ᠭᠣᠣᠯ ᠰᠡᠳᠦᠪᠲᠦ ᠮᠡᠳᠡᠭᠡᠯᠡᠯ > ᠶᠡᠷᠦᠩᠬᠡᠢ ᠱᠦᠵᠢ ᠠᠷᠠᠳ ᠲᠦᠮᠡᠨ ᠲᠠᠢ᠎ᠪᠠᠨ ᠬᠠᠮᠤᠭ᠎ᠤ᠋ᠨ ᠳᠣᠲᠣᠨᠣ

2022-04-21 09:49:08

ᠵᠣᠬᠢᠶᠠᠭ᠍ᠴᠢ᠄ ᠱᠢᠨᠬᠤᠸᠠ ᠬᠣᠷᠢᠶᠠᠨ᠎ᠤ ᠰᠤᠷᠪᠤᠯᠵᠢᠯᠠᠭ᠍ᠴᠢ ᠴᠧᠨ ᠨᠦᠸᠸ ᠢᠦᠢ ᠴᠢ ᠬᠠᠨ ᠣᠩᠱᠢᠭ᠍ᠰᠠᠨ ᠣᠳᠠᠭ᠎ᠠ᠄ 3

ᠠᠨᠾᠦᠶ᠋ᠢ ᠮᠤᠵᠢ᠎ᠶ᠋ᠢᠨ ᠴᠦᠵᠧᠦ ᠬᠣᠲᠠ᠎ᠶ᠋ᠢᠨ ᠹᠸᠩ ᠶᠠᠩ ᠱᠢᠶᠠᠨ᠎ᠤ ᠱᠢᠶᠤᠤ ᠭᠠᠩ ᠲᠣᠰᠭᠣᠨ ᠪᠣᠯ ᠪᠥᠬᠥ᠌ ᠤᠯᠤᠰ᠎ᠤᠨ ᠬᠥᠳᠡᠭᠡ ᠲᠣᠰᠭᠣᠨ᠎ᠤ ᠥᠭᠡᠷᠡᠴᠢᠯᠡᠯᠲᠡ᠎ᠶ᠋ᠢᠨ ᠪᠡᠯᠭᠡ ᠲᠡᠮᠳᠡᠭ ᠮᠥᠨ᠃ 2016 ᠣᠨ᠎ᠤ 4 ᠰᠠᠷ᠎ᠠ᠎ᠶ᠋ᠢᠨ 25 ᠎ᠤ᠋ ᠡᠳᠦᠷ᠂ ᠶᠡᠷᠦᠩᠬᠡᠶ ᠱᠦᠵᠢ ᠰᠢ ᠵᠢᠨ ᠫᠢᠩ ᠠᠨᠾᠦ᠋ᠢ᠎ᠳ᠋ᠤ ᠪᠠᠢᠴᠠᠭᠠᠨ ᠰᠤᠳᠤᠯᠤᠯᠲᠠ ᠬᠢᠬᠦ᠌ ᠬᠤᠭᠤᠴᠠᠭᠠᠨ᠎ᠳᠤ ᠡᠨᠳᠡ ᠢᠷᠡᠵᠦ᠍ ᠱᠢᠨᠵᠢᠯᠡᠨ ᠪᠠᠢᠴᠠᠭᠠᠵᠤ᠂ ᠶᠡᠬᠡ ᠳᠠᠭᠠᠭᠠᠴᠢᠯᠠᠯᠲᠠ᠎ᠶ᠋ᠢᠨ ᠳᠠᠭᠠᠭᠤᠯᠤᠭ᠍ᠴᠢ ᠶᠠᠨ ᠵᠢᠨ ᠴᠠᠩ᠎ᠤᠨ ᠬᠡᠷ᠎ᠲᠦ ᠬᠦᠷᠴᠦ᠍ ᠪᠣᠯᠭᠣᠭᠠᠨ ᠦᠵᠡᠪᠡ᠃ ᠣᠢᠷ᠎ᠠ᠎ᠳᠤ᠂ ᠱᠢᠨᠬᠤᠸᠠ ᠬᠣᠷᠢᠶᠠᠨ᠎ᠤ ᠰᠤᠷᠪᠤᠯᠵᠢᠯᠠᠭ᠍ᠴᠢ ᠶᠠᠨ ᠵᠢᠨ ᠴᠠᠩ᠎ᠢ ᠡᠷᠬᠢᠵᠦ ᠰᠤᠷᠪᠤᠯᠵᠢᠯᠠᠪᠠ᠃


ᠦᠵᠡᠭ᠌ᠳᠡᠯ᠎ᠢ ᠡᠷᠬᠢᠴᠡᠭᠦᠯᠬᠦᠢ


ᠲᠡᠷᠡ ᠡᠳᠦᠷ᠂ ᠶᠠᠨ ᠵᠢᠨ ᠴᠠᠩ᠎ᠤᠨ ᠨᠢᠭᠡ ᠭᠡᠷ᠎ᠦᠨ ᠬᠢᠨ ᠡᠭᠦᠳᠡᠨ᠎ᠳᠡᠭᠡᠨ ᠵᠣᠭ᠍ᠰᠣᠵᠤ᠂ ᠶᠡᠷᠦᠩᠬᠡᠢ ᠱᠦᠵᠢ ᠰᠢ ᠵᠢᠨ ᠫᠢᠩ᠎ᠢ ᠬᠠᠯᠠᠭᠤᠮᠰᠤᠭ ᠵᠢᠡᠷ ᠭᠡᠷ᠎ᠲᠡᠬᠡᠨ ᠵᠠᠯᠠᠪᠠ᠃ ᠶᠡᠷᠦᠩᠬᠡᠶ ᠱᠦᠵᠢ ᠲᠡᠳᠡᠨ᠎ᠤ ᠬᠡᠷ ᠪᠦᠯᠢ᠎ᠶ᠋ᠢᠨ ᠬᠢᠨ᠎ᠦ ᠠᠵᠢᠯ ᠣᠯᠤᠭ᠍ᠰᠠᠨ ᠪᠠᠢᠳᠠᠯ᠂ ᠰᠤᠷᠭᠠᠭᠤᠯᠢ᠎ᠳᠤ ᠤᠷᠤᠭ᠍ᠰᠠᠨ ᠪᠠᠢᠳᠠᠯ᠎ᠢ ᠯᠠᠪᠯᠠᠨ ᠠᠰᠠᠭᠤᠵᠤ᠂ ᠲᠡᠳᠡᠨ᠎ᠦ ᠵᠡᠭᠡᠯᠢ ᠳᠠᠭᠠᠬᠰᠠᠨ ᠬᠡᠷ ᠪᠠᠢᠱᠢᠩ᠎ᠢᠶᠠᠷ᠎ᠢᠶᠠᠨ ᠵᠢᠵᠢᠭ ᠬᠡᠲᠦ ᠳᠡᠯᠭᠡᠭᠦᠷ ᠪᠠ ᠲᠠᠷᠢᠶᠠᠴᠢᠨ ᠠᠢᠯ᠎ᠤᠨ ᠵᠢᠭᠤᠯᠴᠢᠯᠠᠯ᠎ᠤᠨ ᠦᠢᠯᠡᠰ ᠡᠷᠭᠢᠯᠡᠵᠦ᠍ ᠪᠠᠢᠭ᠎ᠠ ᠪᠠᠢᠳᠠᠯ᠎ᠢ ᠣᠢᠯᠠᠭᠠᠪᠠ᠃ ᠵᠢᠭᠤᠯᠴᠢᠯᠠᠭᠰᠠᠳ ᠵᠤᠴᠢᠳ ᠮᠠᠰᠢ ᠤᠯᠠᠨ ᠪᠠᠢᠬᠤ᠎ᠶ᠋ᠢ ᠮᠡᠳᠡᠭᠡᠳ ᠶᠡᠷᠦᠩᠬᠡᠢ ᠱᠦᠵᠢ ᠰᠢ ᠵᠢᠨ ᠫᠢᠩ᠄ 《ᠰᠠᠢ᠌ᠨ! ᠲᠠᠷᠢᠶᠠᠴᠢᠨ ᠠᠢᠯ᠎ᠤᠨ ᠵᠢᠭᠤᠯᠴᠢᠯᠠᠯ ᠰᠠᠢᠨ》 ᠭᠡᠪᠡ᠃

