ᠭᠣᠣᠯ ᠰᠡᠳᠦᠪᠲᠦ ᠮᠡᠳᠡᠭᠡᠯᠡᠯ > ᠶᠡᠷᠦᠩᠬᠡᠢ ᠱᠦᠵᠢ ᠠᠷᠠᠳ ᠲᠦᠮᠡᠨ ᠲᠠᠢ᠎ᠪᠠᠨ ᠬᠠᠮᠤᠭ᠎ᠤ᠋ᠨ ᠳᠣᠲᠣᠨᠣ

2022-10-04 17:45:25

ᠵᠣᠬᠢᠶᠠᠭ᠍ᠴᠢ᠄ ​ᠽᠸᠥ ᠳ᠋ᠦᠸᠸ ᠸᠧᠢ ᠮᠸᠩ ᠬᠠᠨ ᠴᠢ ᠣᠩᠱᠢᠭ᠍ᠰᠠᠨ ᠣᠳᠠᠭ᠎ᠠ᠄ 3

ᠡᠯᠪᠡᠭ ᠬᠤᠷᠢᠶᠠᠯᠲᠠ ᠵᠢ ᠪᠡᠯᠬᠡᠳᠡᠭᠰᠡᠨ ᠪᠠᠰᠠ ᠨᠢᠭᠡᠨ ᠠᠯᠲᠠᠨ ᠨᠠᠮᠤᠷ ᠠᠢᠰᠤᠢ᠃ ᠰᠢᠵᠢᠷ ᠠᠯᠳᠠᠨ ᠨᠠᠷᠠ ᠲᠤᠶᠠᠭᠠᠷᠠᠬᠤ ᠪᠡᠷ᠂ ᠱᠠᠨᠰᠢ ᠮᠤᠵᠢ᠎ᠶ᠋ᠢᠨ ᠵᠠᠱᠦᠶ᠋ᠢ ᠱᠢᠶᠠᠨ᠎ᠤ ᠵᠢᠨᠮᠢ ᠲᠣᠰᠭᠣᠨ᠎ᠤ ᠲᠠᠷᠢᠶᠠᠨ ᠭᠠᠵᠠᠷ ᠬᠦᠯᠡᠮᠵᠢ ᠵᠢᠨ ᠳᠤᠳᠤᠷ᠎ᠠ᠂ ᠮᠦᠷ ᠮᠦᠷ ᠵᠢᠬᠰᠠᠭᠠᠬᠳᠠᠬᠰᠠᠨ ᠮᠦᠬᠦ ᠵᠢᠨ ᠤᠭᠤᠲᠠ ᠳᠡᠷᠢ ᠲᠡᠭ᠌ᠰᠢ ᠡᠯᠭᠦᠭ᠌ᠳᠡᠵᠦ᠍᠂ ᠳᠡᠯᠳᠡᠦ ᠢᠬᠴᠤᠷᠠᠨ ᠰᠠᠭᠤᠬᠰᠠᠨ ᠪᠠᠢᠪᠠ᠃

《ᠣᠳᠣ ᠤᠷᠭᠤᠴᠠ ᠨᠢ ᠶᠠᠮᠠᠷ ᠪᠠᠢ᠍ᠢᠨ᠎ᠠ ?》᠂ 《ᠤᠨᠠᠯᠳᠠ᠎ᠶ᠋ᠢ ᠨᠥᠯᠥᠭᠡᠯᠡᠬᠦ᠌ ᠠᠰᠠᠭᠤᠳᠠᠯ᠎ᠢ ᠨᠢ ᠱᠢᠶ᠋ᠳᠪᠦᠷᠢᠯᠡᠭ᠌ᠰᠡᠨ ᠦᠦ?》 ᠬᠡᠵᠥ ᠮᠢᠩᠭᠠᠨ ᠭᠠᠵᠠᠷ᠎ᠤᠨ ᠠᠯᠤᠰ᠎ᠡᠴᠡ ᠬᠢᠷᠢᠨ᠎ᠦ ᠲᠠᠷᠢᠶᠠᠯᠠᠩ᠎ᠤᠨ ᠶᠡᠬᠡ ᠰᠤᠷᠭᠠᠭᠤᠯᠢ᠎ᠶ᠋ᠢᠨ ᠠᠯᠪᠠᠨ ᠭᠡᠷ᠎ᠲᠦ᠂ ᠳᠤᠮᠳᠠᠳᠤ ᠤᠯᠤᠰ᠎ᠤᠨ ᠢᠨᠵᠧᠨᠧᠷᠢᠩ᠎ᠦᠨ ᠬᠦᠷᠢᠶᠡᠯᠡᠩ᠎ᠦᠨ ᠠᠺᠠᠳᠧᠮᠢᠴᠢ᠂ ᠮᠦᠬᠦ᠌᠎ᠶ᠋ᠢᠨ ᠰᠤᠳᠤᠯᠤᠯ᠎ᠤᠨ ᠲᠤᠰᠭᠠᠢ ᠮᠡᠷᠭᠡᠵᠢᠯᠲᠡᠨ ᠯᠢ ᠢᠦᠢ ᠶᠠᠭ ᠸᠢᠳᠢᠣ᠋᠎ᠪᠠᠷ ᠳᠠᠮᠵᠢᠭᠤᠯᠤᠨ ᠨᠠᠷᠢᠨ ᠠᠰᠠᠭᠤᠨ᠎ᠠ᠃

ᠬᠢᠵᠢᠭ᠎ᠦᠨ ᠨᠥᠯᠥᠭᠡ᠎ᠡᠴᠡ ᠪᠤᠯᠵᠤ ᠬᠦᠷᠴᠦ᠍ ᠤᠴᠢᠵᠥ ᠳᠡᠢᠯᠬᠦ᠌ ᠦᠭᠡᠢ ᠪᠣᠯᠤᠭ᠍ᠰᠠᠨ ᠴᠤ᠌᠂ ᠯᠢ ᠢᠦᠢ ᠲᠡᠯᠳᠡᠤ ᠵᠢᠨ ᠲᠠᠷᠢᠵᠤ ᠤᠷᠭᠤᠬᠰᠠᠨ ᠪᠠᠢᠳᠠᠯ᠎ᠤᠨ ᠲᠤᠬᠠᠢ ᠢᠮᠠᠬᠳᠠ ᠰᠠᠨᠠᠭ᠎ᠠ ᠪᠤᠯᠤᠬᠰᠠᠭᠠᠷ ᠪᠠᠢᠯ᠎ᠠ᠃ 《 ᠶᠡᠷᠦᠩᠬᠡᠢ ᠱᠦᠵᠢ ᠰᠢ ᠵᠢᠨ ᠫᠢᠩ ᠵᠢᠵᠢᠭ ᠳᠡᠯᠳᠡᠦ ᠪᠣᠯ ᠲᠤᠮᠤ ᠠᠵᠤ ᠦᠢᠯᠡᠰ ᠮᠦᠨ ᠬᠡᠵᠥ ᠨᠤᠲᠠᠯᠠᠪᠠ᠂ ᠳᠡᠬᠦᠨ ᠵᠢᠡᠷ ᠳᠠᠮᠵᠢᠭᠤᠯᠤᠨ ᠲᠠᠷᠢᠶᠠᠴᠢᠳ᠎ᠤᠨ ᠣᠷᠣᠯᠭ᠎ᠠ᠎ᠪᠠᠨ ᠨᠡᠮᠡᠭ᠌ᠳᠡᠭᠦᠯᠵᠦ᠍ ᠪᠠᠶᠠᠵᠢᠬᠤ᠎ᠶ᠋ᠢ ᠴᠢᠨᠠᠭ᠍ᠰᠢᠳᠠ ᠠᠬᠢᠭᠤᠯᠬᠤ ᠴᠢᠬᠤᠯᠠᠲᠠᠢ ᠪᠠᠢᠨ᠎ᠠ!》᠃

