2022-09-23 09:57:08
ᠵᠠᠯᠠᠭᠤ ᠨᠠᠰᠤ ᠭᠡᠭᠴᠢ ᠶᠠᠭᠤ ᠪᠤᠢ? 《95 ᠣᠨ᠎ᠡᠴᠡ ᠰᠡᠭᠦᠯᠡᠷ ᠲᠦᠷᠦᠭ᠌ᠰᠡᠡ》 ᠬᠡᠦᠬᠡᠨ ᠴᠧᠨ ᠵᠢᠤᠸᠠᠨ ᠵᠢᠤᠸᠠᠨ᠄ ᠵᠠᠯᠠᠭᠤ ᠨᠠᠰᠤ ᠪᠣᠯ ᠥᠷᠭᠡᠨ ᠠᠭᠤᠳᠠᠮ ᠦᠨᠳᠦᠰᠦᠨ ᠱᠠᠲᠤᠨ᠎ᠳᠤ ᠬᠤᠪᠢᠰᠭᠠᠯᠲᠤ ᠤᠳᠤᠮᠰᠢᠯ᠎ᠢ ᠵᠠᠯᠭᠠᠮᠵᠢᠯᠠᠬᠤ ᠶᠠᠪᠤᠳᠠᠯ ᠪᠤᠯᠤᠨ᠎ᠠ ᠭᠡᠵᠡᠢ᠃
2020 ᠣᠨ᠎ᠤ 9 ᠰᠠᠷ᠎ᠠ᠎ᠶ᠋ᠢᠨ 16 ᠤ᠋ ᠦᠳᠡ᠎ᠶ᠋ᠢᠨ ᠬᠣᠢᠨ᠎ᠠ᠂ ᠶᠡᠷᠦᠩᠬᠡᠶ ᠱᠦᠵᠢ ᠰᠢ ᠵᠢᠨ ᠫᠢᠩ ᠬᠤᠨᠠᠨ ᠮᠤᠵᠢ᠎ᠶ᠋ᠢᠨ ᠴᠧᠨᠵᠸᠤ ᠬᠣᠲᠠ᠎ᠶ᠋ᠢᠨ ᠷᠦ᠋ ᠴᠧᠩ ᠱᠢᠶᠠᠨ᠎ᠤ ᠸᠸᠨ ᠮᠢᠩ᠎ᠤᠨ ᠶᠣᠣ ᠦᠨᠳᠦᠰᠦᠲᠡᠨ᠎ᠦ ᠱᠢᠶᠠᠩ᠎ᠤᠨ ᠱᠠ ᠵᠧᠣ᠌᠎ᠶ᠋ᠢᠨ ᠶᠣᠣ ᠦᠨᠳᠦᠰᠦᠲᠡᠨ᠎ᠦ ᠲᠣᠰᠭᠣᠨ᠎ᠳᠤ ᠬᠥᠷᠪᠡ᠃ ᠡᠨᠳᠡ᠂ ᠶᠡᠷᠦᠩᠬᠡᠢ ᠱᠦᠵᠢ ᠤᠷᠢᠳ ᠬᠣᠵᠢᠳ 《ᠲᠠᠯ᠎ᠠ ᠬᠥᠨᠵᠢᠯᠡ᠎ᠶ᠋ᠢᠨ ᠬᠠᠢᠷ᠎ᠠ ᠬᠠᠯᠠᠮᠵᠢ》 ᠲᠤᠰᠭᠠᠢ ᠰᠡᠳᠦᠪᠲᠦ ᠦᠵᠡᠭᠦᠯᠭᠡ᠎ᠶ᠋ᠢᠨ ᠣᠷᠳᠣᠨ᠂ ᠲᠣᠰᠭᠣᠨ᠎ᠤ ᠦᠢᠯᠡᠴᠢᠯᠡᠭᠡᠨ᠎ᠦ ᠲᠥᠪ᠂ ᠡᠷᠡᠭᠦᠯ ᠬᠠᠮᠠᠭᠠᠯᠠᠯ᠎ᠤᠨ ᠲᠠᠰᠤᠭ ᠵᠡᠷᠭᠡ ᠭᠠᠵᠠᠷ᠎ᠢᠶᠠᠷ ᠱᠢᠨᠵᠢᠯᠡᠨ ᠪᠠᠢᠴᠠᠭᠠᠪᠠ᠃
ᠲᠤᠬᠠᠢ᠎ᠶ᠋ᠢᠨ ᠦᠶ᠎ᠡ᠎ᠳᠦ ᠱᠠ ᠵᠧᠦ᠍᠎ᠶ᠋ᠢᠨ ᠶᠣᠣ ᠦᠨᠳᠦᠰᠦᠲᠡᠨ᠎ᠦ ᠲᠣᠰᠭᠣᠨ᠎ᠤ ᠨᠠᠮ᠎ᠤᠨ ᠡᠭᠦᠷ᠎ᠦᠨ ᠳᠡᠳ᠋ ᠱᠦᠵᠢ ᠪᠠᠢᠭ᠍ᠰᠠᠨ ᠴᠧᠨ ᠵᠢᠤᠸᠠᠨ ᠵᠢᠤᠸᠠᠨ ᠲᠣᠰᠭᠣᠨ᠎ᠤ ᠦᠢᠯᠡᠴᠢᠯᠡᠭᠡᠨ᠎ᠦ ᠲᠥᠪ᠎ᠦᠨ ᠬᠠᠷᠢᠭᠤᠴᠠᠯᠭᠠᠲᠠᠨ ᠪᠣᠯᠤᠭ᠍ᠰᠠᠨ᠎ᠤ ᠬᠤᠪᠢ᠎ᠳᠤ᠂ ᠶᠡᠷᠦᠩᠬᠡᠢ ᠱᠦᠵᠢ᠎ᠳᠦ ᠠᠷᠠᠳ ᠲᠦᠮᠡᠨ᠎ᠳᠦ ᠦᠢᠯᠡᠴᠢᠯᠡᠬᠦ᠌ ᠠᠵᠢᠯ᠎ᠤᠨ ᠪᠠᠢᠳᠠᠯ᠎ᠢᠶᠠᠨ ᠬᠠᠷᠢᠭᠤ ᠮᠡᠳᠡᠭᠦᠯᠪᠡ᠃
ᠠᠷᠠᠳ ᠲᠦᠮᠡᠨ᠎ᠳᠦ ᠦᠶ᠋ᠯᠡᠴᠢᠯᠡᠬᠦ᠌ ᠨᠢ ᠱᠠ ᠵᠧᠦ ᠶ᠋ᠢᠨ ᠶᠣᠣ ᠦᠨᠳᠦᠰᠦᠲᠡᠨ᠎ᠦ ᠲᠣᠰᠭᠣᠨ᠎ᠳᠤ ᠭᠦᠨ ᠵᠤᠵᠠᠭᠠᠨ ᠬᠠᠢᠷ᠎ᠠ ᠰᠡᠳᠭᠢᠯᠭᠡᠪᠦᠬᠦᠢ ᠤᠯᠠᠮᠵᠢᠯᠠᠯ᠎ᠲᠠᠶ ᠶᠤᠮ —
1934 ᠣᠨ᠎ᠤ 11 ᠰᠠᠷ᠎ᠠ᠎ᠳᠤ᠂ ᠤᠯᠠᠭᠠᠨ ᠴᠡᠷᠢᠭ ᠤᠷᠳᠤ ᠵᠠᠮ᠎ᠤᠨ ᠠᠶᠠᠨ ᠲᠠᠢ᠌ᠨ ᠬᠢᠵᠤ ᠶᠠᠪᠤᠬᠤ ᠳ᠋ᠠᠭᠠᠨ ᠲᠤᠰ ᠭᠠᠵᠠᠷ᠎ᠢᠶᠠᠷ ᠥᠩᠭᠡᠷᠡᠵᠦ᠍᠂ ᠤᠯᠠᠭᠠᠨ ᠴᠡᠷᠢᠭ᠎ᠦᠨ 3 ᠡᠮᠡᠭ᠌ᠲᠡᠢ ᠪᠠᠢᠯᠳᠤᠭ᠍ᠴᠢ ᠲᠣᠰᠭᠣᠨ᠎ᠤ ᠠᠷᠠᠳ ᠱᠢᠤᠢ ᠱᠢᠶ᠍ᠸ ᠱᠢᠤ᠎ᠶ᠋ᠢᠨ ᠭᠡᠷ᠎ᠲᠦ ᠲᠦᠷ ᠬᠣᠨᠣᠭ᠍ᠯᠠᠵᠤ᠂ ᠶᠠᠪᠤᠬᠤ᠎ᠳᠠᠭᠠᠨ ᠬᠥᠨᠵᠢᠯᠡᠶ᠋ᠢᠨᠢᠶᠡᠨ ᠬᠠᠭᠠᠰ᠎ᠢ ᠨᠢ ᠬᠠᠢᠴᠢᠯᠠᠵᠤ ᠲᠡᠭᠦᠨ᠎ᠳᠦ ᠦᠯᠡᠳᠡᠭᠡᠵᠦ᠍ ᠥᠭ᠌ᠭᠦᠭ᠌ᠰᠡᠨ ᠪᠥᠭᠡᠳ ᠴᠡᠷᠢᠭ ᠠᠷᠠᠳ᠎ᠤᠨ ᠵᠢᠭᠠᠰᠤ ᠤᠰᠤᠨ᠎ᠤ ᠭᠦᠨ ᠵᠤᠵᠠᠭᠠᠨ ᠬᠠᠢᠷ᠎ᠠ ᠰᠡᠳᠭᠢᠯᠭᠡ ᠵᠢ ᠢᠯᠡᠷᠡᠭᠦᠯᠦᠭᠰᠡᠨ ᠰᠡᠳᠭᠢᠯ ᠬᠥᠳᠡᠯᠭᠡᠮ᠎ᠡ ᠦᠯᠢᠭᠡᠷ᠎ᠢ ᠬᠦᠤᠷᠨᠢᠭ᠌ᠰᠡᠨ ᠪᠠᠢᠨ᠎ᠠ᠃
2016 ᠣᠨ᠎ᠤ 10 ᠰᠠᠷ᠎ᠠ᠎ᠳᠤ᠂ ᠤᠯᠠᠭᠠᠨ ᠴᠡᠷᠢᠭ᠎ᠦᠨ ᠤᠷᠳᠤ ᠵᠠᠮ᠎ᠤᠨ ᠠᠶᠠᠨ ᠲᠠᠢ᠌ᠨ᠎ᠦ ᠢᠯᠠᠯᠲᠠ ᠣᠯᠤᠭ᠍ᠰᠠᠨ 80 ᠵᠢᠯ᠎ᠦᠨ ᠤᠢ᠎ᠶ᠋ᠢ ᠳᠤᠷᠠᠰᠭᠠᠬᠤ ᠶᠡᠬᠡ ᠬᠤᠷᠠᠯ ᠳᠡᠭᠡᠷ᠎ᠡ᠂ ᠶᠡᠷᠦᠩᠬᠡᠢ ᠱᠦᠵᠢ ᠰᠢ ᠵᠢᠨ ᠫᠢᠩ 《ᠲᠠᠯ᠎ᠠ ᠬᠥᠨᠵᠢᠯᠡ》 ᠵᠢᠨ ᠦᠯᠢᠭᠡᠷ᠎ᠢ ᠶᠠᠷᠢᠵᠤ ᠥᠩᠭᠡᠷᠡᠪᠡ᠃ ᠲᠡᠷᠡ᠄ 《ᠠᠷᠠᠳ ᠲᠦᠮᠡᠨᠯᠤᠭᠡ ᠬᠠᠲᠠᠭᠤ ᠪᠡᠷᠬᠡᠱᠢᠶᠡᠯ᠎ᠢ ᠬᠠᠮᠲᠤ᠎ᠪᠠᠷ ᠳᠤᠭᠤᠯᠵᠤ᠂ ᠴᠢᠰᠤ ᠮᠢᠬᠠᠨ᠎ᠤ ᠪᠠᠷᠢᠯᠳᠤᠯᠭ᠎ᠠ᠎ᠲᠠᠶ ᠪᠣᠯᠵᠣ᠂ ᠥᠭᠦᠵᠦ᠍ ᠰᠡᠭᠡᠬᠦ᠌᠎ᠪᠡᠨ ᠬᠠᠮᠲᠤᠳᠭᠠᠬᠤ ᠪᠣᠯ ᠳᠤᠮᠳᠠᠳᠤ ᠤᠯᠤᠰ᠎ᠤᠨ ᠡᠪ ᠬᠠᠮᠲᠤ ᠨᠠᠮ ᠪᠣᠯᠤᠨ ᠤᠯᠠᠭᠠᠨ ᠴᠡᠷᠢᠭ᠎ᠦᠨ ᠣᠷᠳᠣ ᠵᠠᠮ᠎ᠤᠨ ᠠᠶᠠᠨ ᠲᠡᠢᠨ᠎ᠦ ᠢᠯᠠᠯᠲᠠ᠎ᠶ᠋ᠢ ᠲᠡᠮᠡᠴᠡᠨ ᠤᠯᠵᠤ ᠴᠢᠳᠠᠭᠰᠡᠨᠤ ᠦᠨᠳᠦᠰᠦᠨ ᠪᠠᠲᠤᠯᠠᠭ᠎ᠠ ᠮᠥᠨ᠂ ᠪᠠᠰᠠ ᠴᠤ᠌ ᠪᠢᠳᠡᠨ᠎ᠦ ᠠᠯᠢᠪᠠ ᠬᠦᠴᠢᠷ ᠪᠡᠷᠬᠡᠱᠢᠶᠡᠯ ᠪᠣᠯᠤᠨ ᠠᠶᠤᠯ ᠲᠦᠭ᠌ᠰᠢᠭᠦᠷᠢ᠎ᠶ᠋ᠢ ᠢᠯᠡᠨ ᠳᠠᠪᠠᠬᠤ᠎ᠶ᠋ᠢᠨ ᠦᠨᠳᠦᠰᠦᠨ ᠪᠠᠲᠤᠯᠠᠭ᠎ᠠ ᠮᠥᠨ》 ᠭᠡᠵᠦ ᠵᠢᠭᠠᠵᠤ ᠭᠠᠷᠭᠠᠪᠠ᠃
ᠤᠷᠢᠶᠠᠯᠠᠭ᠎ᠠ ᠭᠡᠬᠦᠤᠤ᠂ ᠬᠤᠪᠢ ᠪᠠᠷᠢᠯᠳᠤᠯᠭ᠎ᠠ ᠴᠤ᠌ ᠭᠡᠬᠦᠤᠤ᠂ 2019 ᠣᠨ᠎ᠳᠤ᠂ ᠵᠦᠩᠱᠠᠨ ᠶᠡᠬᠡ ᠰᠤᠷᠭᠠᠭᠤᠯᠢ᠎ᠡᠴᠡ ᠠᠰᠫᠢᠷᠠᠨᠲ ᠵᠢᠡᠷ ᠲᠡᠭᠦᠰᠦᠭᠰᠡᠨ ᠵᠢᠶᠠᠩᠰᠢ᠎ᠶ᠋ᠢᠨ ᠬᠡᠦᠬᠡᠨ ᠴᠧᠨ ᠵᠢᠦᠸᠠᠨ ᠵᠢᠤᠸᠠᠨ ᠰᠤᠩᠭᠤᠨ ᠰᠢᠯᠵᠢᠭᠦᠯᠬᠦ ᠪᠡᠷ ᠲᠠᠮᠵᠢᠨ ᠱᠠ ᠵᠧᠦ᠍᠎ᠶ᠋ᠢᠨ ᠶᠣᠣ ᠦᠨᠳᠦᠰᠦᠲᠡᠨ᠎ᠦ ᠲᠣᠰᠭᠣᠨ᠎ᠳᠤ ᠠᠵᠢᠯ ᠱᠢᠯᠵᠢᠪᠡ᠃
《ᠱᠢᠤᠢ ᠵᠢᠶᠧ ᠱᠢᠤ ᠨᠠᠰᠤᠲᠠᠨ ᠪᠣᠯᠤᠨ ᠡᠮᠡᠭ᠌ᠲᠡᠶ ᠤᠯᠠᠭᠠᠨ ᠴᠡᠷᠢᠭ᠎ᠦᠨ ᠬᠤᠨᠤᠭᠯᠠᠵᠤ ᠦᠩᠭᠡᠷᠡᠭᠰᠡᠨ ᠣᠷᠣ᠎ᠶ᠋ᠢ ᠦᠵᠡᠭᠡᠳ᠂ ᠪᠢ ᠡᠷᠬᠡᠪᠰᠢ ᠦᠨᠳᠦᠰᠦᠨ ᠱᠠᠲᠤᠨ᠎ᠳᠤ ᠣᠯᠠᠨ ᠲᠦᠮᠡᠨ᠎ᠦ ᠲᠥᠯᠥᠭᠡ ᠪᠣᠳᠠᠲᠤ ᠶᠠᠪᠤᠳᠠᠯ᠂ ᠰᠠᠢᠨ ᠶᠠᠪᠤᠳᠠᠯ᠎ᠢ ᠢᠯᠡᠭᠦᠬᠡᠨ ᠬᠢᠵᠦ᠍᠂ 3 ᠡᠮᠡᠭ᠌ᠲᠡᠶ ᠤᠯᠠᠭᠠᠨ ᠴᠡᠷᠢᠭ ᠱᠢᠭ ᠬᠥᠮᠦᠨ ᠪᠣᠯᠬᠤ᠎ᠪᠠᠷ ᠵᠣᠷᠢᠭ ᠱᠢᠭᠤᠳᠴᠠᠶ》 ᠭᠡᠵᠦ᠍ ᠴᠧᠨ ᠵᠢᠤᠸᠠᠨ ᠵᠢᠤᠸᠠᠨ ᠬᠡᠯᠡᠪᠡ᠃
ᠱᠢᠨᠵᠢᠯᠡᠨ ᠪᠠᠢᠴᠠᠭᠠᠬᠤ ᠶᠠᠪᠤᠴᠠ᠎ᠳᠤ᠂ ᠶᠡᠷᠦᠩᠬᠡᠢ ᠱᠦᠵᠢ ᠰᠢ ᠵᠢᠨ ᠫᠢᠩ ᠴᠧᠨ ᠵᠢᠤᠸᠠᠨ ᠵᠢᠤᠸᠠᠨ ᠵᠡᠷᠭᠡ ᠠᠵᠢᠯᠳᠠᠨ᠎ᠳᠤ᠄ 《ᠲᠣᠰᠭᠣᠨ᠎ᠤ ᠠᠷᠠᠳ᠎ᠲᠤ ᠦᠢᠯᠡᠴᠢᠯᠡᠬᠦ᠌ ᠲᠥᠪ᠎ᠢ ᠦᠨᠳᠦᠰᠦᠨ ᠱᠠᠲᠤᠨ᠎ᠤ ᠵᠠᠰᠠᠯᠲᠠ᠎ᠶ᠋ᠢᠨ ᠱᠢᠰᠲᠸᠮ᠎ᠤᠨ ᠴᠢᠬᠤᠯᠠ ᠵᠢᠭ᠍ᠰᠠᠭᠠᠯ᠎ᠤᠨ ᠭᠠᠵᠠᠷ ᠪᠣᠯᠭᠠᠨ ᠰᠠᠢᠲᠤᠷ ᠪᠦᠳᠦᠭᠡᠨ ᠪᠠᠢᠭᠤᠯᠵᠤ᠂ ᠦᠢᠯᠡᠴᠢᠯᠡᠭᠡᠨ᠎ᠦ ᠵᠦᠢᠯᠡᠰ᠎ᠢ ᠲᠡᠭᠦᠯᠳᠡᠷᠵᠢᠭᠦᠯᠦᠨ᠂ ᠠᠷᠠᠳ ᠲᠦᠮᠡᠨ᠎ᠳᠦ ᠦᠢᠯᠡᠴᠢᠯᠡᠬᠦ᠌ ᠲᠦᠪᠱᠢᠨ᠎ᠢ ᠳᠡᠭᠡᠭ᠌ᠰᠢᠯᠡᠭᠦᠯᠵᠦ᠍᠂ ᠠᠷᠠᠳ ᠲᠦᠮᠡᠨ᠎ᠳᠦ ᠦᠢᠯᠡᠴᠢᠯᠡᠬᠦ᠌ ᠵᠦᠪ ᠣᠨᠣᠪᠴᠢᠲᠤ ᠴᠢᠨᠠᠷ ᠪᠠ ᠪᠣᠳᠠᠲᠤ ᠦᠷ᠎ᠡ ᠪᠦᠳᠦᠮᠵᠢᠳᠦ ᠴᠢᠨᠠᠷ᠎ᠢ ᠴᠢᠩᠭᠠᠳᠭᠠᠬᠤ ᠬᠡᠷᠡᠭ᠌ᠲᠡᠢ》 ᠭᠡᠵᠦ ᠵᠠᠬᠢᠪᠠ᠃
ᠶᠡᠷᠦᠩᠬᠡᠢ ᠱᠦᠵᠢ᠎ᠶ᠋ᠢᠨ ᠬᠡᠯᠡᠭᠰᠡᠨ ᠦᠭᠡ ᠨᠢ ᠴᠧᠨ ᠵᠢᠤᠸᠠᠨ ᠵᠢᠤᠸᠠᠨᠤ ᠳᠣᠲᠣᠭᠠᠳᠤ ᠰᠡᠳᠭᠢᠯ᠎ᠦᠨ ᠪᠤᠳᠤᠯ ᠰᠠᠨᠠᠯ᠎ᠢ ᠨᠢ ᠬᠥᠭ᠌ᠵᠢᠭᠡᠪᠡ᠃ ᠲᠡᠷᠡ ᠥᠪᠡᠷ᠎ᠦᠨ ᠠᠩᠬ᠎ᠠ ᠬᠦᠷᠴᠦ ᠢᠷᠡᠬᠦ ᠦᠶ᠎ᠡ ᠪᠡᠷ᠂ ᠬᠤᠨᠠᠨ᠎ᠤ ᠡᠮᠦᠨᠡᠲᠦ ᠬᠡᠰᠡᠭ᠎ᠦᠨ ᠨᠤᠲᠤᠭ᠎ᠤᠨ ᠠᠶᠠᠯᠭᠤ᠎ᠶ᠋ᠢ ᠶᠠᠭᠠᠷᠠᠨ ᠰᠤᠷᠤᠯᠴᠠᠵᠤ᠂ ᠲᠣᠰᠭᠣᠨ᠎ᠤ ᠠᠷᠠᠳ᠎ᠲᠠᠶ ᠠᠯᠢ ᠲᠦᠷᠭᠡᠨ᠎ᠢᠶᠡᠷ ᠲᠠᠨᠢᠯ ᠲᠠᠰᠤᠯ ᠪᠣᠯᠬᠤ ᠵᠢ ᠬᠦᠰᠡᠵᠤ ᠪᠠᠢᠭᠰᠡᠨ ᠴᠠᠭ ᠮᠥᠴᠡ᠎ᠪᠡᠨ ᠡᠷᠭᠢᠴᠡᠭᠦᠯᠦᠯ᠎ᠡ᠃ 《ᠶᠡᠷᠦᠩᠬᠡᠢ ᠱᠦᠵᠢ᠎ᠶ᠋ᠢᠨ ᠦᠭᠡ ᠨᠢ ᠨᠠᠮ᠎ᠡ ᠵᠢ ᠭᠡᠨᠡᠳᠳᠡ ᠰᠡᠩᠬᠡᠷᠡᠭᠦᠯᠦᠯᠡ᠂ ᠶᠡᠬᠡ ᠪᠠᠭ᠎ᠠ ᠶᠠᠪᠤᠳᠠᠯ᠎ᠢ ᠬᠠᠮᠢᠶᠠᠷᠬᠤ ᠦᠭᠡᠢ᠂ ᠠᠷᠠᠳ ᠤᠯᠠᠨ᠎ᠤ ᠪᠠᠴᠢᠮᠳᠠᠵᠤ ᠲᠦᠪᠡᠭᠳᠡᠵᠦ ᠵᠤᠪᠠᠨᠢᠵᠤ ᠬᠦᠰᠡᠵᠤ ᠪᠠᠢᠭ᠎ᠠ ᠶᠠᠪᠤᠳᠠᠯ ᠯᠠ ᠶᠤᠮ ᠪᠣᠯ ᠳᠠᠷᠤᠢ ᠪᠢᠳᠡᠨ᠎ᠦ ᠱᠢᠢᠳᠪᠦᠷᠢᠯᠡᠬᠦ᠌ ᠴᠢᠬᠤᠯᠠᠲᠠᠢ ᠶᠠᠪᠤᠳᠠᠯ ᠪᠣᠯᠤᠨ᠎ᠠ》 ᠭᠡᠵᠡᠢ᠃
ᠲᠤᠰᠬᠤᠨ᠎ᠤ ᠨᠠᠰᠤᠲᠠᠢᠴᠤᠳ᠎ᠤᠨ ᠨᠡᠢᠲᠡ᠎ᠶ᠋ᠢᠨ ᠮᠠᠱᠢᠨ ᠲᠡᠷᠭᠡᠨ᠎ᠦ ᠺᠠᠷᠲ ᠠᠪᠬᠤ ᠲᠡᠰ ᠲᠠᠷᠠᠭᠠᠯᠠᠯ ᠨᠢ ᠶᠠᠷᠱᠢᠭ ᠲᠦᠪᠡᠭᠲᠡᠶ᠂ ᠲᠤᠰᠬᠤᠨ᠂ ᠱᠢᠶᠠᠩ᠂ ᠱᠢᠶᠠᠨ᠎ᠳᠤ ᠭᠤᠷᠪᠠ ᠤᠳᠠᠭ᠎ᠠ ᠣᠴᠢᠪᠠᠯ ᠰᠠᠶᠢ ᠭᠠᠷ ᠭᠦᠢᠴᠡᠳᠭᠡᠯ ᠵᠢᠡᠨ ᠪᠦᠬᠦᠨ᠎ᠢ ᠲᠠᠭᠤᠰᠬᠠᠵᠤ ᠴᠢᠳᠠᠨ᠎ᠠ᠂ ᠴᠧᠨ ᠵᠢᠤᠸᠠᠨ ᠵᠢᠤᠸᠠᠨ ᠱᠢᠶᠠᠨ᠎ᠤ ᠱᠠᠲᠤᠨ᠎ᠳᠤ ᠪᠠᠢᠳᠠᠯ᠎ᠢᠶᠠᠨ ᠬᠠᠷᠢᠭᠤ ᠮᠡᠳᠡᠭᠦᠯᠵᠦ᠍᠂ ᠨᠠᠰᠤᠲᠠᠢᠴᠤᠳ᠎ᠤᠨ ᠨᠡᠢᠲᠡ᠎ᠶ᠋ᠢᠨ ᠮᠠᠱᠢᠨ ᠲᠡᠷᠭᠡᠨ᠎ᠦ ᠺᠠᠷᠲ ᠠᠪᠬᠤ ᠡᠷᠬᠡ᠎ᠶ᠋ᠢᠨ ᠬᠡᠪᠴᠢᠶ᠎ᠡ᠎ᠶ᠋ᠢ ᠭᠠᠴᠠᠭᠠᠨ᠎ᠤ ᠱᠠᠲᠤᠨ᠎ᠳᠤ ᠪᠠᠭᠤᠯᠭᠠᠬᠤ᠎ᠶ᠋ᠢ ᠠᠬᠢᠭᠤᠯᠪᠠ᠃ ᠳᠡᠭᠡᠭᠡᠳ ᠰᠠᠷ᠎ᠠ ᠪᠤᠯᠤᠯ ᠦᠭᠡᠢ᠎ᠪᠠᠷ ᠲᠣᠰᠭᠣᠨ᠎ᠤ ᠠᠷᠠᠳ᠎ᠲᠤ 50 ᠭᠠᠷᠤᠶ ᠨᠡᠢᠲᠡ᠎ᠶ᠋ᠢᠨ ᠮᠠᠱᠢᠨ ᠲᠡᠷᠭᠡᠨ᠎ᠦ ᠺᠠᠷᠲ ᠠᠪᠴᠤ᠌ ᠥᠭ᠌ᠴᠡᠶ᠃ ᠴᠧᠨ ᠵᠢᠤᠸᠠᠨ ᠵᠢᠤᠸᠠᠨ 《ᠡᠳᠦᠷ᠎ᠦᠨ ᠰᠤᠷᠪᠤᠯᠵᠢᠯᠠᠭ᠎ᠠ ᠰᠥᠨᠢ᠎ᠶ᠋ᠢᠨ ᠶᠠᠷᠢᠯᠴᠠᠭ᠎ᠠ》 ᠵᠢᠨ ᠬᠡᠯᠪᠡᠷᠢ᠎ᠪᠡᠷ ᠡᠷᠦᠬᠡ᠎ᠳᠦ ᠣᠷᠣᠵᠤ ᠠᠷᠠᠳ᠎ᠤᠨ ᠰᠡᠳᠭᠢᠯ᠎ᠤᠨ ᠳᠠᠭᠤᠨ᠎ᠢ ᠰᠣᠨᠣᠰᠴᠤ᠌᠂ ᠲᠣᠰᠭᠣᠨ᠎ᠤ ᠦᠢᠯᠡᠴᠢᠯᠡᠭᠡᠨ᠎ᠦ ᠲᠥᠪ ᠲᠤ᠌ ᠲᠦᠷ ᠴᠠᠭ᠎ᠤᠨ ᠠᠪᠤᠷᠠᠨ ᠲᠤᠰᠠᠯᠠᠬᠤ ᠵᠡᠷᠭᠡ ᠤᠯᠠᠨ ᠵᠦᠢᠯ᠎ᠦᠨ ᠰᠦᠯᠵᠢᠶ᠎ᠡ᠎ᠪᠡᠷ ᠤᠴᠢᠷ ᠶᠠᠪᠤᠳᠠᠯ ᠱᠢᠢᠳᠪᠦᠷᠢᠯᠡᠬᠦ ᠦᠢᠯᠡᠴᠢᠯᠡᠭᠡ ᠨᠡᠮᠡᠭᠳᠡᠭᠦᠯᠵᠦ᠂ ᠳᠠᠷᠤᠢᠬᠠᠨ ᠭᠦᠢᠴᠡᠳᠭᠡᠬᠦ᠌᠂ ᠰᠦᠯᠵᠢᠶᠡᠨ ᠳᠡᠭᠡᠷ᠎ᠡ ᠭᠦᠢᠴᠡᠳᠭᠡᠬᠦ᠌᠂ ᠤᠷᠢᠳᠴᠢᠯᠠᠨ ᠪᠣᠯᠵᠣᠵᠤ ᠭᠦᠢᠴᠡᠳᠭᠡᠬᠦ᠌᠂ ᠵᠢᠭᠠᠨ ᠵᠢᠯᠣᠭᠣᠳᠴᠤ᠌ ᠭᠦᠢᠴᠡᠳᠭᠡᠬᠦ᠌᠂ ᠭᠡᠷ᠎ᠲᠦᠨᠢ ᠬᠦᠷᠴᠦ᠍ ᠣᠷᠣᠯᠠᠨ ᠭᠦᠢᠴᠡᠳᠭᠡᠬᠦ᠌《ᠲᠠᠪᠤᠨ ᠭᠦᠢᠴᠡᠳᠭᠡᠬᠦ ᠦᠢᠯᠡᠴᠢᠯᠡᠭᠡᠨ᠎ᠦ ᠵᠠᠭ᠍ᠪᠤᠷ》᠎ᠢ᠋ ᠱᠢᠨ᠎ᠡ᠎ᠶ᠋ᠢ ᠡᠭᠦᠳᠦᠨ ᠬᠡᠷᠡᠭᠵᠢᠭᠦᠯᠵᠦ᠂ ᠲᠣᠰᠭᠣᠨ᠎ᠤ ᠠᠷᠠᠳ᠎ᠤᠨ ᠲᠣᠰᠭᠣᠨ᠎ᠡᠴᠡ ᠭᠠᠷᠬᠤ ᠦᠭᠡᠢ᠎ᠪᠡᠷ ᠤᠴᠢᠷ ᠶᠠᠪᠤᠳᠠᠯ᠎ᠢᠶᠠᠨ ᠰᠠᠢᠲᠤᠷ ᠱᠢᠢᠳᠪᠦᠷᠢᠯᠡᠵᠦ᠍ ᠳᠡᠢᠯᠬᠦ᠌ ᠵᠢ ᠪᠡᠶᠡᠯᠡᠭᠦᠯᠪᠡ᠃