ᠲᠡᠳᠡᠨ᠎ᠦ ᠠᠭᠤᠵᠢᠮ ᠰᠠᠷᠠᠭᠤᠯ ᠱᠢᠨ᠎ᠡ ᠭᠡᠷ᠎ᠲᠦ ᠰᠠᠭᠤᠵᠤ᠂ ᠲᠦᠭᠡᠭᠡᠯ ᠤᠰᠤ ᠬᠡᠷᠡᠭ᠌ᠯᠡᠵᠦ᠍᠂ ᠰᠦᠯᠵᠢᠶ᠎ᠠ ᠨᠡᠪᠲᠡᠷᠡᠭᠰᠡᠨ ᠵᠢᠴᠢ ᠤᠯᠠᠨ ᠨᠡᠢᠲᠡ᠎ᠶ᠋ᠢᠨ ᠦᠢᠯᠡᠴᠢᠯᠡᠭᠡ ᠨᠡᠢᠭᠡᠮ ᠲᠣᠭᠣᠷᠢᠭ᠎ᠲᠤ ᠣᠷᠣᠵᠤ᠂ ᠠᠮᠢᠳᠤᠷᠠᠯ᠎ᠤᠨ ᠣᠷᠴᠢᠨ ᠲᠣᠭᠣᠷᠢᠨ ᠴᠡᠪᠡᠷ ᠲᠡᠭ᠌ᠰᠢ ᠪᠠᠢᠬᠤ᠎ᠶ᠋ᠢ ᠦᠵᠡᠭᠡᠳ ᠶᠡᠷᠦᠩᠬᠡᠢ ᠱᠦᠵᠢ ᠰᠢ ᠵᠢᠨ ᠫᠢᠩ ᠮᠠᠰᠢ ᠪᠠᠶᠠᠷᠯᠠᠪᠠ᠃ ᠶᠡᠷᠦᠩᠬᠡᠶ ᠱᠦᠵᠢ᠂ ᠥᠩᠭᠡᠷᠡᠭ᠌ᠰᠡᠨ᠎ᠲᠡᠶ ᠠᠳᠠᠯᠢᠳᠭᠠᠪᠠᠯ᠂ ᠥᠭᠡᠷᠡᠴᠢᠯᠡᠯᠲᠡ ᠨᠡᠭᠡᠭᠡᠯᠲᠡ ᠬᠢᠭ᠌ᠰᠡᠨ 30 ᠭᠠᠷᠤᠶ ᠵᠢᠯ᠎ᠳᠦ ᠦᠨᠡᠬᠡᠷ ᠭᠠᠯᠪᠠ ᠲᠡᠯᠡᠬᠡᠢ ᠵᠢ ᠳᠣᠩᠰᠣᠯᠭᠠᠮ᠎ᠠ ᠬᠤᠪᠢᠷᠠᠯᠲᠠ ᠭᠠᠷᠴᠠᠶ᠃ ᠱᠢᠶᠣᠤ ᠭᠠᠩ ᠲᠤᠰᠬᠤᠨ᠎ᠤ ᠬᠦᠰᠡᠯ ᠮᠦᠨ ᠴᠤ᠌ ᠥᠷᠭᠡᠨ ᠣᠯᠠᠨ ᠲᠠᠷᠢᠶᠠᠴᠢᠨ᠎ᠤ ᠬᠦᠰᠡᠯ ᠮᠦᠨ᠃ ᠲᠠ᠎ᠨᠠᠷ᠎ᠤᠨ ᠠᠮᠢᠳᠤᠷᠠᠯ ᠤᠯᠠᠮ᠎ᠠᠴᠠ ᠤᠯᠠᠮ ᠰᠠᠢᠨ ᠪᠣᠯᠬᠤ᠎ᠶ᠋ᠢ ᠵᠥᠩᠨᠡᠶ᠎ᠡ ᠭᠡᠪᠡ᠃


ᠶᠠᠨ ᠵᠢᠨ ᠴᠠᠩ᠎ᠤᠨ ᠰᠡᠳᠭᠢᠯ᠎ᠦᠨ ᠳᠠᠭᠤᠨ


ᠮᠠᠨ ᠲᠠᠢ ᠠᠭᠤᠯᠵᠠᠮᠠᠭ᠍ᠴᠠ ᠪᠠᠨ ᠶᠡᠷᠦᠩᠬᠡᠢ ᠱᠦᠵᠢ ᠢᠨᠢᠶᠡᠮᠰᠦᠭ᠌ᠯᠡᠭ᠌ᠰᠡᠭᠡᠷ ᠮᠠᠨ᠎ᠤ ᠪᠦᠬᠦ᠌ ᠭᠡᠷ᠎ᠦᠨ ᠠᠮᠤᠷ᠎ᠢ ᠠᠰᠠᠭᠤᠪᠠ᠂ ᠲᠡᠷᠡ ᠮᠥᠴᠡ᠎ᠳᠦ ᠮᠢᠨᠦ᠍ ᠰᠡᠳᠭᠢᠯ ᠮᠠᠰᠢ ᠶᠡᠬᠡ ᠳᠣᠭ᠍ᠳᠣᠯᠪᠠ᠃ ᠪᠢ ᠶᠡᠷᠦᠩᠬᠡᠢ ᠱᠦᠵᠢ᠎ᠲᠡᠶ ᠬᠠᠮᠲᠤ ᠲᠠᠷᠢᠶᠠᠴᠢᠨ ᠠᠢᠯ᠎ᠤᠨ ᠵᠢᠭᠤᠯᠴᠢᠯᠠᠯ᠎ᠤᠨ ᠦᠷᠦᠭᠡ ᠪᠡᠷ ᠲᠠᠮᠵᠢᠨ ᠭᠠᠷᠬᠤ᠎ᠳᠦ᠂ ᠲᠡᠷᠡ ᠶᠠᠪᠤᠬᠤ᠎ᠶ᠋ᠢᠨ ᠳᠠᠭᠠᠤ ᠨᠠᠳᠠ᠎ᠲᠠᠶ ᠵᠣᠭᠣᠭ᠍ᠳᠠᠵᠤ᠂ ᠶᠠᠭ ᠥᠪᠡᠷ᠎ᠦᠨ ᠭᠡᠷ᠎ᠦᠨ ᠬᠥᠮᠦᠨ ᠱᠢᠭ ᠨᠠᠷᠢᠨ ᠠᠰᠠᠭᠤᠵᠤ ᠰᠤᠷᠠᠪᠠ᠃

《ᠱᠢᠶᠤᠤ ᠭᠠᠩ ᠲᠣᠰᠭᠣᠨ᠎ᠤ ᠲᠤᠬᠠᠢ᠎ᠶ᠋ᠢᠨ ᠵᠢᠯ᠎ᠦᠨ ᠡᠭᠦᠳᠦᠯᠲᠡ ᠪᠣᠯ ᠮᠠᠨ᠎ᠤ ᠤᠯᠤᠰ᠎ᠤᠨ ᠥᠭᠡᠷᠡᠴᠢᠯᠡᠯᠲᠡ ᠨᠡᠬᠡᠬᠡᠯᠳᠡ᠎ᠶ᠋ᠢᠨ ᠠᠶᠤᠩᠭ᠎ᠠ ᠵᠢᠨ ᠲᠠᠭᠤᠨ ᠪᠤᠯᠤᠨ᠎ᠠ》᠃ ᠶᠡᠷᠦᠩᠬᠡᠶ ᠱᠦᠵᠢ᠎ᠶ᠋ᠢᠨ ᠡᠨᠡ ᠦᠭᠡ ᠨᠢ ᠨᠠᠳᠠ᠎ᠳᠦ ᠥᠪᠡᠷ᠎ᠤᠨ ᠡᠷᠬᠡ ᠦᠭᠡᠢ ᠥᠨᠭᠭᠡᠷᠡᠭᠰᠡᠨ᠎ᠢ ᠪᠤᠳᠤᠭᠳᠠᠭᠤᠯᠤᠯ᠎ᠠ᠂ 40 ᠭᠠᠷᠤᠶ ᠵᠢᠯ᠎ᠦᠨ ᠡᠮᠦᠨ᠎ᠡ᠂ ᠮᠠᠨ᠎ᠤ ᠬᠡᠷ᠎ᠲᠤ᠌ 6 ᠬᠡᠦᠬᠡᠳ ᠲᠠᠢ ᠪᠠᠢᠵᠤ᠂ ᠡᠳᠦᠷ ᠪᠦᠷᠢ ᠨᠢᠳᠦ᠍᠎ᠪᠡᠨ ᠨᠡᠭᠡᠭᠡᠮᠡᠭ᠌ᠴᠡ ᠢᠳᠡᠬᠦ᠌᠎ᠶ᠋ᠢᠨ ᠲᠥᠯᠥᠭᠡ ᠰᠠᠨᠠᠭᠠᠰᠢᠷᠠᠵᠤ ᠪᠠᠢᠪᠠ᠃ ᠠᠷᠭ᠎ᠠ ᠦᠭᠡᠢ ᠪᠣᠯᠬᠤ᠎ᠳᠠᠭᠠᠨ ᠥᠪᠡᠷ᠎ᠦᠨ ᠠᠮᠢ᠎ᠪᠡᠶ᠎ᠠ ᠪᠠᠨ ᠴᠦᠯᠡᠵᠤ ᠂ ᠭᠠᠵᠠᠷ ᠲᠠᠷᠢᠶ᠎ᠠ ᠵᠢ ᠲᠠᠭᠠᠭᠠᠴᠢᠯᠠᠬᠤ ᠪᠢᠴᠢᠭ ᠲᠤ᠌ ᠭᠠᠷ᠎ᠤᠨ ᠦᠰᠦᠭ ᠵᠢᠷᠤᠨ᠂ ᠶᠡᠬᠡ ᠳᠠᠭᠠᠭᠠᠴᠢᠯᠠᠯᠲᠠ ᠬᠢᠭᠰᠡᠨ ᠵᠢᠡᠷ ᠴᠢᠨᠡᠭᠡᠯᠢᠭᠵᠢᠯ᠎ᠤᠨ ᠵᠠᠮ᠎ᠢᠶᠡᠷ ᠵᠠᠮᠨᠠᠵᠤ ᠡᠬᠢᠯᠡᠵᠠᠢ᠃

