬᠤᠸᠠ ᠬᠣᠷᠢᠶᠠᠨ᠎ᠤ ᠰᠤᠷᠪᠤᠯᠵᠢᠯᠠᠭ᠍ᠴᠢ ᠫᠧᠩ ᠢ᠎ᠶ᠋ᠢ ᠡᠷᠬᠢᠵᠦ ᠰᠤᠷᠪᠤᠯᠵᠢᠯᠠᠪᠠ᠃
ᠦᠵᠡᠭᠳᠡᠯ᠎ᠢ ᠡᠷᠬᠢᠴᠡᠭᠦᠯᠬᠦᠢ
ᠬᠠᠪᠤᠷ᠎ᠤᠨ ᠠᠭᠤᠷ᠎ᠤᠨ ᠦᠶ᠎ᠡ ᠪᠡᠷ᠂ ᠦ᠋ ᠮᠸᠩ ᠱᠠᠨ ᠠᠭᠤᠯᠠᠨ᠎ᠤ ᠭᠦᠨ᠎ᠳᠦ ᠪᠣᠷᠣᠭᠠᠨ ᠱᠢᠪᠡᠷᠡᠵᠦ᠂ ᠠᠭᠤᠯᠠᠰ ᠬᠦᠭᠡᠷᠡᠨ ᠰᠦᠨᠳᠡᠷᠯᠡᠨ᠎ᠡ᠃ ᠮᠤᠷᠤᠶ ᠰᠠᠷᠤᠶ ᠠᠭᠤᠯᠠᠨ ᠵᠠᠮ᠎ᠢ ᠲᠤᠭᠤᠯᠤᠨ᠂ ᠶᠡᠷᠦᠩᠬᠡᠶ ᠱᠦᠵᠢ ᠰᠢ ᠵᠢᠨ ᠫᠢᠩ ᠭᠦᠨ ᠠᠭᠤᠯᠠ ᠶᠡᠬᠡ ᠮᠥᠷᠡᠨ᠎ᠦ ᠬᠥᠪᠡᠭᠡᠨ ᠳᠡᠬᠢ ᠮᠢᠶᠣᠣ ᠦᠨᠳᠦᠰᠦᠲᠡᠨ᠎ᠤ ᠵᠢᠵᠢᠭ ᠲᠣᠰᠭᠣᠨ᠎ᠳᠤ ᠬᠦᠷᠬᠦ ᠳ᠋ᠦ ᠵᠢᠭ᠌ᠳᠡ ᠰᠠᠢᠬᠠᠨ ᠪᠠᠢᠷᠢᠯᠠᠭᠰᠠᠨ ᠵᠢᠵᠢᠭ ᠠᠰᠠᠷ᠎ᠤᠳ ᠬᠠᠷᠠᠭᠠᠨᠳ᠋ᠤᠨᠢ ᠲᠤᠳᠤᠷᠠᠪᠠ᠃
ᠬᠤᠸᠠ ᠦ᠋ ᠲᠣᠰᠭᠣᠨ᠎ᠤ ᠠᠷᠠᠳ ᠮᠢᠶᠣᠣ ᠦᠨᠳᠦᠰᠦᠲᠡᠨ᠎ᠢᠶᠡᠷ ᠭᠣᠣᠯᠯᠠᠵᠤ᠂ ᠦᠨᠳᠦᠰᠦᠲᠡᠨ᠎ᠦ ᠣᠨᠴᠠᠯᠢᠭ ᠢᠯᠡ ᠲᠣᠳᠣᠪᠠᠷᠢᠶᠠᠨ 《ᠳᠤᠮᠳᠠᠳᠤ ᠤᠯᠤᠰ᠎ᠤᠨ ᠠᠷᠠᠳ᠎ᠤᠨ ᠰᠣᠶᠣᠯ ᠤᠷᠠᠯᠢᠭ᠎ᠤᠨ ᠨᠤᠲᠤᠭ》ᠬᠡᠮᠡᠨ ᠨᠡᠷᠡᠢᠳᠦᠭ᠌ᠳᠡᠪᠡ᠃ ᠮᠢᠶᠣᠣ ᠦᠨᠳᠦᠰᠦᠲᠡᠨ᠎ᠦ ᠬᠠᠳᠭᠤᠮᠠᠯ᠂ ᠯᠠᠳᠠᠵᠤ ᠪᠤᠳᠤᠬᠤ ᠵᠡᠷᠭᠡ ᠨᠢ ᠲᠤᠰ ᠲᠣᠰᠭᠣᠨ᠎ᠤ ᠭᠣᠣᠯᠳᠠᠯᠭ᠎ᠠ᠎ᠲᠠᠶ ᠬᠥᠭ᠌ᠵᠢᠭᠦᠯᠬᠦ᠌ ᠤᠨᠴᠠᠯᠢᠬ᠍ᠳᠤ ᠠᠵᠤ ᠦᠢᠯᠡᠰ ᠪᠤᠯᠵᠤ᠂ ᠬᠡᠳᠦᠨ ᠠᠷᠪᠠᠨ ᠲᠣᠰᠭᠣᠨ᠎ᠤ ᠠᠷᠠᠳ᠎ᠤᠨ ᠠᠵᠢᠯ ᠣᠯᠭᠣᠯᠲᠠ᠎ᠶ᠋ᠢ ᠲᠠᠢᠴᠢᠯᠠᠪᠠ᠃
ᠶᠡᠷᠦᠩᠬᠡᠢ ᠱᠦᠵᠢ ᠰᠢ ᠵᠢᠨ ᠫᠢᠩ ᠲᠡᠷᠭᠡᠨ᠎ᠡᠴᠡ ᠪᠠᠭᠤᠵᠤ ᠶᠠᠪᠠᠭᠠᠨ᠎ᠢᠶᠠᠷ ᠲᠣᠰᠭᠣᠨ᠎ᠤ ᠳᠦᠷᠰᠦ ᠪᠠᠢᠳᠠᠯ᠎ᠢ ᠪᠠᠢᠴᠠᠭᠠᠨ ᠦᠵᠡᠪᠡ᠃ ᠶᠠᠳᠠᠭᠤ᠎ᠶ᠋ᠢ ᠲᠡᠳᠬᠦᠬᠦ᠌ ᠦᠶ᠋ᠯᠡᠳᠪᠦᠷᠢ᠎ᠶ᠋ᠢᠨ ᠲᠠᠰᠤᠭ᠎ᠲᠤ ᠣᠷᠣᠬᠤ᠎ᠳᠤ᠂ ᠮᠢᠶᠣᠣ ᠦᠨᠳᠦᠰᠦᠲᠡᠨ᠎ᠦ ᠨᠠᠷᠢᠯᠢᠭ ᠰᠠᠢᠬᠠᠨ ᠤᠯᠠᠮᠵᠢᠯᠠᠯᠲᠤ ᠬᠤᠪᠴᠠᠰᠤ ᠵᠠᠰᠠᠯ᠎ᠨᠢ ᠶᠡᠷᠦᠩᠬᠡᠶ ᠱᠦᠵᠢ᠎ᠶ᠋ᠢᠨ ᠠᠩᠬᠠᠷᠤᠯ᠎ᠢ ᠲᠠᠲᠠᠵᠤ᠄ 《ᠴᠤᠯ ᠭᠠᠷᠤᠷᠠᠯᠠᠯ ᠦᠦ? ᠦᠨ᠎ᠡ ᠨᠢ ᠬᠡᠳᠦᠶ ᠪᠣᠶ? ᠪᠣᠷᠣᠯᠠᠭᠤᠯᠬᠤ ᠵᠠᠮ ᠶᠠᠮᠠᠷ ᠵᠡᠷᠭᠡ ᠪᠣᠶ?》 ᠭᠡᠵᠦ ᠠᠰᠠᠭᠤᠪᠠ᠃
《ᠮᠠᠰᠢᠨ᠎ᠢᠶᠡᠷ ᠬᠠᠳᠬᠤᠭᠰᠠᠨ ᠴᠦ᠍ ᠪᠤᠢ᠂ ᠭᠠᠷᠵᠢᠡᠷ ᠬᠠᠳᠬᠤᠭᠰᠠᠨ ᠴᠦ᠍ ᠪᠤᠢ᠃ ᠮᠠᠱᠢᠨ᠎ᠢᠶᠠᠷ ᠬᠠᠳᠭᠤᠭ᠍ᠰᠠᠨ ᠨᠢ ᠨᠢᠭᠡ ᠦᠪᠴᠢ᠎ᠵᠢᠨ ᠦᠨ᠎ᠡ ᠨᠢ ᠮᠢᠩᠭ᠎ᠠ ᠭᠠᠷᠤᠶ ᠲᠥᠭᠥᠷᠢᠭ᠎ᠲᠤ ᠬᠦᠷᠴᠦ ᠪᠤᠢ᠃ ᠭᠠᠷ᠎ᠢᠶᠠᠷ ᠬᠠᠳᠭᠤᠭ᠍ᠰᠠᠨ ᠨᠢ ᠨᠢᠭᠡ ᠦᠪᠴᠢ᠎ᠳᠡᠭᠡᠨ ᠲᠦᠮᠡ ᠨᠠᠶ᠋ᠮᠠᠨ ᠮᠢᠩᠭᠠᠨ ᠲᠥᠭᠥᠷᠢᠭ᠎ᠲᠤ ᠬᠦᠷᠦᠨ᠎ᠡ᠃ ᠮᠢᠶᠣᠣ ᠦᠨᠳᠦᠰᠦᠲᠡᠨ᠎ᠦ ᠠᠬ᠎ᠠ ᠳᠡᠭᠦᠦ᠍᠎ᠨᠡᠷ ᠡᠮᠦᠰᠴᠤ ᠪᠠᠢᠬᠤ ᠪᠡᠷ ᠪᠠᠷᠠᠬᠤ ᠦᠭᠡᠢ᠂ ᠵᠢᠭᠤᠯᠴᠢᠯᠠᠭᠴᠢᠳ ᠴᠦ᠍ ᠮᠠᠰᠢ ᠲᠤᠭᠤᠵᠤ ᠪᠠᠬᠠᠷᠠᠨ ᠬᠤᠳᠠᠯᠳᠤᠨ ᠠᠪᠴᠤ ᠪᠤᠢ》᠃ ᠲᠣᠰᠭᠣᠨ᠎ᠤ ᠠᠷᠠᠳ ᠶᠡᠷᠦᠩᠬᠡᠢ ᠱᠦᠵᠢ᠎ᠶ᠋ᠢᠨ ᠠᠰᠠᠭᠤᠯᠲᠠ᠎ᠶ᠋ᠢ ᠬᠠᠷᠢᠭᠤᠯᠤᠭ᠍ᠰᠠᠨᠤ ᠳᠠᠷᠠᠭ᠎ᠠ᠂ ᠯᠠᠳᠡᠵᠤ ᠪᠤᠳᠤᠬᠤ ᠮᠡᠷᠭᠡᠵᠢᠯᠲᠡᠨ ᠫᠸᠩ ᠢ ᠶᠡᠷᠦᠩᠬᠡᠢ ᠱᠦᠵᠢ ᠳᠦ ᠠᠰᠫᠢᠷᠠᠨᠲᠲᠡᠭᠦᠰᠦᠭ᠌ᠰᠡᠨᠦᠪᠡᠨᠳᠠᠷᠠᠭᠠ ᠨᠤᠲᠤᠭ᠎ᠲᠠᠭᠠᠨ ᠪᠤᠴᠠᠵᠤ ᠦᠢᠯᠡᠰ ᠪᠤᠰᠭᠠᠬ᠍ᠰᠠᠨ ᠥᠩᠭᠡᠷᠡᠯᠲᠡ᠎ᠪᠡᠨ ᠶᠠᠷᠢᠵᠤ ᠥᠭ᠌ᠪᠡ᠃
《ᠶᠡᠬᠡ ᠰᠠᠢᠨ! ᠴᠢ ᠴᠦ᠍ ᠤᠭ ᠰᠠᠨᠠᠭ᠎ᠠ᠎ᠪᠠᠨ ᠮᠠᠷᠲᠠᠬᠤ ᠦᠭᠡᠢ ᠳᠠ! ᠮᠢᠶᠣᠣ ᠦᠨᠳᠦᠰᠦᠲᠡᠨ᠎ᠤ ᠬᠠᠳᠭᠤᠮᠠᠯ ᠤᠯᠠᠮᠵᠢᠯᠠᠯ᠎ᠢ ᠬᠠᠳᠠᠭᠠᠯᠠᠭᠰᠠᠨ ᠮᠥᠷᠲᠡᠭᠡᠨ ᠤᠷᠤᠰᠭᠠᠯ᠎ᠢ ᠴᠦ᠍ ᠳᠠᠭᠠᠵᠤ ᠪᠤᠢ᠂ ᠲᠠᠨᠤᠰ ᠨᠢᠭᠡ ᠵᠡᠭᠦᠦ ᠨᠢᠭᠡ ᠤᠲᠠᠰᠤ᠎ᠪᠡᠷ ᠬᠠᠳᠭᠤᠵᠤ ᠭᠠᠷᠭᠠᠯ᠎ᠠ᠂ ᠶᠠᠮᠠᠷ ᠭᠤᠴᠤ ᠰᠠᠢᠬᠠᠨ ᠪᠣᠶ!》 ᠶᠡᠷᠦᠩᠬᠡᠢ ᠱᠦᠵᠢ ᠰᠢ ᠵᠢᠨ ᠫᠢᠩ᠂ ᠮᠢᠶᠣᠣ ᠦᠨᠳᠦᠰᠦᠲᠡᠨ᠎ᠦ ᠬᠠᠳᠭᠤᠮᠠᠯ᠎ᠢ ᠵᠠᠪᠠᠯ ᠪᠠᠳᠠᠷᠠᠭᠤᠯᠤᠨ ᠳᠡᠯᠭᠡᠷᠡᠭᠦᠯᠬᠦ᠌ ᠬᠡᠷᠡᠭ᠌ᠲᠡᠢ᠂ ᠡᠨᠡ ᠨᠢ ᠠᠵᠤ ᠦᠢᠯᠡᠰ ᠪᠣᠯᠬᠤ ᠪᠠᠷ ᠪᠠᠷᠠᠬᠤ ᠦᠭᠡᠢ ᠪᠠᠰᠠ ᠴᠤ᠌ ᠰᠣᠶᠣᠯ ᠪᠣᠯᠤᠨ᠎ᠠ᠂ ᠬᠥᠭᠵᠢᠭᠦᠯᠵᠦ ᠳᠡᠢᠯᠬᠦ᠎ᠳᠤ ᠬᠦᠷᠪᠡᠯ ᠦᠨᠳᠦᠰᠦᠲᠡᠨ᠎ᠦ ᠰᠣᠶᠣᠯ᠂ ᠤᠯᠠᠮᠵᠢᠯᠠᠯᠲᠤ ᠰᠣᠶᠣᠯ᠎ᠢ ᠪᠠᠳᠠᠷᠠᠭᠤᠯᠵᠦ ᠴᠢᠳᠠᠬᠤ᠎ᠪᠡᠷ ᠪᠠᠷᠠᠬᠤ ᠦᠭᠡᠢ ᠪᠠᠰᠠ ᠠᠵᠤ ᠦᠢᠯᠡᠰ᠎ᠢᠶᠡᠷ ᠶᠠᠳᠠᠭᠤ᠎ᠶ᠋ᠢ ᠲᠡᠳᠬᠦᠬᠦ᠌᠂ ᠬᠥᠳᠡᠭᠡ ᠲᠣᠰᠭᠣᠨ᠎ᠢ ᠬᠥᠭ᠌ᠵᠢᠭᠦᠯᠦᠨ ᠮᠠᠨᠳᠤᠭᠤᠯᠬᠤ᠎ᠳᠤ ᠬᠤᠪᠢ ᠨᠡᠮᠡᠷᠢ ᠦᠵᠡᠭᠦᠯᠬᠦ᠌ ᠪᠣᠯᠤᠨ᠎ᠠ ᠭᠡᠵᠦ᠍ ᠤᠯᠠᠨ᠎ᠢ ᠵᠣᠷᠢᠭ᠍ᠵᠢᠭᠤᠯᠪᠠ᠃
ᠫᠧᠩ ᠢ᠎ᠶᠢᠨ ᠰᠡᠳᠬᠢᠯ᠎ᠤᠨ ᠳᠠᠭᠤᠨ
ᠪᠢ ᠪᠣᠯ ᠬᠤᠸᠠ ᠡᠦ ᠲᠤᠰᠬᠤᠨ᠎ᠳᠤ ᠲᠥᠷᠥᠵᠦ ᠦᠰᠦᠭᠰᠡᠨ ᠬᠥᠮᠦᠨ ᠪᠤᠯᠤᠨ᠎ᠠ᠃ ᠪᠠᠭ᠎ᠠ᠎ᠳᠠᠭᠠᠨ ᠬᠠᠳᠠ ᠠᠪᠠᠷᠢᠵᠤ ᠠᠭᠤᠯᠠᠨ᠎ᠡᠴᠡ ᠭᠠᠷᠴᠤ᠌ ᠰᠤᠷᠭᠠᠭᠤᠯᠢ᠎ᠳᠤ ᠰᠠᠭᠤᠭ᠍ᠰᠠᠨ ᠶᠤᠮ᠃ ᠶᠡᠬᠡ ᠰᠤᠷᠭᠠᠭᠤᠯᠢ᠎ᠳᠤ ᠰᠠᠭᠤᠬᠤ᠎ᠳᠤ ᠮᠥᠨ ᠴᠦ᠍ ᠨᠡᠢᠭᠡᠮ᠎ᠦᠨ ᠲᠤᠰᠠᠯᠠᠮᠵᠢ᠎ᠳᠤ ᠲᠦᠱᠢᠭ᠌ᠯᠡᠨ ᠰᠤᠷᠤᠯᠭ᠎ᠠ᠎ᠪᠠᠨ ᠲᠡᠭᠦᠰᠭᠡᠪᠡ᠃ ᠣᠳᠣ ᠪᠢ ᠲᠣᠰᠭᠣᠨ᠎ᠳᠠᠭᠠᠨ ᠪᠤᠴᠠᠵᠤ ᠦᠢᠯᠡᠰ ᠪᠤᠰᠬᠠᠬᠤ᠎ᠶ᠋ᠢ ᠰᠣᠩᠭᠣᠭ᠍ᠰᠠᠨ ᠨᠢ ᠳᠠᠷᠤᠢ ᠨᠤᠲᠤᠭ᠎ᠤᠨ ᠠᠬ᠎ᠠ ᠳᠡᠭᠦᠦ᠍᠎ᠨᠡᠷ᠎ᠢᠶᠡᠨ ᠳᠠᠢᠴᠢᠯᠠᠨ ᠬᠠᠮᠲᠤ᠎ᠪᠠᠷ ᠪᠠᠶᠠᠵᠢᠬᠤ᠎ᠶ᠋ᠢᠨ ᠲᠥᠯᠥᠭᠡ ᠶᠤᠮ᠃ ᠲᠡᠷᠡ ᠡᠳᠦᠷ᠂ ᠶᠡᠷᠦᠩᠬᠡᠢ ᠱᠦᠵᠢ ᠮᠢᠶᠣᠣ ᠥᠨᠳᠦᠰᠦᠲᠡᠨᠤ ᠬᠠᠳᠭᠤᠮᠠᠯ᠎ᠢ《ᠶᠠᠮᠠᠷ ᠭᠤᠴᠤ ᠰᠠᠢᠬᠠᠨ ᠪᠤᠢ》ᠭᠡᠮᠡᠨ ᠮᠠᠭ᠍ᠲᠠᠨ ᠰᠠᠢᠱᠢᠶᠠᠭ᠍ᠰᠠᠨ᠎ᠳᠤ ᠪᠢ ᠲᠤᠢᠯ᠎ᠢᠶᠠᠷ ᠣᠮᠣᠭ᠍ᠰᠢᠯᠠ᠃
ᠮᠢᠶᠣᠣ ᠦᠨᠳᠦᠰᠦᠲᠡᠨ᠎ᠦ ᠪᠣᠳᠠᠰ᠎ᠤᠨ ᠪᠤᠰᠤ ᠰᠣᠶᠣᠯ᠎ᠤᠨ ᠥᠪ᠎ᠦᠨ ᠤᠯᠠᠮᠵᠢᠯᠠᠭ᠍ᠴᠢ ᠪᠣᠯᠤᠭ᠍ᠰᠠᠨ᠎ᠤ ᠬᠤᠪᠢ᠎ᠳᠤ᠂ ᠪᠢ ᠮᠠᠰᠢ ᠤᠷᠮᠠᠱᠢᠨ ᠵᠣᠷᠢᠭ᠍ᠵᠢᠵᠤ ᠪᠠᠢᠨ᠎ᠠ᠂ ᠶᠡᠷᠦᠩᠬᠡᠢ ᠱᠦᠵᠢ ᠶ᠋ᠢᠨ ᠬᠠᠯᠠᠮᠵᠢᠯᠠᠯ ᠨᠢ ᠨᠢᠭᠡ ᠨᠤᠲᠤᠭ ᠤᠰᠤᠨ᠎ᠤ ᠰᠣᠶᠣᠯ᠎ᠤᠨ ᠳᠤᠷᠠᠰᠤᠮᠵᠢ᠎ᠶ᠋ᠢ ᠠᠮᠢᠯᠠᠭᠤᠯᠪᠠ᠃ ᠣᠷᠣᠨ ᠨᠤᠲᠤᠭ᠎ᠤᠨ ᠨᠠᠮ᠎ᠤᠨ ᠬᠣᠷᠢᠶ᠎ᠠ ᠪᠣᠯᠤᠨ ᠵᠠᠰᠠᠭ᠎ᠤᠨ ᠣᠷᠳᠣᠨ᠎ᠤ ᠬᠠᠯᠠᠮᠵᠢᠯᠠᠯ ᠳᠡᠮᠵᠢᠯᠭᠡ ᠳᠣᠣᠷ᠎ᠠ᠂ ᠮᠢᠨᠦ᠍ ᠠᠵᠢᠯᠯᠠᠬᠤ ᠦᠷᠦᠭᠡ ᠦᠳᠲᠡᠷ ᠲᠦᠷᠭᠡᠨ ᠬᠥᠭ᠌ᠵᠢᠵᠦ᠍᠂ ᠮᠤᠵᠢ᠎ᠶ᠋ᠢᠨ ᠳᠣᠲᠣᠨ᠎ᠠ ᠭᠠᠳᠠᠨᠠᠬᠢ ᠴᠥᠭᠡᠨ ᠪᠤᠰᠤ ᠵᠠᠬᠢᠶᠠᠯᠠᠭ᠎ᠠ᠎ᠶ᠋ᠢ ᠲᠤᠰᠴᠠᠢ᠃ ᠣᠨᠳᠣᠣ ᠭᠠᠵᠠᠷ ᠨᠡᠭᠦᠯᠭᠡᠵᠦ ᠶᠠᠳᠠᠭᠤ᠎ᠶ᠋ᠢ ᠲᠡᠳᠬᠦᠬᠦ᠌ ᠭᠡᠷ ᠪᠦᠯᠢ᠎ᠶ᠋ᠢᠨ 30 ᠡᠮᠡᠭ᠌ᠲᠡᠢ ᠮᠢᠨᠦ᠍ ᠠᠵᠢᠯᠯᠠᠬᠤ ᠦᠷᠦᠭᠡ ᠳᠦ ᠬᠠᠳᠭᠤᠮᠠᠯᠬᠠᠳᠬᠤᠭᠴᠢ᠂ ᠪᠤᠳᠤᠭᠯᠠᠭᠴᠢ ᠪᠤᠯᠵᠤ᠂ ᠭᠡᠷ᠎ᠦᠨ᠎ᠢᠶᠡᠨ ᠡᠭᠦᠳᠡᠨ᠎ᠳᠦ ᠠᠵᠢᠯ ᠤᠯᠬᠤ᠎ᠶ᠋ᠢ ᠪᠡᠶᠡᠯᠡᠭᠦᠯᠪᠡ᠃ ᠮᠠᠨ᠎ᠤ ᠲᠣᠰᠭᠣᠨ ᠤᠨᠴᠠᠯᠢᠬ᠍ᠳᠤ ᠦᠨᠳᠦᠰᠦᠲᠡᠨ᠎ᠦ ᠭᠠᠷ ᠦᠢᠯᠡᠳᠪᠦᠷᠢ ᠪᠣᠯᠤᠨ ᠬᠥᠳᠡᠭᠡ ᠲᠣᠰᠭᠣᠨ᠎ᠤ ᠵᠢᠭᠤᠯᠴᠢᠯᠠᠯ᠎ᠢ ᠤᠶᠠᠯᠳᠤᠭᠤᠯᠵᠤ᠂ ᠴᠥᠭᠡᠨ ᠪᠤᠰᠤ ᠰᠣᠶᠣᠯ᠎ᠤᠨ ᠡᠭᠦᠳᠦᠯᠲᠡ᠎ᠶ᠋ᠢᠨ ᠪᠦᠲᠦᠭᠡᠭ᠌ᠳᠡᠬᠦᠨ ᠭᠠᠷᠭᠠᠵᠤ᠂ ᠬᠥᠳᠡᠭᠡ ᠲᠣᠰᠭᠣᠨ᠎ᠢ ᠬᠥᠭ᠌ᠵᠢᠭᠦᠯᠦᠨ ᠮᠠᠨᠳᠤᠭᠤᠯᠬᠤ᠎ᠳᠤ ᠬᠦᠴᠦᠨ ᠨᠡᠮᠡᠷᠢᠯᠡᠬᠦ᠌ ᠴᠢᠬᠤᠯᠠ ᠠᠵᠤ ᠦᠢᠯᠡᠰ ᠪᠣᠯᠵᠠᠢ᠃
ᠣᠲᠣ᠂ ᠪᠢ ᠮᠢᠶᠣᠣ ᠦᠨᠳᠦᠰᠦᠲᠡᠨ᠎ᠦ ᠤᠯᠠᠮᠵᠢᠯᠠᠯᠲᠤ ᠤᠨᠴᠠᠯᠢᠬ᠍ᠳᠤ ᠭᠠᠷ ᠤᠷᠠᠯᠠᠯ ᠤᠨ ᠮᠡᠷᠭᠡᠰᠢᠯ᠎ᠢ ᠤᠯᠠᠮᠵᠢᠯᠠᠨ ᠵᠠᠯᠭᠠᠮᠵᠢᠯᠠᠭ᠍ᠰᠠᠨ ᠰᠠᠭᠤᠷᠢᠨ ᠳᠡᠭᠡᠷ᠎ᠡ᠂ ᠣᠯᠠᠨ ᠡᠱᠢᠲᠦ ᠬᠢᠯᠢ ᠠᠯᠤᠰᠯᠠᠭ᠍ᠰᠠᠨ᠂ ᠠᠭᠤᠰᠤᠯᠴᠠᠨ ᠱᠢᠨ᠎ᠡ᠎ᠶ᠋ᠢ ᠡᠭᠦᠳᠬᠦ᠌᠎ᠪᠡᠷ ᠴᠢᠷᠮᠠᠢᠵᠤ᠂ ᠨᠠᠩ ᠣᠯᠠᠨ ᠬᠥᠮᠦᠨ ᠲᠡᠶ ᠬᠠᠮᠲᠤ᠎ᠪᠠᠷ ᠴᠢᠷᠮᠠᠢᠵᠤ ᠪᠠᠢᠭᠠᠳ ᠮᠢᠶᠣᠣ ᠦᠨᠳᠦᠰᠦᠲᠡᠨ᠎ᠤ ᠬᠠᠳᠭᠤᠮᠠᠯ᠎ᠢ ᠪᠠᠳᠠᠷᠠᠭᠤᠯᠤᠨ ᠳᠡᠯᠭᠡᠷᠡᠭᠦᠯᠵᠦ᠍᠂ ᠨᠢᠭᠡ ᠵᠡᠭᠦᠦ ᠨᠢᠭᠡ ᠤᠲᠠᠰᠤ᠎ᠪᠡᠷ ᠨᠠᠩ ᠭᠣᠢᠳᠠ ᠰᠠᠢᠬᠠᠨ ᠠᠮᠢᠳᠤᠷᠠᠯ᠎ᠢ ᠤᠷᠠᠯᠠᠨ ᠪᠦᠲᠦᠭᠡᠬᠦ᠌᠎ᠪᠡᠷ ᠴᠢᠷᠮᠠᠢᠵᠤ ᠪᠠᠢᠨ᠎ᠠ! (ᠱᠢᠨᠬᠤᠸᠠ ᠬᠣᠷᠢᠶᠠᠨ᠎ᠤ ᠭᠦᠢᠶᠠᠩ᠎ᠤᠨ 4 ᠰᠠᠷ᠎ᠠ᠎ᠶ᠋ᠢᠨ 26᠎ᠤ᠋ ᠴᠠᠬᠢᠯᠭᠠᠨ ᠮᠡᠳᠡᠭᠡ)
- ᠨᠠᠢᠷᠠᠭᠤᠯᠤᠭ᠍ᠴᠢ᠄
- ᠨᠡᠪᠲᠡᠷᠡᠭᠦᠯᠦᠭᠴᠢ᠄
- ᠮᠡᠷᠭᠡᠵᠢᠯ᠄
ᠨᠠᠢᠷᠠᠭᠤᠯᠤᠭ᠍ᠴᠢ᠄ ᠰᠤᠶᠤᠯᠲᠦ
ᠣᠷᠴᠢᠭᠤᠯᠤᠭ᠍ᠴᠢ᠄




ᠰᠢᠭᠦᠮᠵᠢ ᠠᠯᠠᠭ᠎ᠠ ᠂ ᠬᠤᠷᠳᠤᠨ ᠨᠢᠭᠡᠳᠦᠭᠡᠷ ᠵᠤᠷᠪᠤᠰ ᠰᠢᠭᠦᠮᠵᠢ ᠨᠡᠢ᠌ᠲᠡᠯᠡᠭᠡᠷᠡᠢ᠃