《 ᠪᠡᠶ᠎ᠡ ᠲᠥᠪ᠂ ᠰᠡᠳᠭᠢᠯ ᠦᠨᠡᠨᠴᠢ᠂ ᠢᠴᠢᠵᠦ ᠵᠤᠪᠠᠬᠤ ᠦᠭᠡᠢ᠂ ᠠᠵᠢᠯᠴᠢ ᠱᠠᠯᠠᠮᠠᠭᠠᠢ᠂ ᠨᠢᠳᠦ ᠭᠢᠷᠠᠬᠠᠢ᠂ ᠠᠮᠠ ᠵᠥᠭᠡᠯᠡᠨ᠂ ᠴᠢᠬᠢ ᠰᠣᠷᠭᠣᠭ᠂ ᠲᠠᠷᠢᠬᠢ ᠰᠡᠷᠭᠡᠭ᠂ ᠴᠢᠩᠭ᠎ᠠ ᠬᠢᠨᠠᠮᠠᠭᠠᠢ ᠪᠠᠢᠬᠤ ᠬᠡᠷᠡᠭ᠌ᠲᠡᠢ》᠃ ᠴᠧᠨ ᠵᠢᠦᠸᠠᠨ ᠵᠢᠦᠸᠠᠨ ᠲᠣᠰᠭᠣᠨ᠎ᠤ ᠦᠢᠯᠡᠴᠢᠯᠡᠭᠡᠨ᠎ᠦ ᠲᠥᠪ᠎ᠦᠨ 5 ᠬᠠᠮᠲᠤ ᠠᠵᠢᠯᠯᠠᠭ᠍ᠴᠢ᠎ᠪᠠᠨ ᠳᠠᠭᠠᠭᠤᠯᠤᠨ ᠪᠦᠬᠦ᠌ ᠲᠣᠰᠭᠣᠨ᠎ᠤ 540 ᠭᠠᠷᠤᠢ ᠬᠥᠮᠦᠨ᠎ᠳᠦ ᠦᠢᠯᠡᠴᠢᠯᠡᠵᠦ᠍᠂ ᠨᠢᠳᠤᠨᠤᠨ ᠨᠢᠭᠡ ᠯᠡ ᠵᠢᠯ᠎ᠳᠦ ᠲᠠᠷᠤᠢ ᠤᠯᠠᠨ ᠲᠦᠮᠡᠨ᠎ᠳᠦ 625 ᠤᠴᠢᠷ ᠶᠠᠪᠤᠳᠠᠯ᠎ᠢ ᠱᠢᠢᠳᠪᠦᠷᠢᠯᠡᠵᠦ᠍ ᠥᠭ᠌ᠴᠦ᠂ ᠤᠯᠠᠨ ᠲᠦᠮᠡᠨ᠎ᠳᠤ ᠲᠠᠭᠠᠰᠢᠶᠠᠭᠳᠠᠭᠰᠠᠨ ᠭᠡᠮᠵᠢᠶ᠎ᠡ 100% ᠳ᠋ᠦ ᠬᠦᠷᠦᠭᠰᠡᠨ ᠪᠠᠢᠨ᠎ᠠ᠃
ᠲᠣᠰᠭᠣᠨ᠎ᠤ ᠠᠷᠠᠳ᠎ᠤᠨ ᠬᠠᠨᠤᠮᠵᠢ ᠵᠢᠨ ᠬᠡᠮᠵᠢᠶ᠎ᠡ ᠨᠡᠩ ᠦᠨᠳᠦᠷ ᠪᠤᠯᠵᠤ᠂ ᠺᠠᠳ᠋ᠷ ᠣᠯᠠᠨ ᠲᠦᠮᠡᠨ ᠨᠠᠩ ᠳᠣᠲᠣᠨᠣ ᠪᠡᠷ ᠦᠢᠯᠡᠴᠢᠯᠡᠬᠦ ᠪᠤᠯᠵᠠᠢ᠃ ᠴᠧᠨ ᠵᠢᠦᠸᠠᠨ ᠵᠢᠦᠸᠠᠨ ᠲᠣᠰᠭᠣᠨ᠎ᠡᠴᠡ ᠠᠶᠠᠷᠯᠠᠨ ᠬᠡᠰᠡᠭ ᠬᠤᠭᠤᠴᠠᠭ᠎ᠠ ᠰᠤᠷᠤᠯᠴᠠᠬᠤ ᠪᠡᠷ ᠶᠠᠪᠤᠬᠤ᠎ᠳᠤ᠂ ᠲᠤᠰᠬᠤᠨ᠎ᠤ ᠨᠢᠭᠡᠨ ᠡᠭᠡᠴᠢ ᠰᠥᠨᠢ᠎ᠪᠡᠷ ᠲᠡᠭᠦᠨ᠎ᠳᠦ ᠬᠣᠶᠠᠷ ᠵᠦᠢᠷᠡᠢ ᠱᠠᠬᠠᠢ᠎ᠶ᠋ᠢᠨ ᠤᠯᠠᠪᠴᠢ ᠣᠶᠣᠵᠤ ᠥᠭ᠌ᠴᠡᠢ᠂ ᠵᠢᠦᠸᠠᠨ ᠵᠢᠦᠸᠠᠨ ᠬᠤᠷᠢᠶᠠᠬᠤ ᠦᠭᠡᠢ᠎ᠡᠴᠡ ᠰᠠᠨᠠᠭᠠᠰᠢᠷᠠᠵᠤ᠂ ᠲᠡᠭᠦᠨ᠎ᠳᠤ ᠦᠭᠡ ᠦᠯᠡᠳᠡᠭᠡᠵᠡᠢ᠄ 《ᠦᠨ᠎ᠡ ᠲᠠᠢ ᠶᠠᠭᠤᠮ᠎ᠠ ᠪᠢᠰᠢ᠂ ᠲᠠᠨ᠎ᠤ ᠬᠦᠯᠢᠶᠡᠨ ᠠᠪᠬᠤ᠎ᠶ᠋ᠢ ᠬᠦᠰᠡᠵᠦ᠍ ᠪᠠᠢᠨ᠎ᠠ᠂ ᠱᠠ ᠵᠧᠦ᠍ᠵᠢᠨ ᠲᠦᠯᠦᠭᠡ ᠲᠠ ᠤᠯᠠᠨ ᠶᠠᠪᠤᠳᠠᠯ ᠬᠢᠯᠠ᠂ ᠬᠡᠳᠦᠢ ᠣᠯᠠᠨ ᠱᠠᠬᠠᠢ ᠡᠯᠡᠭᠳᠡᠭᠰᠡᠨᠢ ᠪᠦᠦ ᠮᠡᠳᠡ᠂ ᠨᠢᠭᠡ ᠬᠡᠦᠬᠡᠨ ᠨᠤᠲᠤᠭ᠎ᠡᠴᠡ᠎ᠪᠠᠨ ᠰᠠᠯᠵᠤ ᠱᠠ ᠵᠧᠦ᠍᠎ᠶ᠋ᠢᠨ ᠬᠥᠭ᠌ᠵᠢᠯᠲᠡ᠎ᠶ᠋ᠢᠨ ᠰᠠᠢᠨ ᠰᠠᠢᠬᠠᠨ ᠢᠷᠡᠭᠡᠳᠦᠢ᠎ᠶ᠋ᠢᠨ ᠲᠥᠯᠥᠭᠡ᠂ ᠠᠯᠢ ᠤᠯᠠᠨ ᠵᠢᠳᠭᠦᠯ ᠴᠢᠷᠮᠠᠢᠯᠭ᠎ᠠ ᠭᠠᠷᠭᠠᠵᠠᠢ᠂ ᠪᠢ ᠪᠦᠬᠦ᠌ ᠭᠡᠷ᠎ᠦᠨ᠎ᠢᠶᠡᠨ ᠡᠮᠦᠨ᠎ᠡ᠎ᠡᠴᠡ ᠲᠠᠨ᠎ᠳᠤ ᠲᠠᠯᠠᠷᠬᠠᠶ᠎ᠠ》᠃
ᠴᠧᠨ ᠵᠢᠤᠸᠠᠨ ᠵᠢᠤᠸᠠᠨ᠄ 《ᠦᠨᠳᠦᠰᠦᠨ ᠱᠠᠲᠤᠨ᠎ᠤ ᠺᠠᠳ᠋ᠷ ᠪᠣᠯᠬᠤ ᠨᠢ ᠡᠢᠮᠦ᠍ ᠵᠣᠯ ᠵᠢᠷᠭᠠᠯ᠎ᠲᠠᠶ ᠪᠠᠢᠵᠠᠶ! ᠨᠠᠮ᠎ᠤᠨ ᠭᠡᠱᠢᠭᠦᠨ ᠺᠠᠳ᠋ᠷ ᠪᠤᠯᠤᠭᠰᠠᠨ᠎ᠤ ᠬᠤᠪᠢ᠎ᠳᠤ ᠦᠪᠡᠷ᠎ᠤᠨ ᠬᠢᠪᠡᠰᠦ ᠵᠣᠬᠢᠬᠤ ᠠᠵᠢᠯ᠎ᠢᠶᠡᠨ ᠬᠢᠵᠦ ᠪᠠᠢᠬᠤ᠎ᠳᠤ᠂ ᠤᠯᠠᠨ ᠲᠦᠮᠡᠨ ᠬᠠᠷᠢᠨ ᠴᠢᠩ ᠦᠨᠡᠨᠴᠢ ᠬᠠᠢᠷ᠎ᠠ ᠰᠡᠳᠭᠢᠯᠭᠡ᠎ᠲᠡᠶ ᠪᠡᠷ ᠨᠠᠳᠠ᠎ᠳᠤ ᠬᠠᠨᠳᠤᠵᠤ ᠪᠠᠢᠨ᠎ᠠ᠃ 〈ᠲᠠᠯ᠎ᠠ ᠬᠥᠨᠵᠢᠯᠡ〉 ᠶ᠋ᠢᠨ ᠬᠠᠢᠷ᠎ᠠ ᠬᠠᠯᠠᠮᠵᠢ ᠵᠢ ᠪᠢ ᠤᠳᠤ ᠨᠡᠩ ᠦᠨᠡᠨ ᠪᠣᠳᠠᠲᠠᠢ᠎ᠪᠠᠷ ᠰᠡᠷᠡᠵᠦ᠍ ᠮᠡᠳᠡᠪᠡ!》 ᠭᠡᠵᠦ᠍ ᠰᠡᠳᠭᠢᠯ ᠳᠣᠭ᠍ᠳᠣᠯᠤᠨ ᠶᠠᠷᠢᠨ᠎ᠠ᠃
ᠱᠠ ᠵᠧᠦ ᠲᠣᠰᠭᠣᠨ᠎ᠳᠤ ᠬᠣᠶᠠᠷ ᠵᠢᠯ ᠬᠠᠭᠠᠰ ᠠᠵᠢᠯᠯᠠᠭᠰᠡᠨ ᠴᠧᠨ ᠵᠢᠦᠸᠠᠨ ᠵᠢᠦᠸᠠᠨ᠂ ᠠᠯᠢᠪᠠ ᠪᠦᠬᠦᠨ ᠲᠠᠨᠢᠯ ᠪᠤᠰᠤ ᠪᠠᠢᠭ᠍ᠰᠠᠨ᠎ᠡᠴᠡ᠎ᠪᠠᠨ ᠨᠤᠲᠤᠭ᠎ᠤᠨ ᠠᠶᠠᠯᠭᠤ᠎ᠪᠠᠷ ᠲᠣᠰᠭᠣᠨ᠎ᠤ ᠠᠷᠠᠳ᠎ᠲᠠᠶ ᠤᠷᠤᠰᠤᠮ᠎ᠠ ᠰᠠᠢᠬᠠᠨ ᠶᠠᠷᠢᠯᠴᠠᠵᠤ ᠴᠢᠳᠠᠬᠤ ᠪᠣᠯᠵᠠᠢ; ᠬᠦᠰᠡᠯᠡᠩ᠎ᠲᠤ ᠤᠷᠴᠢᠨ᠎ᠡᠴᠡ ᠭᠠᠷᠴᠤ᠌ ᠢᠷᠡᠭ᠌ᠰᠡᠨ ᠢᠴᠢᠮᠡᠲᠡᠭᠡᠶ ᠰᠤᠷᠤᠭ᠍ᠴᠢ ᠪᠠᠢᠭᠰᠡᠨ ᠡᠴᠡ ᠪᠡᠨ ᠪᠡᠶ᠎ᠡ ᠪᠡᠨ ᠲᠠᠭᠠᠭᠠᠵᠤ ᠠᠵᠢᠯᠯᠠᠬᠤ 《ᠴᠧᠨ ᠱᠦᠵᠢ》 ᠪᠤᠯᠤᠨ ᠬᠦᠮᠦᠵᠢᠭᠳᠡᠵᠡᠢ; ᠨᠢᠭᠡᠨ《ᠭᠠᠳᠠᠷ ᠣᠷᠣᠨ᠎ᠤ ᠠᠰᠫᠢᠷᠠᠨᠲ》 ᠪᠠᠢᠭᠰᠡᠨ ᠡᠴᠡ ᠪᠡᠨ ᠣᠯᠠᠨ ᠲᠦᠮᠡᠨ᠎ᠦ ᠰᠡᠳᠭᠢᠯ᠎ᠳᠦ ᠮᠡᠳᠡᠷᠡᠭ᠌ᠳᠡᠭ᠌ᠰᠡᠨ《ᠱᠠ ᠵᠧᠣ᠌᠎ᠶ᠋ᠢᠨ ᠥᠬᠢᠨ》 ᠪᠣᠯᠪᠠ᠃