ᠠᠯᠢ ᠤᠯᠠᠨ ᠬᠡᠯᠡᠶ᠎ᠡ ᠭᠡᠰᠡᠨ ᠦᠭᠡ ᠰᠡᠳᠬᠢᠯ ᠵᠢᠷᠦᠬᠡᠨ᠎ᠡᠴᠡ ᠤᠨᠳᠤᠷᠤᠨ ᠭᠠᠷᠴᠤ᠂ ᠪᠢ ᠶᠡᠷᠦᠩᠬᠡᠢ ᠱᠦᠵᠢ᠎ᠶ᠋ᠢᠨ ᠭᠠᠷ᠎ᠢ ᠴᠢᠩᠭ᠎ᠠ ᠠᠳᠭᠤᠵᠤ᠂ ᠨᠠᠮ᠎ᠤᠨ ᠰᠠᠢ᠌ᠨ ᠲᠦᠷᠦ᠍᠎ᠶ᠋ᠢᠨ ᠪᠤᠳᠤᠯᠭ᠎ᠠ᠎ᠳᠤ ᠲᠠᠯᠠᠷᠬᠠᠵᠤ ᠪᠠᠢᠨ᠎ᠠ ᠭᠡᠪᠡ᠃ ᠲᠧᠯᠸᠢᠰ ᠲᠡᠭᠡᠷ᠎ᠡ᠎ᠡᠴᠡ ᠤᠳᠠᠭ᠎ᠠ ᠪᠦᠷᠢ ᠶᠡᠷᠦᠩᠬᠡᠢ ᠱᠦᠵᠢ᠎ᠶ᠋ᠢᠨ ᠲᠠᠷᠢᠶᠠᠨ ᠵᠠᠬ᠎ᠠ᠂ ᠲᠠᠷᠢᠶᠠᠴᠢᠨ ᠠᠢᠯ᠎ᠳᠤ ᠣᠴᠢᠬᠤ᠎ᠶ᠋ᠢ ᠣᠯᠵᠤ ᠬᠠᠷᠠᠬᠤ ᠪᠣᠯᠭᠠᠨ ᠦᠪᠡᠷ᠎ᠤᠨ ᠡᠷᠬᠡ ᠦᠭᠡᠢ ᠰᠡᠳᠬᠢᠯ ᠬᠥᠳᠡᠯᠵᠦ᠂ ᠲᠡᠭᠦᠨ᠎ᠦ ᠰᠡᠳᠭᠢᠯ ᠡᠭᠦᠷᠢᠲᠡ ᠮᠠᠨ᠎ᠤ ᠲᠠᠷᠢᠶᠠᠴᠢᠳ᠎ᠲᠠᠶ ᠬᠠᠮᠲᠤ ᠪᠠᠢᠨ᠎ᠠ ᠭᠡᠵᠦ ᠪᠤᠳᠤᠳᠠᠭ᠃

ᠭᠠᠵᠠᠷ ᠱᠢᠷᠣᠢ ᠪᠣᠯ ᠪᠢᠳᠡᠨ᠎ᠦ《ᠠᠮᠢ ᠭᠣᠣᠯ》ᠮᠥᠨ᠃ ᠬᠡᠳᠦᠢᠪᠡᠷ ᠪᠢ ᠨᠢᠭᠡᠨᠲᠡ 80 ᠨᠠᠰᠤ ᠬᠦᠷᠬᠦ᠌ ᠱᠢᠬᠠᠭ᠍ᠰᠠᠨ ᠪᠣᠯᠪᠠᠴᠤ᠌᠂ ᠮᠥᠨ ᠯᠡ ᠲᠤᠬᠠᠢ᠎ᠶ᠋ᠢᠨ ᠵᠢᠯ᠎ᠲᠡᠶ᠎ᠪᠡᠨ ᠠᠳᠠᠯᠢ ᠪᠡᠷ ᠪᠣᠳᠣᠵᠤ ᠲᠤᠷᠱᠢᠬᠤ ᠵᠣᠷᠢᠭ ᠰᠦᠰᠦ ᠲᠠᠢ ᠱᠢᠶᠣᠤ ᠭᠠᠩ ᠲᠤᠰᠬᠤᠨ᠎ᠤ ᠬᠥᠮᠦᠨ ᠪᠠᠢᠬᠰᠠᠭᠠᠷ᠃ ᠥᠪᠡᠷ᠎ᠦᠨ ᠲᠠᠷᠢᠶᠠᠨ ᠭᠠᠵᠠᠷ ᠵᠢᠡᠨ ᠲᠠᠭᠠᠭᠠᠴᠢᠯᠠᠭᠤᠯᠤᠨ ᠦᠭᠭᠦᠭᠡᠳ ᠲᠠᠷᠢᠶᠠᠴᠢᠨ ᠠᠢᠯ᠎ᠤᠨ ᠵᠢᠭᠤᠯᠴᠢᠯᠠᠯ᠎ᠤᠨ ᠦᠢᠯᠡᠰ ᠡᠷᠬᠢᠯᠡᠪᠡ᠃ ᠡᠢᠮᠦ᠍᠎ᠡᠴᠡ ᠪᠢ ᠶᠡᠷᠦᠩᠬᠡᠢ ᠱᠦᠵᠢ᠎ᠳᠦ᠄ 《ᠲᠠ ᠳᠤᠮᠳᠠᠳᠤ᠎ᠶ᠋ᠢᠨ ᠦᠨᠳᠦᠰᠦᠲᠡᠨ᠎ᠦ ᠠᠭᠤᠤ ᠶᠡᠬᠡ ᠰᠡᠷᠭᠦᠨ ᠮᠠᠨᠳᠤᠯᠲᠠ᠎ᠶ᠋ᠢᠨ ᠳᠤᠮᠳᠠᠳᠤ᠎ᠶ᠋ᠢᠨ ᠵᠡᠭᠦᠳᠦ᠍᠎ᠶ᠋ᠢ ᠳᠤᠷᠠᠳᠴᠠᠢ᠂ ᠮᠠᠨ᠎ᠤ ᠱᠢᠶᠤᠤ ᠭᠠᠩ ᠲᠤᠰᠬᠤᠨ᠎ᠳᠤ ᠴᠤ᠌ ᠱᠢᠶᠤᠤ ᠭᠠᠩ᠎ᠤᠨ ᠵᠡᠭᠦᠳᠦ ᠪᠤᠢ》 ᠭᠡᠵᠦ ᠰᠡᠳᠬᠢᠯ ᠲᠤᠭᠲᠤᠯᠤᠨ ᠬᠡᠯᠡᠪᠡ᠃

ᠶᠡᠷᠦᠩᠬᠡᠢ ᠱᠦᠵᠢ᠎ᠶ᠋ᠢᠨ ᠬᠦᠷᠴᠦ᠍ ᠢᠷᠡᠭ᠌ᠰᠡᠨ ᠨᠢ ᠮᠠᠨ᠎ᠤ ᠱᠢᠶᠤᠤ ᠭᠠᠩ ᠲᠣᠰᠭᠣᠨ᠎ᠤ ᠲᠠᠷᠢᠶᠠᠴᠢᠨ ᠠᠢᠯ᠎ᠤᠨ ᠵᠢᠭᠤᠯᠴᠢᠯᠠᠯ᠎ᠢ ᠬᠥᠭ᠌ᠵᠢᠭᠡᠪᠡ᠃ ᠨᠡᠩ ᠣᠯᠠᠨ ᠵᠢᠭᠤᠯᠴᠢᠯᠠᠭᠰᠠᠳ᠎ᠢ ᠬᠦᠯᠢᠶᠡᠨ ᠵᠤᠴᠢᠯᠠᠬᠤ ᠶ᠋ᠢᠨ ᠲᠥᠯᠥᠭᠡ᠂ ᠪᠢ ᠤᠨᠲᠠᠬᠤ ᠥᠷᠥᠭᠡ᠎ᠪᠡᠨ ᠵᠤᠴᠢᠯᠠᠭ᠎ᠠ ᠵᠢᠨ ᠥᠷᠥᠭᠡ ᠪᠣᠯᠭᠠᠨ ᠥᠭᠡᠷᠡᠴᠢᠯᠡᠵᠦ᠍᠂ ᠡᠮᠦᠨ᠎ᠡ ᠲᠢᠩᠬᠢᠮ᠎ᠳᠦ 10 ᠭᠠᠷᠤᠶ ᠱᠢᠷᠡᠭᠡ ᠦᠷᠦᠵᠤ᠂ ᠭᠤᠳᠤᠮᠵᠢ᠎ᠵᠢᠨ ᠵᠠᠢ ᠵᠠᠪᠰᠠᠷ᠎ᠵᠢᠡᠷ ᠱᠢᠷᠡᠭᠡ ᠰᠠᠨᠳᠠᠯᠢ ᠲᠠᠯᠪᠢᠨ᠂ ᠵᠠᠳᠠᠭᠠᠶ ᠪᠠᠢᠭ᠎ᠠ ᠠᠷᠤ ᠬᠦᠷᠢᠶᠡᠨ᠎ᠳᠦ ᠰᠠᠷᠠᠪᠴᠢ ᠪᠠᠷᠢᠵᠤ᠂ ᠲᠣᠭᠣᠭᠠᠨ ᠭᠡᠷ᠎ᠢᠶᠡᠨ ᠴᠦ᠍ ᠵᠠᠰᠠᠵᠤ ᠴᠢᠮᠡᠭ᠌ᠯᠡᠵᠦ᠂ ᠭᠠᠯ ᠲᠣᠭᠣᠭᠠᠨ᠎ᠤ ᠬᠡᠷᠡᠭ᠌ᠰᠡᠯ᠎ᠢᠶᠡᠨ ᠰᠢᠨᠡᠴᠢᠯᠡᠨ ᠦᠭᠡᠷᠡᠴᠢᠯᠡᠵᠦ᠂ ᠪᠠᠰᠠ ᠬᠦᠦ᠍᠎ᠪᠡᠷ᠎ᠢᠶᠡᠨ ᠵᠠᠷᠢᠮ ᠬᠣᠲᠠ᠎ᠶ᠋ᠢᠨ ᠬᠣᠭᠣᠯᠠᠨ ᠭᠡᠷ᠎ᠦᠨ ᠵᠠᠭᠤᠰᠢ ᠨᠤᠭᠤᠭ᠎ᠠ᠎ᠶ᠋ᠢ ᠵᠠᠭᠤᠰᠢ᠎ᠶ᠋ᠢᠨ ᠨᠡᠷᠡᠰ᠎ᠲᠤ ᠣᠷᠣᠭᠤᠯᠵᠠᠶ᠃

