ᠭᠣᠣᠯ ᠰᠡᠳᠦᠪᠲᠦ ᠮᠡᠳᠡᠭᠡᠯᠡᠯ > ᠮᠠᠨ᠎ᠤ᠋ ᠳᠡᠷᠭᠡᠳᠡᠬᠢ ᠯᠸᠢ ᠹᠸᠩ

2022-04-20 10:47:06

ᠵᠣᠬᠢᠶᠠᠭ᠍ᠴᠢ᠄ ᠰᠦᠨ ᠯᠢ ᠶᠢᠡᠭ ᠣᠩᠱᠢᠭ᠍ᠰᠠᠨ ᠣᠳᠠᠭ᠎ᠠ᠄ 3

— ᠳᠣᠯᠣᠳᠤᠭᠠᠷ ᠪᠦᠯᠦᠭ᠎ᠤᠨ ᠪᠦᠬᠦ᠌ ᠤᠯᠤᠰ᠎ᠤᠨ ᠠᠵᠢᠯ᠎ᠤᠨ ᠪᠠᠢᠷᠢ ᠲᠡᠭᠡᠷ᠎ᠠ ᠪᠠᠨ ᠯᠧᠢ ᠹᠧᠩ᠎ᠡᠴᠡ ᠰᠤᠷᠤᠯᠴᠠᠭ᠍ᠰᠠᠨ ᠪᠢᠶᠤᠤᠪᠢᠡᠭ ᠵᠠᠩ ᠵᠢᠩ ᠢᠦᠶ ᠵᠢ ᠲᠡᠮᠳᠡᠭᠯᠡᠪᠡ

ᠳᠤᠮᠳᠠᠳᠤ ᠤᠯᠤᠰ᠎ᠤᠨ ᠲᠡᠮᠦᠷ ᠵᠠᠮ᠎ᠤᠨ ᠬᠥᠬᠡᠬᠣᠲᠠ᠎ᠶ᠋ᠢᠨ ᠲᠣᠪᠴᠢᠶ᠎ᠠ᠎ᠶ᠋ᠢᠨ ᠪᠦᠯᠦᠭ᠌ᠯᠡᠯ᠎ᠦᠨ ᠬᠢᠵᠠᠭᠠᠷᠲᠤ ᠺᠣᠮᠫᠠᠨᠢ᠎ᠶ᠋ᠢᠨ ᠬᠥᠬᠡᠬᠣᠲᠠ᠎ᠶ᠋ᠢᠨ ᠠᠶᠠᠨᠴᠢᠳ᠎ᠤᠨ ᠲᠡᠭᠡᠭᠡᠪᠦᠷᠢ᠎ᠶ᠋ᠢᠨ ᠬᠡᠰᠡᠭ᠎ᠦᠨ ᠨᠠᠨᠨᠢᠩ᠎ᠤᠨ ᠲᠡᠷᠭᠡᠨ ᠠᠩᠭᠢ᠎ᠳᠤ 《ᠵᠢᠩ ᠢᠦᠶ᠎ᠶ᠋ᠢᠨ ᠡᠭᠡᠯᠵᠢ ᠳᠤᠭᠤᠢᠯᠠᠩ 》 ᠪᠠᠢᠵᠦ᠂ ᠳᠤᠭᠤᠢᠯᠠᠩ᠎ᠤᠨ ᠳᠠᠭᠠᠭᠤᠯᠤᠭ᠍ᠴᠢ ᠵᠠᠩ ᠵᠢᠩ ᠢᠦᠶ ᠤᠯᠠᠨ ᠤᠳᠠᠭ᠎ᠠ ᠶ᠋ᠢᠨ ᠱᠢᠯᠭᠠᠯᠲᠠ ᠪᠡᠷ ᠲᠠᠪᠳᠠᠨ ᠴᠠᠭᠠᠷᠠᠵᠤ᠂ ᠭᠠᠯᠲᠤ ᠲᠡᠷᠭᠡᠨ᠎ᠦ ᠦᠶ᠋ᠯᠡᠴᠢᠯᠡᠭ᠌ᠴᠢ᠎ᠠᠴᠠ᠎ᠪᠠᠨ ᠠᠭᠠᠵᠢᠮ᠎ᠢᠶᠠᠷ ᠨᠢᠭᠡᠨ ᠱᠢᠯᠢᠳᠡᠭ ᠭᠠᠯᠲᠤ ᠲᠡᠷᠭᠡᠨ᠎ᠦ ᠳᠠᠷᠤᠭ᠎ᠠ ᠪᠣᠯᠤᠬᠰᠠᠨ ᠪᠠᠢᠨ᠎ᠠ᠃ ᠡᠨᠡ ᠵᠢᠯ᠎ᠦᠨ 3 ᠰᠠᠷ᠎ᠠ᠎ᠳᠤ ᠂ ᠲᠡᠷᠡ ᠳᠣᠯᠣᠳᠤᠭᠠᠷ ᠪᠦᠯᠦᠭ᠎ᠤᠨ 《ᠪᠦᠬᠦ᠌ ᠤᠯᠤᠰ᠎ᠤᠨ ᠠᠵᠢᠯ᠎ᠤᠨ ᠪᠠᠢᠷᠢ ᠲᠡᠭᠡᠷ᠎ᠠ ᠪᠠᠨ ᠯᠧᠢ ᠹᠧᠩ᠎ᠡᠴᠡ ᠰᠤᠷᠤᠯᠴᠠᠭ᠍ᠰᠠᠨ ᠪᠢᠶᠤᠤᠪᠢᠡᠭ》 ᠤ᠋ᠨ ᠢᠷᠠᠭᠤ ᠠᠯᠳᠠᠷ᠎ᠢ ᠬᠦᠷᠲᠡᠪᠡ᠃