ᠨᠤᠲᠤᠭ᠎ᠤᠨ ᠠᠷᠠᠳ ᠲᠦᠮᠡᠨ᠎ᠦ ᠣᠶᠣᠵᠤ ᠦᠭᠭᠦᠭᠰᠡᠨ ᠤᠯᠠᠪᠴᠢ᠎ᠶ᠋ᠢ ᠭᠢᠰᠭᠢᠵᠦ᠍᠂ ᠨᠤᠲᠤᠭ᠎ᠤᠨ ᠬᠦᠷᠦᠰᠦ ᠪᠡᠷ ᠠᠯᠬᠤᠯᠠᠬᠤ᠎ᠳᠤ᠂ ᠴᠧᠨ ᠵᠢᠦᠸᠠᠨ ᠵᠢᠦᠸᠠᠨ ᠶᠡᠷᠦᠩᠬᠡᠶ ᠱᠦᠵᠢ᠎ᠶ᠋ᠢᠨ ᠶᠠᠷᠢᠭᠰᠠᠨ ᠦᠭᠡ᠎ᠶ᠋ᠢ ᠦᠷᠭᠦᠯᠵᠢ ᠪᠣᠳᠣᠵᠤ ᠣᠯᠳᠠᠭ — ᠡᠪ ᠬᠠᠮᠲᠤ ᠨᠠᠮ᠎ᠤᠨ ᠭᠡᠱᠢᠭᠦᠨ ᠥᠪᠡᠷ᠎ᠦᠨ ᠪᠠᠢᠭ᠎ᠠ ᠨᠢᠭᠡ ᠬᠥᠨᠵᠢᠯᠡᠶ᠋ᠢᠨᠢᠶᠡᠨ ᠬᠠᠭᠠᠰ᠎ᠢ ᠨᠢ ᠬᠠᠢᠴᠢᠯᠠᠵᠤ ᠠᠷᠠᠳ ᠲᠦᠮᠡᠨ᠎ᠳᠦ ᠥᠭ᠌ᠳᠡᠭ᠂ ᠡᠨᠡ ᠪᠣᠯ ᠤᠷᠢᠶ᠎ᠠ ᠤᠭᠲᠤ ᠪᠢᠰᠢ᠂ ᠮᠠᠶᠢᠭᠯᠠᠵᠤ ᠪᠠᠢᠭ᠎ᠠ ᠶᠠᠪᠤᠳᠠᠯ ᠪᠢᠰᠢ᠂ ᠪᠢᠳᠡ ᠶᠠᠭ ᠢᠩᠭᠢᠵᠦ᠍ ᠬᠢᠭ᠌ᠰᠡᠨ ᠶᠤᠮ᠃ ᠭᠡᠬᠦ᠎ᠳᠡᠭᠡᠨ ᠡᠢᠮᠦ᠍ᠷᠬᠦᠥ ᠲᠠᠩᠭᠠᠷᠢᠭ᠎ᠢ ᠪᠢᠳᠡ ᠤᠯᠠᠮᠵᠢᠯᠠᠭ᠍ᠰᠠᠭᠠᠷ ᠢᠷᠡᠵᠡᠢ᠃ ᠶᠠᠭ ᠡᠢᠮᠦ᠍ ᠪᠣᠯᠬᠣᠷ ᠠᠷᠠᠳ ᠢᠷᠭᠡᠳ ᠰᠠᠶᠢ ᠡᠪ ᠬᠠᠮᠲᠤ ᠨᠠᠮ᠎ᠢ ᠥᠪᠡᠷ᠎ᠦᠨ᠎ᠢᠶᠡᠨ ᠨᠠᠮ᠂ ᠠᠷᠠᠳ ᠲᠦᠮᠡᠨ᠎ᠦ ᠨᠠᠮ ᠭᠡᠵᠦ᠍ ᠦᠵᠡᠳᠡᠭ᠃
《〈ᠲᠠᠯ᠎ᠠ ᠬᠥᠨᠵᠢᠯᠡ〉 ᠵᠢᠨ ᠬᠠᠢᠷ᠎ᠠ ᠬᠠᠯᠠᠮᠵᠢ ᠵᠢ ᠪᠢ ᠦᠷᠭᠦᠯᠵᠢᠯᠡᠨ ᠤᠯᠠᠮᠵᠢᠯᠠᠨᠡ》 ᠭᠡᠵᠦ᠍ ᠴᠧᠨ ᠵᠢᠤᠸᠠᠨ ᠵᠢᠤᠸᠠᠨ ᠬᠡᠯᠡᠵᠤ ᠪᠠᠢᠯ᠎ᠠ᠃
(ᠱᠢᠨᠬᠤᠸᠠ ᠬᠣᠷᠢᠶᠠᠨ᠎ᠤ ᠪᠡᠭᠡᠵᠢᠩ᠎ᠦᠨ 9 ᠰᠠᠷ᠎ᠠ᠎ᠵᠢᠨ 15᠎ᠤ ᠴᠠᠬᠢᠯᠭᠠᠨ ᠮᠡᠳᠡᠭᠡ)
- ᠨᠠᠢᠷᠠᠭᠤᠯᠤᠭ᠍ᠴᠢ᠄
- ᠨᠡᠪᠲᠡᠷᠡᠭᠦᠯᠦᠭᠴᠢ᠄
- ᠮᠡᠷᠭᠡᠵᠢᠯ᠄
ᠨᠠᠢᠷᠠᠭᠤᠯᠤᠭ᠍ᠴᠢ᠄ ᠴᠠᠨ᠎ᠠ
ᠣᠷᠴᠢᠭᠤᠯᠤᠭ᠍ᠴᠢ᠄




ᠰᠢᠭᠦᠮᠵᠢ ᠠᠯᠠᠭ᠎ᠠ ᠂ ᠬᠤᠷᠳᠤᠨ ᠨᠢᠭᠡᠳᠦᠭᠡᠷ ᠵᠤᠷᠪᠤᠰ ᠰᠢᠭᠦᠮᠵᠢ ᠨᠡᠢ᠌ᠲᠡᠯᠡᠭᠡᠷᠡᠢ᠃