2020 ᠣᠨ᠎ᠤ 4 ᠰᠠᠷ᠎ᠠ᠎ᠶ᠋ᠢᠨ 20 ᠤ᠋ ᠡᠳᠦᠷ᠂ ᠶᠡᠷᠦᠩᠬᠡᠢ ᠱᠦᠵᠢ ᠰᠢ ᠵᠢᠨ ᠫᠢᠩ ᠵᠠᠱᠦᠶ᠋ᠢ ᠱᠢᠶᠠᠨ᠎ᠤ ᠵᠢᠨᠮᠢ ᠲᠣᠰᠭᠣᠨ᠎ᠳᠤ ᠱᠢᠨᠵᠢᠯᠡᠨ ᠪᠠᠢᠴᠠᠭᠠᠵᠤ᠂ ᠲᠣᠰᠭᠣᠨ᠎ᠤ ᠪᠣᠯᠪᠠᠰᠤᠷᠠᠯ᠎ᠤᠨ ᠲᠥᠪ᠂ ᠤᠶᠤᠨᠴᠢ ᠬᠣᠯᠪᠣᠭᠠᠲᠤ ᠲᠡᠯᠳᠡᠤ᠎ᠶ᠋ᠢᠨ ᠬᠦᠯᠡᠮᠵᠢ᠎ᠪᠡᠷ ᠣᠷᠣᠵᠤ᠂ ᠲᠡᠯᠳᠡᠤ᠎ᠶ᠋ᠢᠨ ᠡᠭᠦᠯᠳᠡᠷ ᠪᠣᠯᠤᠨ ᠲᠠᠷᠢᠬᠤ ᠶᠠᠪᠤᠴᠠ᠎ᠶ᠋ᠢ ᠤᠢ᠍ᠢᠯᠠᠭᠠᠨ᠂ ᠲᠡᠯᠳᠡᠤ᠎ᠶ᠋ᠢᠨ ᠦᠨ᠎ᠡ ᠬᠠᠩᠰᠢ᠂ ᠪᠣᠷᠣᠯᠠᠭᠤᠯᠭ᠎ᠠ᠎ᠶ᠋ᠢᠨ ᠵᠠᠮ ᠪᠣᠯᠤᠨ ᠲᠣᠰᠭᠣᠨ᠎ᠤ ᠠᠷᠠᠳ᠎ᠤᠨ ᠣᠷᠣᠯᠭ᠎ᠠ ᠵᠡᠷᠭᠡ᠎ᠶ᠋ᠢ ᠯᠠᠪᠯᠠᠨ ᠠᠰᠠᠭᠤᠵᠤ᠂ ᠲᠡᠳᠡᠨ ᠤ᠋ ᠵᠢᠵᠢᠭ ᠲᠡᠯᠳᠡᠤ᠎ᠶ᠋ᠢ ᠲᠤᠮᠤ ᠠᠵᠤ ᠦᠢᠯᠡᠰ ᠪᠣᠯᠭᠠᠨ ᠡᠷᠬᠢᠯᠡᠭᠰᠡᠨ᠎ᠢ ᠮᠠᠭ᠍ᠲᠠᠨ ᠰᠠᠢᠱᠢᠶᠠᠪᠠ᠃

《ᠲᠤᠰ ᠤᠷᠤᠢ ᠳ᠋ᠤᠨᠢ ᠲᠣᠰᠭᠣᠨ᠎ᠤ ᠺᠠᠳ᠋ᠷ ᠨᠠᠳᠠ᠎ᠳᠤ ᠤᠲᠠᠰᠤ ᠢᠷᠡᠭᠦᠯᠵᠦ᠍ ᠬᠡᠯᠡᠵᠤ ᠦᠭᠪᠡ᠂ ᠡᠨᠡ ᠬᠦ᠌ ᠪᠠᠢᠳᠠᠯ᠎ᠢ ᠤᠳᠤ ᠪᠣᠯᠲᠠᠯ᠎ᠠ ᠮᠠᠷᠲᠠᠵᠤ ᠴᠢᠳᠠᠬᠤ ᠦᠭᠡᠢ 》 ᠭᠡᠵᠦ᠍ ᠯᠢ ᠢᠦᠢ ᠢᠨᠢᠶᠡᠮᠰᠦᠭ ᠵᠢᠡᠷ ᠶᠠᠷᠢᠨ᠎ᠡ᠃

ᠵᠢᠨᠮᠢ ᠲᠣᠰᠭᠣᠨ ᠴᠢᠨᠯᠢᠩ ᠳᠠᠪᠠᠭ᠎ᠠ᠎ᠶ᠋ᠢᠨ ᠥᠷᠥᠴᠡᠨ᠎ᠳᠦ ᠪᠠᠢᠷᠢᠯᠠᠵᠤ᠂ ᠲᠤᠬᠠᠢ᠎ᠶ᠋ᠢᠨ ᠭᠠᠵᠠᠷ᠎ᠤᠨ ᠬᠢᠨ ᠳᠡᠯᠳᠡᠦ ᠲᠠᠷᠢᠬ᠍ᠰᠠᠨ ᠥᠨᠢ ᠤᠳᠠᠭᠠᠨ ᠲᠡᠦᠬᠡ᠎ᠲᠡᠶ ᠪᠣᠯᠪᠠᠴᠤ᠌᠂ ᠢᠮᠠᠭ᠍ᠲᠠ 《ᠲᠡᠭᠷᠢ ᠵᠢᠨ ᠴᠢᠷᠠᠢ ᠵᠢ ᠬᠠᠷᠠᠵᠥ》᠂ ᠤᠯᠠᠮᠵᠢᠯᠠᠯᠳᠤ ᠮᠡᠷᠭᠡᠵᠢᠯ᠎ᠢ ᠬᠡᠷᠡᠭ᠌ᠯᠡᠭᠰᠡᠬᠡᠷ ᠪᠠᠢᠪᠠ᠃