ᠵᠠᠩ ᠵᠢᠩ ᠢᠦᠢ ᠠᠵᠢᠯ ᠤ᠋ᠨ ᠴᠢᠯᠥᠭᠡ ᠪᠡᠷ ᠵᠢᠡᠨ ᠦᠷᠭᠦᠯᠵᠢ ᠨᠣᠮ᠎ᠤᠨ ᠰᠠᠩ ᠪᠠ ᠰᠣᠶᠣᠯ᠎ᠤᠨ ᠤᠷᠳᠤᠨ᠂ ᠮᠦᠽᠧᠢ ᠵᠡᠷᠬᠡ ᠭᠠᠵᠠᠷ ᠵᠢᠡᠷ ᠤᠴᠢᠬᠤ ᠪᠤᠶᠤ ᠪᠤᠰᠤᠳ ᠠᠩᠬᠢ ᠳᠤᠭᠤᠢᠯᠠᠩ᠎ᠳᠤ ᠬᠦᠷᠦᠨ ᠰᠤᠷᠤᠯᠴᠠᠳᠠᠭ᠃ ᠲᠡᠷᠡ 《ᠭᠤᠷᠪᠠᠨ ᠡᠷᠲᠡ(ᠡᠷᠲᠡ ᠤᠬᠠᠭᠤᠯᠬᠤ᠂ ᠡᠷᠲᠡ ᠠᠩᠬᠠᠷᠬᠤ᠂ ᠡᠷᠲᠡ ᠰᠠᠨᠠᠭᠤᠯᠬᠤ) ᠂ ᠳᠥᠷᠪᠡᠨ ᠬᠥᠩᠭᠡᠨ (ᠦᠭᠡ ᠶᠠᠷᠢᠬᠤ᠎ᠳᠤ ᠬᠥᠩᠭᠡᠨ᠂ ᠠᠯᠬᠤᠵᠤ ᠬᠢᠰᠬᠢᠬᠦ᠎ᠳᠤ ᠬᠥᠩᠭᠡᠨ ᠂ ᠡᠭᠦᠳᠡ ᠬᠠᠭᠠᠬᠤ᠎ᠳᠤ ᠬᠥᠩᠭᠡᠨ᠂ ᠠᠵᠢᠯᠯᠠᠬᠤ᠎ᠳᠤ ᠬᠥᠩᠭᠡᠨ) ᠂ ᠲᠠᠪᠤᠨ ᠳᠠᠭᠤᠨ ᠲᠠᠢ ᠪᠠᠢᠬᠤ(ᠲᠡᠷᠭᠡᠨ᠎ᠳᠦ ᠰᠠᠭᠤᠪᠠᠯ ᠤᠭ᠍ᠲᠤᠬᠤ ᠳᠠᠭᠤᠨ᠎ᠲᠠᠶ᠂ ᠠᠰᠠᠭᠤᠨ ᠯᠠᠪᠯᠠᠬᠤ᠎ᠳᠤ ᠬᠠᠷᠢᠭᠤ ᠲᠠᠭᠤᠨ᠎ᠲᠠᠶ ᠂ ᠬᠠᠮᠵᠢᠯᠴᠠᠨ ᠬᠠᠪᠰᠤᠷᠬᠤ᠎ᠳᠤ ᠲᠠᠯᠠᠷᠬᠠᠬᠤ ᠳᠠᠭᠤᠨ᠎ᠲᠠᠶ᠂ ᠬᠠᠷᠱᠢᠯᠠᠵᠤ ᠨᠦᠯᠦᠭᠡᠯᠡᠬᠦ᠎ᠳᠤ ᠪᠤᠷᠤᠭᠤ ᠬᠦᠯᠢᠶᠡᠬᠦ᠌ ᠳᠠᠭᠤᠨ᠎ᠲᠠᠶ᠂ ᠲᠡᠷᠭᠡᠨ᠎ᠡᠴᠡ ᠪᠠᠭᠤᠬᠤ᠎ᠳᠤ ᠬᠦᠷᠭᠡᠵᠦ ᠮᠤᠷᠳᠠᠭᠤᠯᠬᠤ ᠳᠠᠭᠤᠨ᠎ᠲᠠᠶ)᠂ ᠵᠢᠷᠭᠤᠭ᠎ᠠ ᠪᠠᠢᠬᠤ (ᠢᠨᠢᠶᠡᠮᠰᠦᠭ᠌ᠯᠡᠬᠦ᠌ ᠨᠢ ᠢᠯᠡᠭᠦᠦ ᠪᠠᠢᠬᠤ᠂ ᠱᠢᠯᠲᠠᠭᠠᠨ ᠨᠢ ᠲᠤᠳᠠᠭᠤ ᠪᠠᠢᠬᠤ᠂ ᠦᠷ᠎ᠡ ᠪᠦᠲᠦᠮᠵᠢ ᠨᠢ ᠥᠨᠳᠥᠷ ᠪᠠᠢᠬᠤ᠂ ᠠᠵᠢᠯᠯᠠᠬᠤ᠎ᠳᠤ ᠨᠠᠷᠢᠯᠢᠭ ᠪᠠᠢᠬᠤ᠂ ᠠᠵᠢᠯᠯᠠᠭ᠎ᠠ ᠨᠢ ᠲᠦᠷᠭᠡᠨ ᠪᠠᠢᠬᠤ᠂ ᠦᠢᠯᠡᠴᠢᠯᠡᠭᠡ ᠨᠢ ᠪᠣᠳᠠᠲᠠᠢ ᠪᠠᠢᠬᠤ)》 ᠭᠡᠭᠦ 《3456》ᠲᠤᠳᠤᠨᠤ ᠦᠢᠯᠡᠴᠢᠯᠡᠭᠡᠨ ᠤ᠋ ᠠᠷᠭ᠎ᠠ ᠵᠢ ᠳ᠋ᠦᠩᠨᠡᠨ ᠬᠤᠷᠢᠶᠠᠩᠭᠤᠢᠯᠠᠵᠤ᠂ ᠲᠤᠭᠤᠢᠯᠠᠡᠭ ᠤ᠋ᠨ ᠤᠨᠴᠠᠯᠢᠬᠳᠤ ᠦᠢᠯᠡᠴᠢᠯᠡᠭᠡᠨ ᠤ᠋ ᠠᠷᠭ᠎ᠠ ᠮᠠᠶᠢᠭ ᠪᠤᠯᠭᠠᠵᠤ᠂ ᠠᠶᠠᠨᠴᠢᠳ ᠤ᠋ᠨ ᠦᠨᠳᠦᠷ ᠦᠨᠡᠯᠡᠯᠳᠡ ᠵᠢ ᠤᠯᠵᠠᠢ᠃

《ᠪᠢ ᠪᠣᠯ ᠨᠠᠮ᠎ᠤᠨ ᠭᠡᠱᠢᠭᠦᠨ ᠂ ᠵᠠᠩᠭᠢᠯᠠᠭ᠎ᠠ᠎ᠶ᠋ᠢᠨ ᠦᠶ᠎ᠡ᠎ᠳᠦ ᠤᠷᠤᠬᠰᠢᠯᠠᠬᠤ ᠡᠴᠨ ᠪᠢᠰᠢ ᠤᠬᠤᠷᠢᠵᠤ ᠪᠣᠯᠬᠤ ᠦᠭᠡᠢ》 ᠭᠡᠵᠦ᠍ ᠵᠠᠩ ᠵᠢᠩ ᠢᠦᠢ ᠦᠷᠭᠦᠯᠵᠢ ᠬᠡᠯᠠᠨ᠎ᠠ᠃ 2020 ᠣᠨ᠎ᠳᠤ ