2022-07-15 10:18:12
2013 ᠣᠨ᠎ᠤ 8 ᠰᠠᠷ᠎ᠠ᠎ᠶ᠋ᠢᠨ 28 ᠤ᠋ ᠡᠳᠦᠷ᠂ ᠶᠡᠷᠦᠩᠬᠡᠢ ᠱᠦᠵᠢ ᠰᠢ ᠵᠢᠨ ᠫᠢᠩ ᠯᠢᠶᠣᠤᠨᠢᠩ᠎ᠳᠤ ᠱᠢᠨᠵᠢᠯᠡᠨ ᠪᠠᠢᠴᠠᠭᠠᠬᠤ ᠬᠤᠭᠤᠴᠠᠭᠠᠨ᠎ᠳᠠᠭᠠᠨ᠂ ᠳᠤᠮᠳᠠᠳᠤ ᠤᠯᠤᠰ᠎ᠤᠨ ᠨᠢᠭᠡᠳᠦᠭᠡᠷ ᠬᠦᠨᠳᠦ ᠬᠡᠯᠪᠡᠷᠢ ᠵᠢᠨ ᠮᠠᠰᠢᠨ ᠮᠸᠬᠠᠨᠢᠬᠤᠨ ᠪᠦᠯᠦᠭᠯᠡᠯ ᠤ᠋ᠨ ᠳ᠋ᠠᠯᠢᠶᠠᠨ ᠳ᠋ᠡᠬᠢ ᠤᠰᠤᠲᠥ᠋ᠷᠥᠭ᠌ᠴᠢ ᠤᠷᠪᠠᠯ᠎ᠤᠨ ᠲᠤᠨᠤᠬᠯᠠᠯ ᠦᠢᠯᠡᠳᠬᠦ᠌ ᠬᠢᠵᠠᠭᠠᠷᠲᠤ ᠺᠣᠮᠫᠠᠨᠢ(ᠤᠳᠤ 《ᠳᠤᠮᠳᠠᠳᠤ ᠤᠯᠤᠰ᠎ᠤᠨ ᠨᠢᠭᠡᠳᠦᠭᠡᠷ ᠬᠦᠨᠳᠦ ᠬᠡᠯᠪᠡᠷᠢ ᠵᠢᠨ ᠮᠠᠰᠢᠨ ᠮᠸᠬᠠᠨᠢᠭ᠎ᠤᠨ ᠪᠦᠯᠦᠭᠯᠡᠯ ᠤ᠋ᠨ ᠳ᠋ᠠᠯᠢᠶᠠᠨ ᠳ᠋ᠡᠬᠢ ᠴᠥᠮ᠎ᠡ᠎ᠶ᠋ᠢᠨ ᠴᠠᠬᠢᠯᠭᠠᠨ ᠤ᠋ ᠴᠢᠯᠠᠭᠤᠨ ᠲᠤᠰᠤ ᠬᠢᠮᠢ᠎ᠶ᠋ᠢᠨ ᠬᠢᠵᠠᠭᠠᠷᠲᠤ ᠺᠣᠮᠫᠠᠨᠢ》 ᠭᠡᠵᠦ᠍ᠨᠡᠷᠡᠪᠡᠨ ᠬᠠᠯᠠᠪᠠ) ᠳ᠋ᠤ ᠬᠦᠷᠴᠦ᠍᠂ ᠮᠡᠷᠭᠡᠵᠢᠯ᠎ᠦᠨ ᠠᠵᠢᠯᠳᠠᠨ ᠪᠣᠯᠤᠨ ᠠᠵᠢᠯᠴᠢᠨ᠎ᠲᠠᠶ ᠳᠣᠲᠣᠨᠣ᠎ᠪᠠᠷ ᠶᠠᠷᠢᠯᠴᠠᠪᠠ᠂ ᠲᠤᠬᠠᠢ᠎ᠶ᠋ᠢᠨ ᠲᠠᠯᠠᠪᠠᠢ᠎ᠳᠤ ᠭᠠᠩᠨᠠᠭᠤᠷᠴᠢᠨ ᠶᠢᠨ ᠼᠦᠨ ᠵᠦ᠍ ᠪᠠᠢᠵᠠᠢ᠃ ᠤᠢ᠍ᠢᠷ᠎ᠠ᠎ᠳᠤ᠂ ᠱᠢᠨᠬᠤᠸᠠ ᠬᠣᠷᠢᠶᠠᠨ᠎ᠤ ᠰᠤᠷᠪᠤᠯᠵᠢᠯᠠᠭ᠍ᠴᠢ ᠶᠢᠨ ᠼᠦᠨ ᠵᠦ᠍ ᠵᠢ ᠰᠤᠷᠪᠤᠯᠵᠢᠯᠠᠵᠤ᠂ ᠲᠡᠭᠦᠨ᠎ᠦ ᠶᠠᠷᠢᠭ᠍ᠰᠠᠨ ᠰᠡᠳᠬᠢᠯ᠎ᠳᠦ ᠠᠶᠠᠳᠠᠢᠬᠠᠨ ᠦᠯᠢᠭᠡᠷ ᠪᠣᠯᠤᠨ ᠲᠡᠮᠡᠴᠡᠯ᠎ᠦᠨ ᠣᠯᠤᠯᠲᠠ ᠲᠦᠷᠦᠭ᠌ᠳᠡᠯ᠎ᠢ ᠰᠣᠨᠣᠰᠪᠠ᠃
9 ᠵᠢᠯ ᠦᠩᠭᠡᠷᠡᠭᠰᠡᠨ ᠴᠤ᠌᠂ ᠲᠤᠬᠠᠢ᠎ᠶ᠋ᠢᠨ ᠲᠠᠯᠠᠪᠠᠢ᠎ᠳᠤ ᠶᠡᠷᠦᠩᠬᠡᠢ ᠱᠦᠵᠢ᠎ᠶ᠋ᠢᠨ ᠶᠠᠷᠢᠶ᠎ᠠ᠎ᠶ᠋ᠢ ᠰᠣᠨᠣᠰᠤᠭ᠍ᠰᠠᠨ ᠪᠠᠢᠳᠠᠯ ᠨᠢᠳᠦᠨ ᠳ᠋ᠤ ᠬᠠᠷᠠᠭᠳᠠᠨ᠎ᠠ᠃
ᠲᠡᠷᠡ ᠡᠳᠦᠷ᠂ ᠶᠡᠷᠦᠩᠬᠡᠢ ᠱᠦᠵᠢ ᠰᠢ ᠵᠢᠨ ᠫᠢᠩ ᠮᠠᠨ᠎ᠤ ᠺᠣᠮᠫᠠᠨᠢ᠎ᠳᠤ ᠢᠷᠡᠬᠦ ᠳ᠋ᠤ ᠨᠢᠭᠡᠨᠲᠡ ᠪᠦᠷᠦᠢ ᠪᠣᠯᠵᠠᠢ᠃ ᠲᠡᠷᠡ ᠤᠯᠠᠨᠤ᠋ ᠬᠦᠴᠢᠷ ᠪᠡᠷᠬᠡᠰᠢᠶᠡᠯ ᠢ᠋ ᠲᠤᠭᠤᠯᠤᠨ ᠦᠢᠯᠡᠳᠦᠭᠰᠡᠨ ᠳᠠᠷᠤᠯᠲᠠᠲᠤ ᠰᠠᠪᠠ᠎ᠶ᠋ᠢ ᠬᠠᠷᠠᠭᠠᠳ ᠮᠠᠰᠢ ᠪᠠᠶᠠᠷᠳᠠᠢᠬᠠᠨ ᠵᠢᠡᠷ᠄ ᠮᠡᠷᠭᠡᠵᠢᠯ᠎ᠦᠨ ᠠᠵᠢᠯᠳᠠᠨ ᠪᠣᠯᠤᠨ ᠠᠵᠢᠯᠴᠢᠨ ᠪᠣᠯ ᠠᠵᠤ ᠠᠬᠤᠢᠯᠠᠯ᠎ᠤᠨ ᠬᠠᠮᠤᠭ᠎ᠤᠨ ᠡᠷᠬᠢᠮ ᠨᠠᠨᠳᠢᠨ ᠡᠳ᠋ ᠪᠠᠶᠠᠯᠢᠭ ᠮᠥᠨ᠂ ᠡᠩᠨᠡᠭᠡᠨ ᠦ ᠲᠣᠭ᠍ᠲᠠᠪᠤᠷᠢᠲᠤ ᠴᠢᠨᠠᠷ᠎ᠢ ᠰᠠᠢᠲᠤᠷ ᠠᠳᠭᠤᠵᠤ᠂ ᠲᠡᠳᠡᠨ᠎ᠦ ᠢᠳᠡᠪᠬᠢᠵᠢᠯ᠎ᠢ ᠳᠠᠢᠴᠢᠯᠠᠬᠤ ᠬᠡᠷᠡᠭ᠌ᠲᠡᠢ᠃ ᠠᠵᠤ ᠠᠬᠤᠢᠯᠠᠯ ᠤᠨ ᠠᠵᠤ ᠠᠬᠤᠢ᠎ᠶ᠋ᠢᠨ ᠦᠷ᠎ᠡ ᠠᠱᠢᠭ᠎ᠤᠨ ᠲᠠᠰᠤᠷᠠᠯᠳᠠ ᠦᠭᠡᠢ ᠳᠡᠭᠡᠭ᠌ᠰᠢᠯᠡᠬᠦ᠌᠎ᠶ᠋ᠢ ᠲᠠᠭᠠᠯᠳᠤᠨ᠂ ᠠᠵᠢᠯᠴᠢᠨ᠎ᠤ ᠬᠠᠷᠠᠭᠠᠯᠵᠠᠯ ᠢ ᠴᠤ᠌ ᠵᠣᠬᠢᠴᠠᠩᠭᠤᠢ᠎ᠪᠠᠷ ᠳᠡᠭᠡᠭ᠌ᠰᠢᠯᠡᠭᠦᠯᠬᠦ᠌ ᠬᠡᠷᠡᠭ᠌ᠲᠡᠢ ᠭᠡᠵᠤ ᠬᠡᠯᠡᠵᠠᠢ᠃
ᠶᠡᠷᠦᠩᠬᠡᠶ ᠱᠦᠵᠢ᠎ᠶ᠋ᠢᠨ ᠡᠨᠡ ᠦᠭᠡ᠎ᠶ᠋ᠢ ᠰᠣᠨᠣᠰᠤᠭᠠᠳ᠂ ᠮᠢᠨᠦ᠍ ᠳᠣᠲᠣᠷ᠎ᠠ ᠮᠠᠰᠢ ᠬᠠᠯᠠᠭᠤᠨ ᠳᠤᠯᠠᠭᠠᠨ ᠰᠠᠨᠠᠭᠳᠠᠪᠠ᠃ ᠶᠡᠷᠦᠩᠬᠡᠶ ᠱᠦᠵᠢ ᠮᠠᠨ᠎ᠤ ᠮᠡᠷᠭᠡᠵᠢᠯ᠎ᠦᠨ ᠠᠵᠢᠯᠲᠠᠨ᠎ᠢ ᠣᠨᠴᠠᠭᠠᠶ ᠬᠠᠯᠠᠮᠵᠢᠯᠠᠵᠤ ᠪᠠᠢᠬᠤ᠎ᠶ᠋ᠢ ᠪᠢ ᠤᠯᠵᠤ ᠮᠡᠳᠡᠵᠠᠢ᠃
ᠲᠡᠷᠡ ᠦᠶ᠎ᠡ᠎ᠡᠴᠡ ᠡᠬᠢᠯᠡᠨ᠂ ᠭᠠᠩᠨᠠᠭᠤᠷᠴᠢᠨ ᠪᠣᠯᠬᠤ ᠵᠣᠷᠢᠭ ᠤᠯᠠᠮ ᠪᠠᠲᠤᠵᠢᠵᠤ᠂ ᠭᠠᠩᠨᠠᠬᠤ ᠠᠵᠢᠯ ᠪᠦᠬᠦᠨ ᠢ᠋ ᠴᠢᠷᠮᠠᠢᠨ ᠬᠢᠵᠦ᠍᠂ ᠤᠷ᠎ᠠ ᠮᠡᠷᠭᠡᠵᠢᠯ᠎ᠦᠨ ᠲᠦᠪᠱᠢᠨ᠎ᠢᠶᠡᠨ ᠲᠠᠰᠤᠷᠠᠯᠲᠠ ᠦᠭᠡᠢ ᠳᠡᠭᠡᠭ᠌ᠰᠢᠯᠡᠭᠦᠯᠪᠡ᠃ ᠨᠢᠭᠡ ᠤᠳᠠᠭ᠎ᠠ᠂ ᠪᠢ ᠨᠢᠭᠡ ᠱᠢᠨ᠎ᠡ ᠦᠢᠯᠡᠳᠭᠦᠨ᠎ᠲᠡᠶ ᠲᠠᠭᠠᠷᠠᠯᠳᠤᠵᠤ᠂ ᠡᠭᠦᠨ ᠢ᠋ ᠨᠢᠺᠸᠯ ᠵᠢᠡᠷ ᠪᠢᠲᠡᠭᠦᠮᠵᠢᠯᠡᠨ ᠭᠠᠩᠨᠠᠬᠤ ᠬᠡᠷᠡᠭ᠌ᠲᠡᠶ ᠪᠤᠯᠪᠠ᠂ ᠡᠨᠡ ᠨᠢ ᠮᠢᠨᠦ᠍ ᠬᠢᠵᠦ᠍ ᠪᠠᠢᠭ᠍ᠰᠠᠨ ᠳᠤᠤᠷ᠎ᠠ ᠬᠠᠢᠯᠤᠰᠢ᠎ᠳᠤ ᠪᠤᠯᠤᠳ ᠵᠢᠡᠷ ᠭᠠᠩᠨᠠᠬᠤ᠎ᠲᠠᠶ ᠠᠳᠠᠯᠢ ᠦᠭᠡᠢ᠃ ᠡᠨᠡ ᠬᠦ᠌ ᠦᠢᠯᠡᠳᠭᠦᠨ᠎ᠦ ᠠᠮᠠᠰᠠᠷ ᠤ᠋ᠨ ᠪᠦᠲᠦᠴᠡ ᠨᠢ ᠶᠠᠭ ᠲᠣᠭᠣᠭ᠎ᠠ ᠮᠡᠲᠦ ᠪᠥᠮᠪᠥᠭᠡᠯᠢᠭ ᠨᠣᠮᠣᠨ ᠭᠠᠳᠠᠷᠭᠤ ᠪᠠᠢᠵᠤ᠂ 90 ᠱᠢᠬᠠᠮ ᠭᠤᠤᠷᠰᠤ᠎ᠶ᠋ᠢ ᠬᠦᠮᠦᠨ ᠤ᠋ ᠬᠦᠴᠦ ᠪᠡᠷ ᠭᠠᠩᠨᠠᠬᠤ ᠴᠢᠬᠤᠯᠠᠳᠠᠢ ᠪᠦᠭᠡᠳ᠂ ᠭᠤᠤᠷᠰᠤ ᠪᠦᠷᠢ᠎ᠶ᠋ᠢᠨ ᠥᠨᠴᠥᠭ ᠨᠢ ᠪᠦᠷ ᠠᠳᠠᠯᠢ ᠦᠭᠡᠢ ᠪᠠᠢᠳᠠᠭ᠃ ᠨᠢᠭᠡ ᠭᠤᠤᠷᠰᠤ᠎ᠶ᠋ᠢ ᠰᠠᠢᠳᠤᠷ ᠭᠠᠩᠨᠠᠵᠤ ᠴᠢᠳᠠᠭᠰᠠᠨ ᠦᠭᠡᠢ ᠪᠤᠯ ᠪᠦᠬᠦᠢᠯᠡ ᠲᠣᠨᠣᠭ ᠪᠦᠷ ᠡᠪᠳᠡᠷᠡᠵᠤ ᠮᠡᠳᠡᠨ᠎ᠠ᠃
ᠨᠢᠭᠡᠳᠦᠭᠡᠷ ᠤᠳᠠᠭ᠎ᠠ ᠡᠨᠡ ᠠᠵᠢᠯ᠎ᠢ ᠬᠢᠬᠦ᠌᠎ᠳᠦ᠂ 50 ᠡᠳᠦᠷ ᠬᠡᠷᠡᠭ᠌ᠯᠡᠵᠦ᠍᠂ ᠪᠠᠷᠢᠮᠵᠢᠶᠠᠨ᠎ᠳᠤ ᠬᠦᠷᠴᠡᠢ᠂ ᠭᠡᠪᠡᠴᠦ᠍ ᠣᠨᠴᠠ ᠵᠠᠷᠢᠮ ᠭᠠᠩᠨᠠᠭᠠᠰᠤ ᠨᠢ ᠪᠠᠰᠠ ᠦ ᠰᠡᠪ ᠦᠭᠡᠢ ᠰᠠᠢᠬᠠᠨ ᠪᠢᠰᠢ ᠪᠠᠢᠪᠠ᠃ ᠦᠢᠯᠡᠳᠬᠦᠨ ᠬᠢᠷᠢ ᠲᠡᠩᠴᠡᠪᠡᠯ ᠪᠣᠯᠴᠢᠬᠠᠨ᠎ᠠ ᠭᠡᠵᠦ᠍ ᠵᠠᠷᠢᠮ ᠠᠵᠢᠯᠴᠢᠨ ᠬᠡᠯᠡᠵᠦ᠍ ᠪᠠᠢᠪᠠ᠂ ᠭᠡᠪᠡᠴᠦ ᠮᠢᠨᠦ ᠡᠨᠳᠡ ᠢᠩᠬᠢᠵᠤ ᠪᠣᠯᠬᠤ ᠤᠢ᠍ᠭᠡᠢ! ᠠᠵᠢᠯᠴᠢᠨ ᠨᠥᠬᠥᠳ᠎ᠲᠡᠶ᠎ᠪᠡᠨ ᠳᠠᠬᠢᠨ ᠳᠠᠪᠲᠠᠨ ᠰᠤᠳᠤᠯᠵᠤ᠂ ᠪᠢᠳᠡ ᠤᠷ᠎ᠠ ᠮᠡᠷᠭᠡᠵᠢᠯ᠎ᠢᠶᠡᠨ ᠰᠠᠢᠵᠢᠷᠠᠭᠤᠯᠵᠤ᠂ ᠲᠡᠭᠦᠯᠳᠡᠷ ᠰᠠᠢᠬᠠᠨ ᠦᠢᠯᠡᠳᠭᠦᠨ᠎ᠢ ᠭᠠᠩᠨᠠᠬᠤ ᠪᠣᠯᠲᠠᠯ᠎ᠠ ᠴᠢᠷᠮᠠᠢᠪᠠ᠃
ᠭᠠᠩᠨᠠᠬᠤ ᠦᠶᠡᠰ᠂ ᠦᠰᠦᠷᠦᠭ᠌ᠰᠡᠨ ᠭᠠᠩᠨᠠᠭᠤᠷ᠎ᠤᠨ ᠲᠠᠯᠠᠰ ᠨᠢ ᠵᠠᠷᠢᠮ᠎ᠳᠠᠭᠠᠨ ᠪᠡᠭᠡᠯᠡᠶ ᠳᠡᠭᠡᠷ᠎ᠡ ᠤᠨᠠᠵᠤ᠂ ᠭᠠᠷ᠎ᠢ ᠬᠠᠯᠠᠭᠠᠵᠤ ᠰᠢᠮᠰᠢᠷᠡᠲᠡᠯ᠎ᠡ ᠡᠪᠡᠳᠦᠭᠡᠳᠡᠭ᠃ ᠡᠢᠮᠦ᠍ ᠪᠠᠢᠯ᠎ᠠ ᠴᠤ᠌ ᠭᠡᠰᠡᠨ᠂ ᠭᠠᠷ᠎ᠵᠢᠡᠨ ᠴᠡᠴᠡᠷᠡᠭᠦᠯᠵᠤ ᠪᠣᠯᠬᠤ ᠦᠭᠡᠢ᠃ ᠪᠡᠶ᠎ᠡ ᠳᠡᠭᠡᠷ᠎ᠡ ᠮᠠᠰᠢ ᠣᠯᠠᠨ ᠰᠣᠷᠪᠢ ᠦᠯᠡᠳᠡᠵᠡᠢ᠃ ᠬᠦᠴᠢᠷᠲᠡᠶ ᠦᠶ᠎ᠡ᠎ᠳᠦ᠂ ᠬᠣᠢᠰᠢ ᠤᠬᠤᠷᠢᠬᠤ ᠵᠢ ᠪᠤᠳᠤᠵᠤ ᠥᠩᠭᠡᠷᠡᠭ᠌ᠰᠡᠨ ᠪᠣᠯᠪᠠᠴᠤ᠌ ᠶᠡᠷᠦᠩᠬᠡᠢ ᠱᠦᠵᠢ᠎ᠵᠢᠨ ᠪᠢᠳᠡᠨ᠎ᠤ ᠮᠡᠷᠭᠡᠵᠢᠯ᠎ᠦᠨ ᠠᠵᠢᠯᠴᠢᠳᠲᠸ᠋ ᠤᠯᠭᠤᠭᠰᠠᠨ ᠬᠠᠯᠠᠭᠤᠨ ᠳᠣᠲᠣᠨᠣ ᠵᠣᠷᠢᠭ᠍ᠵᠢᠭᠤᠯᠤᠯ᠂ ᠣᠨᠴᠠᠭᠠᠢ ᠬᠠᠢᠷ᠎ᠠ ᠬᠠᠯᠠᠮᠵᠢ᠎ᠶ᠋ᠢ ᠪᠤᠲᠤᠪᠠᠯ᠂ ᠳᠣᠲᠣᠭᠠᠳᠤ ᠰᠡᠳᠭᠢᠯ ᠬᠠᠲᠠᠭᠤᠵᠢᠨ ᠵᠤᠷᠢᠭᠵᠢᠳᠠᠭ᠃
ᠬᠡᠳᠦᠨ ᠵᠢᠯ᠎ᠦᠨ ᠲᠤᠷᠰᠢ᠂ ᠪᠢ ᠣᠨᠴᠠᠭᠠᠢ ᠭᠠᠩᠨᠠᠬᠤ ᠤᠷ᠎ᠠ ᠮᠡᠷᠭᠡᠵᠢᠯ᠎ᠦᠨ ᠲᠤᠷᠱᠢᠯᠭ᠎ᠠ᠎ᠶ᠋ᠢ ᠬᠤᠷᠠᠮᠳᠤᠭᠤᠯᠵᠤ᠂ ᠨᠢᠭᠡᠨ ᠴᠢᠬᠤᠯᠠ ᠶᠡᠬᠡ ᠢᠨᠵᠧᠨᠧᠷᠢᠩ᠎ᠦᠨ ᠲᠦᠷᠦᠯ ᠵᠦᠢᠯ᠎ᠦᠨ ᠭᠠᠪᠱᠢᠭᠠᠢ ᠠᠩᠬᠢ᠎ᠶ᠋ᠢᠨ ᠭᠠᠷ ᠭᠠᠩᠨᠠᠭᠤᠷ᠎ᠤᠨ ᠠᠩᠬᠢ᠎ᠶ᠋ᠢᠨ ᠳᠤᠭᠤᠢᠯᠠᠩ ᠤᠨ ᠳᠠᠷᠤᠭ᠎ᠠ᠎ᠶ᠋ᠢᠨ ᠲᠤᠱᠢᠶᠠᠯ᠎ᠢ ᠡᠭᠦᠷᠭᠡᠯᠡᠵᠦ᠍᠂ ᠪᠠᠰᠠ《ᠪᠦᠬᠦ᠌ ᠤᠯᠤᠰ᠎ᠤᠨ ᠵᠠᠯᠠᠭᠤ ᠠᠵᠢᠯ᠎ᠤᠨ ᠪᠠᠢᠷᠢ᠎ᠶ᠋ᠢᠨ ᠴᠢᠳᠠᠪᠤᠷᠢᠲᠠᠨ》᠂ 《ᠳᠤᠮᠳᠠᠳᠤ ᠤᠯᠤᠰ᠎ᠤᠨ ᠨᠢᠭᠡᠳᠦᠭᠡᠷ ᠬᠦᠨᠳᠦ ᠬᠡᠯᠪᠡᠷᠢ ᠵᠢᠨ ᠮᠠᠰᠢᠨ ᠮᠸᠬᠠᠨᠢᠬᠤᠨ ᠪᠦᠯᠦᠭᠯᠡᠯ᠎ᠤᠨ ᠲᠡᠷᠢᠭᠦᠨ ᠮᠡᠷᠭᠡᠵᠢᠯ᠎ᠦᠨ ᠮᠡᠷᠭᠡᠵᠢᠯᠳᠡ》 ᠵᠡᠷᠭᠡ ᠢᠷᠠᠭᠤ ᠠᠯᠳᠠᠷ᠎ᠢ ᠬᠦᠷᠳᠡᠪᠡ᠃