ᠣᠷᠴᠢᠮ᠎ᠤᠨ ᠬᠡᠳᠦᠨ ᠵᠢᠯ᠂ ᠪᠢᠳᠡ ᠳᠥᠷᠪᠡᠨ ᠵᠦᠭ ᠨᠠᠢ᠍ᠮᠠᠨ ᠵᠤᠪᠬᠢᠰ᠎ᠡᠴᠡ ᠢᠷᠡᠭᠰᠡᠨ ᠵᠢᠭᠤᠯᠴᠢᠯᠠᠭᠰᠡᠳ᠎ᠢ ᠬᠦᠯᠢᠶᠡᠨ ᠠᠪᠴᠤ᠌ ᠵᠤᠴᠢᠯᠠᠵᠤ ᠥᠩᠭᠡᠷᠡᠵᠡᠢ᠂ ᠲᠡᠳᠡᠨ ᠪᠦᠷ ᠮᠢᠨᠦ᠍ ᠶᠡᠬᠡ ᠳᠠᠭᠠᠭᠠᠴᠢᠯᠠᠯᠲᠠ ᠬᠢᠭᠰᠡᠨ᠎ᠥᠩᠭᠡᠷᠡᠭ᠌ᠰᠡᠨ ᠤᠴᠢᠷ᠎ᠢ ᠰᠣᠨᠣᠰᠭᠤ ᠳᠤᠷᠠᠲᠠᠢ᠂ ᠪᠢ ᠪᠠᠰᠠ ᠲᠣᠭᠣᠭᠠᠨ ᠭᠡᠷ᠎ᠲᠦ ᠭᠠᠳᠠᠭᠠᠳᠤ᠎ᠶ᠋ᠢᠨ ᠬᠥᠮᠦᠨ᠎ᠳᠦ ᠲᠥᠪᠡᠳ ᠬᠠᠰᠢ ᠲᠠᠢ ᠥᠨᠳᠡᠭᠡ ᠬᠠᠭᠤᠷᠬᠤ᠎ᠶ᠋ᠢ ᠵᠢᠭᠠᠵᠤ ᠥᠩᠭᠡᠷᠡᠵᠡᠢ᠃ ᠮᠠᠨ᠎ᠤ ᠬᠢᠨ ᠪᠠᠰᠠ ᠨᠢᠭᠡ ᠵᠢᠵᠢᠭ ᠬᠡᠲᠦ ᠳᠡᠯᠭᠡᠭᠦᠷ ᠥᠷᠭᠡᠳᠭᠡᠨ ᠪᠠᠢᠭᠤᠯᠵᠤ᠂ ᠪᠠᠷᠠᠭᠠᠨ ᠲᠠᠯᠪᠢᠭᠤᠷ ᠳᠡᠭᠡᠷ᠎ᠡ ᠮᠠᠨ᠎ᠤ ᠱᠢᠶᠣᠣ ᠭᠠᠩ ᠲᠤᠰᠬᠤᠨ᠎ᠤ ᠤᠨᠴᠠ ᠭᠠᠷᠤᠯᠳᠠ ᠪᠤᠯᠬᠤ ᠡᠷᠳᠡᠨᠢ ᠰᠢᠰᠢ᠂ ᠮᠠᠭᠠᠵᠢᠨ ᠲᠣᠰᠣ ᠪᠣᠯᠤᠨ ᠨᠠᠷᠢᠨ ᠹᠸᠨᠲ᠋ᠢᠶᠤᠤᠷ᠎ᠢ ᠲᠡᠯᠭᠡᠨ ᠲᠠᠯᠪᠢᠵᠤ᠂ ᠬᠠᠮᠤᠭ᠎ᠤᠨ ᠢᠯᠡ ᠣᠷᠣᠨ ᠪᠠᠢᠷᠢ ᠳ᠋ᠤ ᠪᠥᠮᠪᠦᠷ᠎ᠵᠢᠡᠨ ᠦᠷᠦᠵᠠᠶ᠂ ᠡᠨᠡ ᠪᠣᠯ ᠤᠤᠯ ᠨᠢ ᠪᠢᠳᠡᠨ᠎ᠦ ᠠᠮᠢ ᠵᠢᠭᠤᠬᠤ ᠪᠠᠭᠠᠵᠢ ᠪᠠᠢᠭ᠍ᠰᠠᠨ᠂ ᠤᠳᠤ ᠵᠢᠭᠤᠯᠴᠢᠯᠠᠬᠰᠠᠳ ᠮᠠᠰᠢ ᠬᠤᠳᠠᠯᠳᠤᠨ ᠠᠪᠬᠤ ᠲᠤᠷᠠᠳᠠᠢ ᠪᠠᠷᠠᠭ᠎ᠠ ᠪᠤᠯᠤᠬᠰᠠᠨ ᠪᠠᠢᠨ᠎ᠠ᠃