2017 ᠣᠨ᠎ᠳᠤ᠂ ᠲᠤᠬᠠᠢ᠎ᠶ᠋ᠢᠨ ᠭᠠᠵᠠᠷ᠎ᠲᠤ ᠱᠢᠨᠵᠢᠯᠡᠨ ᠪᠠᠢᠴᠠᠭᠠᠬᠤ᠎ᠪᠠᠷ ᠬᠦᠷᠦᠭᠰᠡᠨ ᠯᠢ ᠢᠦᠢ ᠎ᠶ᠋ᠢᠨᠮᠢ ᠲᠣᠰᠭᠣᠨ᠎ᠳᠤ ᠳᠠᠷᠢᠵᠤ ᠤᠷᠭᠤᠭᠤᠯᠬᠤ ᠮᠡᠷᠭᠡᠵᠢᠯ᠎ᠢ ᠬᠤᠪᠢᠷᠠᠭᠤᠯᠬᠤ᠂ ᠮᠦᠬᠦ᠌᠎ᠶ᠋ᠢᠨ ᠪᠣᠭᠣᠯᠲᠠ᠎ᠶ᠋ᠢ ᠰᠣᠯᠢᠬᠤ 《ᠵᠣᠷ》 ᠭᠠᠷᠭᠠᠵᠤ ᠥᠭ᠌ᠭᠦᠭ᠌ᠰᠡᠨ᠎ᠳᠦ ᠲᠠᠷᠢᠶᠠᠴᠢᠳ᠎ᠤᠨ ᠡᠰᠡᠷᠭᠦᠴᠡᠯ᠎ᠢ ᠤᠯᠪᠠ᠄ ᠲᠠ ᠢᠷᠡᠭᠡᠳ ᠬᠡᠳᠦᠬᠡᠨ ᠡᠳᠦᠷ ᠪᠣᠯᠤᠭ᠎ᠠ ᠦᠭᠡᠢ᠎ᠪᠡᠷ ᠪᠢᠳᠡᠨ᠎ᠡᠴᠡ ᠢᠯᠡᠬᠦᠦ ᠪᠠᠢᠳᠠᠯ᠎ᠢ ᠣᠢᠯᠠᠭᠠᠵᠤ ᠴᠢᠳᠠᠨ᠎ᠠ ᠬᠡᠵᠦ᠎ᠤᠤ?

《ᠲᠠᠷᠢᠵᠤ ᠲᠤᠷᠱᠢᠵᠤ ᠦᠵᠡ᠂ ᠬᠣᠨᠵᠢᠭ᠍ᠳᠠᠪᠠᠯ ᠪᠢ ᠮᠡᠳᠡᠶ᠎ᠡ》᠃ ᠯᠢ ᠢᠦᠢ᠎ᠶ᠋ᠢᠨ ᠪᠦᠯᠬᠦᠮ ᠨᠢ ᠦᠨ᠎ᠡ ᠲᠥᠯᠥᠪᠦᠷᠢ ᠦᠭᠡᠢ᠎ᠪᠡᠷ ᠲᠠᠷᠢᠬᠤ᠎ᠳᠤ ᠲᠣᠬᠢᠷᠠᠮᠵᠢᠲᠠᠢ ᠡᠭᠦᠯᠳᠡᠷ᠎ᠦᠨ ᠬᠡᠰᠡᠭ ᠮᠦᠬᠦ᠎ᠶ᠋ᠢ ᠲᠠᠷᠢᠶᠠᠴᠢᠳ᠎ᠲᠤ ᠬᠠᠩᠭᠠᠵᠤ᠂ ᠲᠤᠰᠭᠠᠢ ᠬᠥᠮᠦᠨ ᠲᠣᠮᠢᠯᠠᠨ ᠲᠣᠰᠭᠣᠨ᠎ᠳᠤ ᠦᠯᠡᠳᠡᠭᠡᠨ ᠮᠡᠷᠭᠡᠵᠢᠯ ᠤᠯᠠᠮᠵᠢᠯᠠᠪᠠ᠃

ᠬᠠᠭᠠᠰ ᠵᠢᠯ᠎ᠦᠨ ᠳᠠᠷᠠᠭ᠎ᠠ᠂ ᠳᠡᠯᠳᠡᠦ ᠵᠢᠨ ᠤᠨᠠᠯᠳᠠ ᠨᠢ 30% ᠨᠡᠮᠡᠭ᠌ᠳᠡᠵᠦ᠍᠂ ᠲᠠᠷᠢᠶᠠᠴᠢᠳ ᠮᠡᠷᠭᠡᠵᠢᠯ᠎ᠢ ᠪᠦᠷᠢᠮᠦᠰᠦᠨ ᠡᠵᠡᠮᠱᠢᠭ᠌ᠰᠡᠨ᠎ᠦ ᠳᠠᠷᠠᠭ᠎ᠠ 100% ᠪᠡᠷ ᠨᠡᠮᠡᠭ᠌ᠳᠡᠪᠡ᠃ ᠡᠨᠡ ᠵᠢᠯ ᠦᠶ᠋ᠯᠡᠳᠬᠦᠨ᠎ᠦ ᠥᠷᠲᠡᠭ ᠨᠢ ᠵᠢᠱ᠌ᠢᠯᠲᠡ᠎ᠪᠡᠷ 2100 ᠲᠦᠮᠡᠨ ᠲᠥᠭᠥᠷᠢᠭ᠎ᠲᠦ ᠬᠦᠷᠴᠦ᠍᠂ ᠡᠷᠦᠬᠡ ᠪᠦᠷᠢ᠎ᠶ᠋ᠢᠨ ᠳᠤᠮᠳᠠᠴᠢ ᠣᠷᠣᠯᠭ᠎ᠠ ᠨᠢ 1.5 ᠲᠦᠮᠡᠨ ᠲᠥᠭᠥᠷᠢᠭ᠎ᠡᠴᠡ ᠳᠡᠭᠡᠭ᠌ᠰᠢ ᠨᠡᠮᠡᠭᠳᠡᠬᠦ ᠪᠣᠯᠤᠨ᠎ᠠ᠃

20 ᠳ᠋ᠤᠭᠠᠷ ᠵᠠᠭᠤᠨ᠎ᠤ ᠶᠡᠷᠡᠭᠡᠳ ᠣᠨ᠎ᠳᠤ᠂ ᠮᠦᠬᠦ᠎ᠶ᠋ᠢᠨ ᠰᠤᠳᠤᠯᠭᠠᠨ᠎ᠤ ᠬᠦᠷᠢᠶᠡᠨ᠎ᠳᠦ ᠨᠢᠭᠡᠨᠲᠡ ᠬᠡᠰᠡᠭ ᠠᠮᠵᠢᠯᠲᠠ ᠣᠯᠤᠭ᠍ᠰᠠᠨ ᠯᠢ ᠢᠦᠢ ᠨᠢᠬᠡ ᠤᠳᠠᠭ᠎ᠠ ᠬᠥᠳᠡᠭᠡ ᠪᠠᠭᠤᠵᠤ ᠪᠠᠢᠴᠠᠭᠠᠨ ᠰᠤᠳᠤᠯᠤᠯᠲᠠ ᠬᠢᠬᠦ᠌᠎ᠳᠡᠭᠡᠨ ᠳᠠᠷᠢᠶᠠᠴᠢᠨ ᠠᠬ᠎ᠠ ᠳᠡᠬᠦᠦ ᠵᠢᠨ᠄《 ᠲᠠ᠎ᠨᠠᠷ ᠡᠳᠡᠭᠡᠷ ᠮᠦᠬᠦ᠎ᠶ᠋ᠢ ᠰᠤᠳᠤᠯᠤᠭᠠᠳ ᠶᠠᠮᠠᠷ ᠬᠡᠷᠡᠭ ᠲᠠᠢ ᠪᠤᠢ? ᠠᠷᠠᠳ᠎ᠢ ᠵᠣᠭᠣᠰ ᠣᠯᠣᠭᠤᠯᠬᠤ ᠤᠴᠢᠷ᠎ᠢ ᠰᠤᠳᠤᠯᠵᠤ ᠪᠣᠯᠬᠤ ᠥᠬᠡᠶ ᠦᠦ?》 ᠬᠡᠰᠡᠨ ᠠᠰᠠᠭᠤᠯᠳᠠ ᠳ᠋ᠤ ᠲᠤᠬᠢᠶᠠᠯᠳᠤᠪᠠ᠃

ᠡᠨᠡ ᠠᠰᠠᠭᠤᠯᠲᠠ ᠨᠢ ᠲᠡᠭᠦᠨ᠎ᠳᠦ ᠶᠡᠬᠡ ᠰᠤᠷᠭᠠᠭᠤᠯᠢ ᠲᠡᠭᠦᠰᠦᠭ᠌ᠰᠡᠨ᠎ᠦ ᠪᠠᠨ ᠳᠠᠷᠠᠭ᠎ᠠ ᠦᠨᠳᠦᠰᠦᠨ ᠱᠠᠲᠤᠨ᠎ᠤ ᠲᠠᠷᠢᠶᠠᠯᠠᠩ᠎ᠤᠨ ᠡᠮᠤᠨ᠎ᠡ ᠹᠷᠣᠨᠲ᠎ᠲᠤ ᠦᠨᠳᠦᠰᠦ ᠬᠠᠳᠭᠤᠭ᠍ᠰᠠᠨ ᠠᠷᠪᠠᠨ ᠵᠢᠯ᠎ᠢ ᠰᠠᠨᠠᠭ᠍ᠳᠠᠭᠤᠯᠵᠤ᠂ ᠱᠢᠷ᠎ᠠ ᠱᠢᠷᠣᠶ᠎ᠮᠠᠯᠳᠠᠵᠥ ᠪᠠᠢᠬᠰᠠᠨ ᠳᠠᠷᠢᠶᠠᠴᠢᠳ ᠎ᠤᠨ ᠬᠠᠯᠠᠭᠤᠨ ᠳᠤᠯᠠᠭᠠᠨ ᠢᠳᠡᠵᠦ᠍ ᠡᠮᠦᠰᠭᠦ᠎ᠶ᠋ᠢ ᠬᠥᠭᠡᠭᠡᠴᠡᠯᠳᠦᠭᠰᠡᠨ ᠬᠦᠰᠡᠯ ᠡᠷᠡᠮᠡᠯᠵᠡᠯ᠎ᠢ ᠰᠠᠨᠠᠭ᠍ᠳᠠᠭᠤᠯᠵᠠᠶ᠃

《ᠲᠤᠷᠱᠢᠯᠲᠠ᠎ᠶ᠋ᠢᠨ ᠲᠠᠰᠤᠭ᠎ᠤᠨ ᠰᠤᠳᠤᠯᠭᠠᠨ᠎ᠤ ᠲᠣᠭ᠎ᠠ ᠪᠠᠷᠢᠮᠲᠠ᠎ᠶ᠋ᠢ ᠡᠷᠬᠡᠪᠰᠢ ᠲᠠᠷᠢᠶᠠᠴᠢᠳ᠎ᠤᠨ ᠪᠠᠶᠠᠵᠢᠯ᠎ᠤᠨ ᠦᠷ᠎ᠡ ᠪᠦᠲᠦᠭᠡᠯ ᠪᠣᠯᠭᠠᠬᠤ ᠬᠡᠷᠡᠭ᠌ᠲᠡᠢ!》᠃ ᠡᠭᠦᠨ᠎ᠡᠴᠡ ᠡᠬᠢᠯᠡᠨ᠂ ᠲᠡᠷᠡ ᠡᠯ᠎ᠡ ᠭᠠᠵᠠᠷ᠎ᠲᠤ ᠬᠦᠷᠴᠦ᠍ ᠲᠡᠯᠳᠡᠤ ᠲᠠᠷᠢᠬᠤ ᠬᠡᠷᠡᠭ᠌ᠯᠡᠭᠡᠨ᠎ᠦ ᠮᠡᠷᠭᠡᠵᠢᠯ᠎ᠤᠨ ᠳᠡᠯᠭᠡᠷᠡᠭᠦᠯᠦᠯᠲᠡ᠎ᠶ᠋ᠢᠨ ᠭᠠᠵᠠᠷ᠎ᠢ ᠡᠷᠢᠵᠦ᠍᠂ ᠲᠤᠬᠠᠢ᠎ᠶ᠋ᠢᠨ ᠭᠠᠵᠠᠷ᠎ᠤᠨ ᠪᠠᠢᠳᠠᠯ᠎ᠳᠤᠨᠢ ᠲᠤᠬᠢᠷᠠᠭᠤᠯᠤᠨ ᠳᠠᠷᠢᠶᠠᠴᠢᠳ ᠲᠤ᠌ ᠮᠡᠷᠭᠡᠵᠢᠯ ᠵᠢᠭᠠᠨ ᠰᠤᠷᠭᠠᠪᠠ᠃

ᠨᠠᠮ᠎ᠤᠨ ᠠᠷᠪᠠᠨ ᠨᠠᠢ᠍ᠮᠠᠳᠤᠭᠠᠷ ᠶᠡᠬᠡ ᠬᠤᠷᠠᠯ ᠡᠴᠡ ᠨᠠᠭᠠᠰᠢ᠂ ᠶᠡᠷᠦᠩᠬᠡᠢ ᠱᠦᠵᠢ ᠰᠢ ᠵᠢᠨ ᠫᠢᠩ ᠤᠨᠢᠨ ᠳᠡᠭᠡᠷ᠎ᠡ ᠨᠢ ᠶᠠᠳᠠᠭᠤ᠎ᠶ᠋ᠢ ᠲᠡᠳᠬᠦᠬᠦ᠌ ᠤᠨᠢᠨ ᠳᠡᠭᠡᠷ᠎ᠡ ᠨᠢ ᠶᠠᠳᠠᠭᠤ ᠡᠴᠡ ᠠᠩᠭᠢᠵᠢᠷᠠᠭᠤᠯᠬᠤ ᠠᠷᠭ᠎ᠠ ᠪᠤᠳᠤᠯᠭ᠎ᠠ᠎ᠶ᠋ᠢ ᠳᠤᠷᠠᠳᠴᠠᠢ᠃ ᠯᠢ ᠢᠦᠶ ᠪᠦᠯᠬᠦᠮ᠎ᠢᠶᠡᠨ ᠳᠠᠭᠠᠭᠤᠯᠤᠨ《ᠡᠮᠦᠨᠡᠳᠤ ᠵᠢᠨ ᠮᠦᠬᠦ ᠵᠢ ᠤᠮᠠᠷᠠᠳᠤ ᠳ᠋ᠤ ᠱᠢᠯᠵᠢᠭᠦᠯᠬᠦ᠌ 》᠂ 《 ᠤᠮᠠᠷᠡᠳᠤ ᠵᠢᠨ ᠳᠡᠯᠳᠡᠦ ᠵᠢ ᠡᠮᠤᠨᠡᠰᠢ ᠥᠷᠭᠡᠳᠭᠡᠬᠦ᠌》ᠵᠡᠷᠭᠡ ᠢᠳᠡᠱᠢᠨ ᠮᠥᠭᠥ᠎ᠶ᠋ᠢᠨ ᠠᠵᠤ ᠦᠶ᠋ᠯᠡᠰ᠎ᠢᠶᠡᠷ ᠶᠠᠳᠠᠭᠤ᠎ᠶ᠋ᠢ ᠲᠡᠳᠬᠦᠬᠦ᠌ ᠪᠠᠢᠯᠳᠤᠬᠤ ᠪᠣᠳᠣᠯᠭ᠎ᠠ᠎ᠶ᠋ᠢ ᠠᠬᠢᠭᠤᠯᠵᠤ᠂ ᠢᠳᠡᠱᠢᠨ ᠮᠥᠭᠥ᠎ᠶ᠋ᠢᠨ ᠱᠢᠨᠵᠢᠯᠡᠬᠦ᠌ ᠤᠬᠠᠭᠠᠨ ᠲᠸᠭᠨᠢᠭ ᠮᠡᠷᠭᠡᠵᠢᠯ᠎ᠢᠶᠡᠷ ᠶᠠᠳᠠᠭᠤ᠎ᠶ᠋ᠢ ᠲᠡᠳᠬᠦᠬᠦ᠌ ᠥᠪᠡᠷᠮᠢᠴᠡ ᠵᠠᠭ᠍ᠪᠤᠷ᠎ᠢ ᠬᠠᠢᠨ ᠰᠦᠪᠡᠭ᠌ᠴᠢᠯᠡᠪᠡ᠃

ᠭᠢᠷᠢᠨ᠎ᠦ ᠸᠠᠩ ᠴᠢᠩ᠂ ᠵᠧᠵᠢᠶᠠᠩ᠎ᠤᠨ ᠴᠢᠩ ᠶᠤᠸᠠᠨ᠂ ᠱᠠᠨ ᠰᠢ᠎ᠶ᠋ᠢᠨ ᠯᠢᠨ ᠱᠢᠶᠠᠨ᠂ ᠭᠦᠶ᠋ᠵᠧᠤ᠎ᠶ᠋ᠢᠨ ᠲᠦᠩ ᠷᠧᠨ᠂ ᠾᠧᠪᠧᠶ᠎ᠶ᠋ᠢᠨ ᠹᠦ᠋ ᠫᠢᠩ ᠁ ᠯᠢ ᠢᠦᠶ᠎ᠶ᠋ᠢᠨ ᠤᠯᠠ ᠮᠥᠷ ᠡᠮᠦᠨ᠎ᠡ ᠤᠮᠠᠷ᠎ᠠ᠎ᠶ᠋ᠢᠨ ᠬᠥᠳᠡᠭᠡ ᠲᠣᠰᠭᠣᠨ᠎ᠤ ᠡᠮᠦᠨ᠎ᠡ ᠹᠷᠣᠨᠲ᠎ᠲᠤ ᠲᠦᠭᠡᠵᠦ᠍᠂ ᠪᠦᠯᠬᠦᠮ ᠵᠢᠡᠨ ᠳᠠᠭᠠᠭᠤᠯᠤᠨ ᠪᠥᠬᠥ᠌ ᠤᠯᠤᠰ᠎ᠤᠨ ᠡᠯ᠎ᠡ ᠭᠠᠵᠠᠷ᠎ᠲᠤ 20 ᠭᠠᠷᠤᠶ ᠢᠳᠡᠰᠢᠨ ᠮᠥᠭᠥ᠎ᠶ᠋ᠢᠨ ᠮᠡᠷᠭᠡᠵᠢᠯ ᠳᠡᠯᠭᠡᠷᠡᠭᠦᠯᠬᠦ᠌ ᠰᠠᠭᠤᠷᠢᠨ᠎ᠢ ᠪᠠᠢᠭᠤᠯᠪᠠ᠃

ᠶᠠᠳᠠᠭᠤ ᠡᠴᠡ ᠠᠩᠭᠢᠵᠢᠷᠠᠭᠤᠯᠬᠤ ᠪᠣᠭᠣᠮᠲᠠ ᠱᠢᠪᠲᠤᠯᠬᠤ ᠳᠠᠢᠯᠠᠯᠳᠤᠭᠠᠨ᠎ᠤ ᠳᠤᠮᠳᠠ᠂ ᠯᠢ ᠢᠦᠢ ᠴᠥᠭᠡᠨ ᠪᠤᠰᠤ ᠭᠠᠵᠠᠷ᠎ᠤᠨ ᠲᠠᠷᠢᠶᠠᠴᠢᠳ᠎ᠲᠠᠶ ᠬᠠᠮᠲᠤ ᠢᠳᠡᠵᠦ᠍ ᠬᠠᠮᠲᠤ ᠬᠥᠳᠡᠯᠮᠦᠷᠢᠯᠡᠵᠦ᠍᠂ ᠲᠡᠳᠡᠨ᠎ᠦ ᠬᠠᠮᠤᠭ᠎ᠤᠨ ᠢᠲᠡᠭᠡᠯᠲᠡᠢ ᠰᠡᠳᠭᠢᠯ᠎ᠢ ᠮᠡᠳᠡᠭ᠌ᠴᠢ ᠪᠣᠯᠪᠠ᠃ 《ᠬᠦᠴᠢᠷᠳᠡᠯ᠎ᠲᠡᠶ ᠪᠣᠯ〈ᠳᠠᠯᠳᠠᠸ᠋ ᠠᠺᠠᠳᠧᠮᠢᠴᠢ〉 ᠶ᠋ᠢ ᠡᠷᠢᠵᠥ ᠤᠴᠢ᠂ ᠪᠢᠳᠡ ᠲᠡᠭᠦᠨ᠎ᠦ ᠦᠭᠡ᠎ᠶ᠋ᠢ ᠢᠲᠡᠭᠡᠨ᠎ᠡ ᠁》 ᠵᠠᠷᠢᠮ ᠬᠥᠮᠦᠰ ᠪᠠᠶᠠᠵᠢᠭ᠍ᠰᠠᠨ᠎ᠤ ᠳᠠᠷᠠᠭ᠎ᠠ ᠪᠠᠰᠠ ᠰᠠᠨᠠᠭᠠᠴᠢᠯᠠᠭ᠎ᠠ ᠡᠴᠡ᠎ᠪᠠᠨ ᠯᠢ ᠢᠦᠶ᠎ᠶ᠋ᠢᠨ ᠪᠦᠯᠬᠦᠮ᠎ᠳᠦ ᠣᠷᠣᠵᠤ᠂ ᠵᠢᠱ᠌ᠢᠶ᠎ᠡ ᠦᠵᠡᠭᠦᠯᠦᠨ ᠳᠠᠷᠢᠵᠥ ᠪᠤᠢᠵᠢᠭᠤᠯᠬᠤ ᠮᠡᠷᠭᠡᠵᠢᠯᠲᠡᠨ ᠪᠤᠯᠪᠠ᠃

2021 ᠣᠨ᠎ᠤ 2 ᠰᠠᠷ᠎ᠠ᠎ᠶ᠋ᠢᠨ 25 ᠤ᠋ ᠡᠳᠦᠷ᠂ ᠪᠥᠬᠥ᠌ ᠤᠯᠤᠰ᠎ᠤᠨ ᠶᠠᠳᠠᠭᠤ ᠡᠴᠡ ᠠᠩᠭᠢᠵᠢᠷᠠᠭᠤᠯᠬᠤ ᠪᠣᠭᠣᠮᠲᠠ ᠱᠢᠪᠲᠤᠯᠬᠤ ᠠᠵᠢᠯ᠎ᠢ ᠳ᠋ᠦᠩᠨᠡᠵᠥ ᠬᠥᠬᠢᠭᠦᠯᠦᠨ ᠰᠠᠢᠱᠢᠶᠠᠬᠤ ᠶᠡᠬᠡ ᠬᠤᠷᠠᠯ ᠳᠡᠭᠡᠷ᠎ᠡ᠂ 《ᠪᠥᠬᠥ᠌ ᠤᠯᠤᠰ᠎ᠤᠨ ᠶᠠᠳᠠᠭᠤ ᠡᠴᠡ ᠠᠩᠭᠢᠵᠢᠷᠠᠭᠤᠯᠬᠤ ᠪᠣᠭᠣᠮᠲᠠ ᠱᠢᠪᠲᠤᠯᠬᠤ ᠠᠵᠢᠯ᠎ᠤᠨ ᠵᠢᠱ᠌ᠢᠶᠡᠴᠢ》 ᠶ᠋ᠢᠨ ᠢᠷᠠᠭᠤ ᠠᠯᠳᠠᠷ᠎ᠤᠨ ᠴᠣᠯᠠ ᠭᠥᠷᠳᠡᠭ᠌ᠰᠡᠨ ᠯᠢ ᠢᠦᠶ ᠶᠡᠷᠦᠩᠬᠡᠶ ᠱᠦᠵᠢ ᠰᠢ ᠵᠢᠨ ᠫᠢᠩ᠎ᠦᠨ 《〈ᠵᠢᠵᠢᠭ ᠳᠡᠯᠳᠡᠦ᠂ ᠲᠣᠮᠣ ᠠᠵᠤ ᠦᠶ᠋ᠯᠡᠰ〉 ᠢ᠋ ᠮᠠᠭ᠍ᠲᠠᠨ ᠰᠠᠢᠱᠢᠶᠠᠭ᠍ᠰᠠᠨ᠎ᠳᠤ ᠲᠠᠯᠠᠷᠬᠠᠬᠤ》᠎ᠳ᠋ᠤ᠌᠂ ᠶᠡᠷᠦᠩᠬᠡᠶ ᠱᠦᠵᠢ ᠢᠨᠢᠶᠡᠮᠰᠦᠭ᠌ᠯᠡᠨ ᠲᠡᠭᠦᠨ᠎ᠳᠦ᠄ 《ᠲᠠ᠎ᠨᠠᠷ᠎ᠤᠨ ᠬᠢᠵᠥ ᠪᠠᠢᠭ᠎ᠠ ᠪᠣᠯ ᠲᠣᠮᠣ ᠢᠨᠵᠧᠨᠧᠷᠢᠩ ᠮᠥᠨ!》 ᠬᠡᠪᠡ᠃

《ᠳᠤᠮᠳᠠᠳᠤ ᠤᠯᠤᠰ᠎ᠤᠨ ᠢᠳᠡᠱᠢᠨ ᠮᠦᠬᠦ᠎ᠶ᠋ᠢᠨ ᠰᠤᠳᠤᠯᠭᠠᠨ ᠶᠡᠬᠡ ᠪᠤᠯᠪᠠᠴᠤ ᠬᠦᠴᠦᠷᠬᠡᠭ ᠪᠢᠰᠢ᠂ ᠣᠳᠣᠬᠠᠨ᠎ᠳᠤ ᠪᠠᠰᠠ ᠴᠥᠭᠡᠨ ᠪᠤᠰᠤ ᠡᠭᠦᠯᠳᠡᠷ᠎ᠢ ᠭᠠᠳᠠᠭᠠᠳᠤ ᠡᠴᠡ ᠣᠷᠣᠭᠤᠯᠬᠤ ᠴᠢᠬᠤᠯᠠᠲᠠᠶ ᠪᠠᠢᠨ᠎ᠠ》᠃ 78 ᠨᠠᠰᠤᠲᠠᠢ ᠯᠢ ᠢᠦᠢ ᠢᠮᠠᠭ᠍ᠲᠠ ᠬᠥᠳᠡᠭᠡ ᠲᠣᠰᠭᠣᠨ᠂ ᠲᠠᠷᠢᠶᠠᠴᠢᠳ᠎ᠲᠠᠶ ᠰᠡᠳᠭᠢᠯ ᠵᠢᠷᠦᠬᠡ᠎ᠪᠡᠨ ᠬᠣᠯᠪᠣᠵᠤ᠂ ᠡᠯ᠎ᠡ ᠭᠠᠵᠠᠷ᠎ᠢᠶᠠᠷ ᠶᠠᠪᠤᠵᠤ ᠯᠠ ᠪᠠᠢᠨ᠎ᠠ᠃ ᠶᠠᠳᠠᠭᠤ ᠡᠴᠡ ᠠᠩᠭᠢᠵᠢᠷᠠᠭᠤᠯᠬᠤ ᠪᠣᠭᠣᠮᠲᠠ ᠱᠢᠪᠲᠤᠯᠬᠤ ᠠᠵᠢᠯ ᠪᠦᠬᠦ᠌ ᠲᠠᠯ᠎ᠠ᠎ᠶ᠋ᠢᠨ ᠢᠯᠠᠯᠲᠠ ᠣᠯᠤᠭ᠍ᠰᠠᠨ᠎ᠤ ᠳᠠᠷᠠᠭ᠎ᠠ᠂ ᠬᠥᠳᠡᠭᠡ ᠲᠣᠰᠭᠣᠨ᠎ᠢ ᠬᠥᠭ᠌ᠵᠢᠭᠦᠯᠦᠨ ᠮᠠᠨᠳᠤᠭᠤᠯᠬᠤ᠎ᠶ᠋ᠢ ᠠᠬᠢᠭᠤᠯᠬᠤ ᠨᠢ ᠯᠢ ᠢᠦᠢ᠎ᠶ᠋ᠢᠨ ᠪᠠᠰᠠ ᠨᠢᠭᠡᠨ ᠬᠦᠰᠡᠯ ᠪᠣᠯᠵᠠᠢ᠃

《ᠲᠤᠮᠤ ᠢᠨᠵᠧᠨᠧᠷᠢᠩ》 ᠤ᠋ᠨ ᠠᠬᠢᠴᠠ᠎ᠶ᠋ᠢ ᠲᠦᠷᠭᠡᠳᠭᠡᠬᠦ᠌᠎ᠶ᠋ᠢᠨ ᠲᠥᠯᠥᠭᠡ᠂ ᠲᠡᠷᠡ ᠠᠵᠤ ᠦᠢᠯᠡᠳᠪᠦᠷᠢᠵᠢᠯᠲᠡ᠎ᠶ᠋ᠢᠨ ᠰᠡᠳᠭᠢᠬᠦᠢ᠎ᠪᠡᠷ ᠢᠳᠡᠰᠢᠨ ᠮᠦᠬᠦ᠌᠎ᠶ᠋ᠢᠨ ᠤᠨᠴᠠᠯᠢᠬ᠍ᠳᠤ ᠠᠵᠤ ᠦᠢᠯᠡᠰ᠎ᠦᠨ ᠬᠥᠭ᠌ᠵᠢᠯᠲᠡ᠎ᠶ᠋ᠢ ᠵᠢᠯᠣᠭᠣᠳᠴᠤ᠌᠂ ᠠᠵᠤ ᠦᠢᠯᠡᠰ᠎ᠦᠨ ᠪᠦᠬᠦ᠌ ᠬᠡᠯᠬᠢᠢ᠎ᠡ᠎ᠶ᠋ᠢᠨ ᠤᠶᠤᠨᠴᠢ ᠲᠡᠰ ᠳᠡᠪᠱᠢᠵᠥ ᠥᠭᠡᠷᠡᠴᠢᠯᠡᠨ ᠰᠠᠢᠵᠢᠷᠠᠭᠤᠯᠬᠤ᠎ᠶ᠋ᠢ ᠴᠢᠷᠮᠠᠢᠨ ᠪᠡᠶᠡᠯᠡᠭᠦᠯᠵᠦ᠍᠂ ᠬᠥᠳᠡᠭᠡ ᠲᠣᠰᠭᠣᠨ᠎ᠢ ᠬᠥᠭ᠌ᠵᠢᠭᠦᠯᠦᠨ ᠮᠠᠨᠳᠤᠭᠤᠯᠬᠤ ᠳᠤᠮᠳᠠ ᠵᠢᠵᠢᠭ ᠲᠡᠯᠳᠡᠤ ᠵᠢᠨ ᠶᠡᠬᠡ᠎ᠦᠢᠯᠡᠳᠤᠯ ᠭᠠᠷᠭᠠᠬᠤ ᠵᠢ ᠠᠬᠢᠭᠤᠯᠬᠤ ᠪᠡᠷ ᠴᠢᠷᠮᠠᠢᠨ ᠵᠢᠳᠬᠦᠵᠤ ᠪᠠᠢᠨ᠎ᠠ᠃

《ᠠᠵᠢᠯᠯᠠᠬᠤ ᠴᠠᠬ᠎ᠨᠢ ᠵᠢᠮ᠎ᠡ ᠥᠬᠡᠶ᠂ ᠣᠷᠳᠣ ᠬᠤᠭᠤᠴᠠᠭ᠎ᠠ᠎ᠪᠠᠷ ᠬᠡᠳᠦ ᠶᠠᠳᠠᠷᠠᠳᠠᠯ᠎ᠠ ᠠᠵᠢᠯᠯᠠᠬᠰᠠᠨ᠎ᠡᠴᠡ ᠯᠢ ᠠᠺᠠᠳᠧᠮᠢᠴᠢ᠎ᠶ᠋ᠢᠨ ᠴᠢᠰᠤᠨ ᠳᠠᠷᠤᠯᠲᠠ ᠶᠡᠷᠦ᠍᠎ᠨᠢ ᠥᠨᠳᠥᠷ ᠪᠠᠢᠭ᠍ᠰᠠᠭᠠᠷ ᠢᠷᠡᠵᠡᠶ》᠃ ᠯᠢ ᠢᠦᠶ᠎ᠶ᠋ᠢᠨ ᠪᠦᠯᠬᠦᠮ᠎ᠦᠨ ᠪᠦᠷᠢᠯᠳᠦᠬᠦᠨ ᠬᠡᠯᠡᠬᠦ᠌᠎ᠳᠡᠭᠡᠨ᠂ ᠲᠡᠰᠪᠦᠷᠢᠯᠡᠬᠦᠶ᠎ᠡ ᠪᠡᠷᠬᠡ ᠪᠤᠯᠬᠤ ᠦᠶ᠎ᠡ᠎ᠳᠦ ᠲᠡᠷᠡ ᠰᠡᠮᠡᠭᠡᠷ ᠡᠮᠨᠡᠯᠭᠡ᠎ᠳᠦ ᠣᠷᠣᠵᠤ᠂ ᠵᠢᠭᠠᠬᠠᠨ ᠳᠡᠨᠭᠬᠡᠷᠡᠮᠡᠭᠴᠡ ᠪᠠᠰᠠ ᠲᠠᠷᠢᠵᠤ ᠪᠤᠢᠵᠢᠭᠤᠯᠬᠤ᠂ ᠳᠡᠬᠦᠵᠥ ᠴᠤᠭ᠍ᠯᠠᠭᠤᠯᠬᠤ ᠲᠤᠬᠠᠶ᠎ᠶ᠋ᠢᠨ ᠲᠠᠯᠠᠪᠤᠷ᠎ᠲᠤ ᠢᠯᠡᠷᠡᠴᠢᠬᠡᠳᠡᠭ ᠬᠡᠪᠡ᠃

ᠲᠡᠭ᠌ᠰᠢ ᠭᠠᠵᠠᠷ ᠠᠯᠬᠤᠬᠤ ᠳ᠋ᠠᠭᠠᠨ ᠲᠡᠷᠡ ᠪᠠᠰᠠ ᠪᠠᠢᠨ ᠳᠠᠬᠢᠨ ᠪᠤᠰᠤᠳ᠎ᠢ ᠲᠦᠱᠢᠵᠦ᠍ ᠶᠠᠪᠤᠳᠠᠭ᠂ ᠭᠡᠲᠡᠯ᠎ᠡ ᠠᠭᠤᠯᠠᠨ ᠳᠡᠭᠡᠷ᠎ᠡ ᠭᠠᠷᠴᠤ ᠬᠣᠪᠣᠷ ᠲᠣᠬᠢᠶᠠᠯᠳᠤᠬᠤ ᠮᠥᠭᠥ᠎ᠶ᠋ᠢ ᠣᠯᠵᠤ ᠦᠵᠡᠪᠡᠯ᠂ ᠲᠡᠷᠡ ᠮᠥᠨ ᠯᠡ ᠶᠠᠭᠠᠷᠠᠦ ᠰᠠᠨᠳᠤᠷᠤᠤ ᠭᠦᠶᠦᠨ ᠣᠴᠢᠵᠤ᠂ ᠭᠠᠵᠠᠷ ᠳᠡᠭᠡᠷ᠎ᠡ ᠡᠯᠢᠭᠡᠲᠡᠨ ᠨᠠᠷᠢᠨ ᠠᠵᠢᠬᠯᠠᠳᠠᠭ ᠠᠵᠢ᠃

ᠬᠡᠷᠪᠡ ᠬᠥᠮᠦᠨ ᠲᠡᠭᠦᠨ᠎ᠦ ᠲᠤᠷᠱᠢᠯᠲᠠ᠎ᠶ᠋ᠢᠨ ᠲᠠᠰᠤᠭ᠎ᠲᠤ ᠬᠦᠷᠴᠦ᠍ ᠢᠷᠡᠪᠡᠯ᠂ ᠯᠢ ᠢᠦᠢ ᠪᠠᠰᠠ ᠬᠠᠮᠤᠭ᠎ᠤᠨ ᠱᠢᠨ᠎ᠡ ᠰᠤᠳᠤᠯᠤᠨ ᠦᠢᠯᠡᠳᠦᠭ᠌ᠰᠡᠨ ᠨᠠᠷᠢᠯᠢᠭ ᠡᠳ᠋ᠱᠢᠭᠦᠯᠦᠭ᠌ᠰᠡᠨ ᠦᠢᠯᠡᠳᠬᠦᠨ — ᠲᠡᠯᠳᠡᠦ᠍᠎ᠶ᠋ᠢᠨ ᠵᠠᠢᠷᠮᠠᠭ᠎ᠢᠶᠠᠨ ᠲᠠᠨᠢᠯᠴᠠᠭᠤᠯᠳᠠᠭ ᠪᠠᠢᠵᠥ᠂ ᠪᠤᠰᠤᠳ᠎ᠤᠨ ᠠᠮᠲᠠᠲᠠᠶ ᠭᠡᠵᠦ᠍ ᠬᠡᠯᠡᠬᠦ᠌᠎ᠶ᠋ᠢ ᠰᠣᠨᠣᠰᠬᠤ ᠳᠠᠢ ᠵᠡᠷᠬᠡ ᠳ᠋ᠤ ᠲᠡᠷᠡ ᠪᠠᠰᠠ ᠪᠠᠶᠠᠷ᠎ᠤᠨ ᠢᠨᠢᠶᠡᠳᠤ ᠳᠤᠳᠤᠷᠠᠭᠤᠯᠳᠠᠭ ᠪᠠᠢᠯ᠎ᠠ᠃

《 ᠵᠢᠵᠢᠭ ᠳᠠᠯᠳᠠᠤ ᠬᠡᠬᠦ ᠡᠨᠡ ᠬᠦ᠌〈ᠲᠣᠮᠣ ᠢᠨᠵᠧᠨᠧᠷᠢᠩ〉 ᠎ᠢ᠋ ᠬᠦᠴᠦᠷᠬᠡᠭ᠌ᠵᠢᠭᠦᠯᠵᠦ᠍᠂ ᠲᠠᠷᠢᠶᠠᠴᠢᠨ ᠠᠬ᠎ᠠ ᠳᠡᠭᠦᠦ᠍᠎ᠨᠡᠷ᠎ᠲᠦ ᠨᠠᠩ ᠣᠯᠠᠨ ᠠᠱᠢᠭ ᠬᠦᠷᠲᠡᠭᠡᠨ᠎ᠡ》 ᠭᠡᠵᠥ ᠯᠢ ᠢᠦᠢ ᠬᠡᠯᠡᠨ᠎ᠡ᠃

(ᠱᠢᠨᠬᠤᠸᠠ ᠬᠣᠷᠢᠶᠠᠨ᠎ᠤ ᠴᠠᠩᠴᠦ᠋ᠨ᠎ᠦ 10 ᠰᠠᠷ᠎ᠠ᠎ᠶ᠋ᠢᠨ 1 ᠤ᠋ ᠴᠠᠬᠢᠯᠭᠠᠨ ᠮᠡᠳᠡᠭᠡ)

  • ᠨᠠᠢᠷᠠᠭᠤᠯᠤᠭ᠍ᠴᠢ᠄

  • ᠨᠡᠪᠲᠡᠷᠡᠭᠦᠯᠦᠭᠴᠢ᠄

  • ᠮᠡᠷᠭᠡᠵᠢᠯ᠄

ᠨᠠᠢᠷᠠᠭᠤᠯᠤᠭ᠍ᠴᠢ᠄ ᠬᠦᠰᠡᠯᠡᠩ

ᠣᠷᠴᠢᠭᠤᠯᠤᠭ᠍ᠴᠢ᠄

ᠢᠷᠡᠯᠲᠡ᠄ ᠰᠢᠡᠬᠤᠸᠠ ᠬᠤᠷᠢᠶ᠎ᠠ
兼容浏览器的HTML页面