ᠡᠳᠡᠭᠡᠷ ᠵᠢᠯ᠎ᠦᠳ᠎ᠲᠦ᠂ ᠺᠣᠮᠫᠠᠨᠢ᠎ᠡᠴᠡ ᠮᠡᠷᠭᠡᠵᠢᠯ᠎ᠦᠨ ᠠᠵᠢᠯᠴᠢᠨ ᠳ᠋ᠸ᠋ ᠦᠵᠡᠭᠦᠯᠬᠦ ᠬᠠᠷᠠᠭᠠᠯᠵᠠᠯ᠎ᠢ ᠨᠡᠮᠡᠭᠳᠡᠭᠦᠯᠵᠦ᠂ ᠮᠢᠨᠦ᠍ ᠴᠠᠯᠢᠩ ᠤᠤᠯ᠎ᠤᠨ ᠬᠢ᠎ᠡᠴᠡ ᠳᠠᠬᠢᠨ᠎ᠢᠶᠠᠷ ᠨᠡᠮᠡᠭ᠌ᠳᠡᠪᠡ᠃ ᠺᠣᠮᠫᠠᠨᠢ ᠪᠠᠰᠠ ᠮᠡᠷᠭᠡᠵᠢᠯ᠎ᠦᠨ ᠠᠵᠢᠯᠴᠢᠨ᠎ᠳᠤ ᠨᠥᠬᠥᠪᠥᠷᠢ ᠡᠮᠨᠡᠯᠭᠡ᠎ᠶ᠋ᠢᠨ ᠳᠠᠭᠠᠳᠭᠠᠯ ᠠᠪᠴᠤ᠌ ᠦᠭᠭᠦᠨ᠂ ᠬᠣᠭᠣᠯᠠᠨ ᠭᠡᠷ᠎ᠦᠨ ᠬᠣᠭᠣᠯᠠᠨ᠎ᠤ ᠨᠥᠬᠥᠪᠥᠷᠢ᠎ᠶ᠋ᠢ ᠳᠡᠭᠡᠭ᠌ᠰᠢᠯᠡᠭᠦᠯᠪᠡ᠃ ᠪᠢᠳᠡᠨ᠎ᠦ ᠵᠢᠷᠭᠠᠯᠲᠦ ᠲᠥᠷᠥᠭ᠌ᠳᠡᠯ ᠨᠠᠩ ᠴᠢᠩᠭᠠᠷᠠᠵᠠᠢ᠃
ᠪᠢ ᠭᠠᠩᠨᠠᠭᠤᠷ᠎ᠤᠨ ᠠᠵᠢᠯ ᠬᠢᠭᠡᠳ15 ᠵᠢᠯ ᠪᠤᠯᠵᠤ ᠪᠠᠢᠨ᠎ᠠ᠂ ᠡᠳᠡᠭᠡᠷ ᠵᠢᠯ᠎ᠦᠳ᠎ᠲᠦ᠂ ᠪᠢ ᠶᠡᠷᠦᠩᠬᠡᠢ ᠱᠦᠵᠢ ᠰᠢ ᠵᠢᠨ ᠫᠢᠩ᠎ᠦᠨ ᠮᠡᠷᠭᠡᠵᠢᠯ᠎ᠦᠨ ᠠᠵᠢᠯᠴᠢᠳ᠎ᠢ ᠴᠢᠬᠤᠯᠠᠴᠢᠯᠠᠨ ᠬᠠᠯᠠᠮᠵᠢᠯᠠᠵᠤ ᠪᠠᠢᠬᠤ᠎ᠶ᠋ᠢ ᠤᠯᠠᠮ ᠡᠴᠡ ᠤᠯᠠᠮ ᠮᠡᠳᠡᠷᠡᠪᠡ᠃ ᠶᠡᠷᠦᠩᠬᠡᠶ ᠱᠦᠵᠢ ᠮᠡᠷᠭᠡᠵᠢᠯ᠎ᠦᠨ ᠠᠵᠢᠯᠴᠢᠳ᠎ᠢ ᠮᠡᠷᠭᠡᠵᠢᠯ ᠤᠷ᠎ᠠ ᠴᠢᠳᠠᠪᠤᠷᠢ᠎ᠶ᠋ᠢᠨ ᠬᠢᠷᠢ ᠲᠦᠪᠱᠢᠨ᠎ᠢᠶᠡᠨ ᠲᠠᠰᠤᠷᠠᠯᠲᠠ ᠥᠬᠡᠶ ᠳᠡᠭᠡᠭ᠌ᠰᠢᠯᠡᠭᠦᠯᠵᠦ᠍᠂ ᠨᠡᠢᠭᠡᠮ ᠵᠢᠷᠤᠮᠲᠤ ᠣᠳᠣᠬᠢᠴᠢᠯᠠᠭ᠍ᠰᠠᠨ ᠤᠯᠤᠰ᠎ᠢ ᠪᠥᠬᠥ᠌ ᠲᠠᠯ᠎ᠠ᠎ᠪᠠᠷ ᠪᠥᠲᠥᠭᠡᠨ ᠪᠠᠢᠭᠤᠯᠬᠤ᠎ᠳᠤ ᠣᠶᠤᠨ ᠤᠬᠠᠭᠠᠨ ᠪᠠ ᠬᠦᠴᠦᠨ ᠴᠢᠳᠠᠯ᠎ᠢᠶᠠᠨ ᠡᠷᠭᠦᠬᠦ᠌ ᠬᠡᠷᠡᠭ᠌ᠲᠡᠶ ᠭᠡᠵᠦ᠍ ᠣᠯᠠᠨᠲᠠ ᠵᠣᠷᠢᠭ᠍ᠵᠢᠭᠤᠯᠪᠠ᠃ ᠡᠨᠡ ᠨᠢ ᠴᠠᠭ ᠢᠮᠠᠭ᠍ᠲᠠ ᠨᠠᠮᠠᠶ᠋ᠢ ᠵᠣᠷᠢᠭ᠍ᠵᠢᠭᠤᠯᠵᠤ᠂ ᠪᠢ ᠬᠣᠶᠠᠷ ᠭᠠᠷ᠎ᠢᠶᠠᠷ᠎ᠢᠶᠠᠨ ᠶᠡᠷᠦ᠍ ᠪᠤᠰᠤ᠎ᠶ᠋ᠢᠨ ᠠᠮᠵᠢᠯᠲᠠ ᠪᠦᠲᠦᠮᠵᠢ᠎ᠵᠢ ᠭᠠᠨᠭᠨᠠᠵᠤ ᠭᠠᠷᠭᠠᠨ᠎ᠠ᠃
(ᠱᠢᠨᠬᠤᠸᠠ ᠬᠣᠷᠢᠶᠠᠨ᠎ᠤ ᠳ᠋ᠠᠯᠢᠶᠠᠨ᠎ᠤ 6 ᠰᠠᠷ᠎ᠠ᠎ᠶ᠋ᠢᠨ 27 ᠤ᠋ ᠴᠠᠬᠢᠯᠭᠠᠨ ᠮᠡᠳᠡᠭᠡ)
- ᠨᠠᠢᠷᠠᠭᠤᠯᠤᠭ᠍ᠴᠢ᠄
- ᠨᠡᠪᠲᠡᠷᠡᠭᠦᠯᠦᠭᠴᠢ᠄
- ᠮᠡᠷᠭᠡᠵᠢᠯ᠄
ᠨᠠᠢᠷᠠᠭᠤᠯᠤᠭ᠍ᠴᠢ᠄ ᠤᠶᠤᠨᠲᠠᠨ᠎ᠠ
ᠣᠷᠴᠢᠭᠤᠯᠤᠭ᠍ᠴᠢ᠄




ᠰᠢᠭᠦᠮᠵᠢ ᠠᠯᠠᠭ᠎ᠠ ᠂ ᠬᠤᠷᠳᠤᠨ ᠨᠢᠭᠡᠳᠦᠭᠡᠷ ᠵᠤᠷᠪᠤᠰ ᠰᠢᠭᠦᠮᠵᠢ ᠨᠡᠢ᠌ᠲᠡᠯᠡᠭᠡᠷᠡᠢ᠃