ᠬᠡᠷᠪᠡ ᠮᠢᠨᠤ ᠰᠡᠳᠭᠢᠯ᠎ᠦᠨ ᠦᠭᠡ ᠵᠢ ᠠᠰᠠᠭᠤᠬᠤ᠎ᠳᠤ ᠬᠦᠷᠪᠡᠯ᠂ ᠬᠠᠮᠤᠭ᠎ᠤᠨ ᠬᠡᠯᠡᠶ᠎ᠡ ᠭᠡᠵᠦ ᠪᠤᠳᠤᠵᠤ ᠪᠠᠢᠭ᠎ᠠ ᠦᠭᠡ ᠪᠤᠯ ᠳᠠᠷᠤᠢ᠄ ᠶᠡᠷᠦᠩᠬᠡᠢ ᠱᠦᠵᠢ᠎ᠶᠢᠨ《 ᠬᠥᠳᠡᠭᠡ ᠠᠵᠤ ᠠᠬᠤᠢ ᠬᠥᠳᠡᠭᠡ ᠲᠣᠰᠭᠣᠨ ᠲᠠᠷᠢᠶᠠᠴᠢᠨ》᠎ᠤ᠋ ᠲᠤᠬᠠᠢ ᠬᠠᠯᠠᠮᠵᠢᠯᠠᠯ ᠨᠢ ᠱᠢᠶᠤᠤ ᠭᠠᠩ ᠲᠣᠰᠭᠣᠨ᠎ᠤ ᠬᠥᠮᠦᠰ᠎ᠲᠤ᠌ 《ᠰᠡᠳᠬᠢᠯ᠎ᠢ ᠠᠮᠤᠷᠵᠢᠭᠤᠯᠬᠤ ᠦᠷᠢᠯ》 ᠢᠳᠡᠭᠦᠯᠦᠭᠰᠡᠨ ᠪᠠᠢᠨ᠎ᠠ᠃


ᠱᠢᠨᠬᠤᠸᠠ ᠬᠣᠷᠢᠶᠠᠨ᠎ᠤ ᠾᠸᠹᠸᠢ ᠵᠢᠨ 4 ᠰᠠᠷ᠎ᠠ᠎ᠶ᠋ᠢᠨ 20᠎ᠤ᠋ ᠴᠠᠬᠢᠯᠭᠠᠨ ᠮᠡᠳᠡᠭᠡ

  • ᠨᠠᠢᠷᠠᠭᠤᠯᠤᠭ᠍ᠴᠢ᠄

  • ᠨᠡᠪᠲᠡᠷᠡᠭᠦᠯᠦᠭᠴᠢ᠄

  • ᠮᠡᠷᠭᠡᠵᠢᠯ᠄

ᠨᠠᠢᠷᠠᠭᠤᠯᠤᠭ᠍ᠴᠢ᠄ ᠪᠣᠣ ᠮᠧᠢ ᠷᠥᠩ

ᠣᠷᠴᠢᠭᠤᠯᠤᠭ᠍ᠴᠢ᠄

ᠢᠷᠡᠯᠲᠡ᠄ ᠳᠤᠮᠳᠠᠳᠤ ᠤᠯᠤᠰ᠎ᠤ᠋ᠨ ᠮᠣᠩᠭᠣᠯ ᠬᠡᠯᠡᠨ᠎ᠦ᠌ ᠰᠣᠨᠢᠨ ᠮᠡᠳᠡᠭᠡ᠎ᠶ᠋ᠢᠨ ᠰᠦᠯᠵᠢᠶ᠎ᠡ
兼容浏览器的HTML页面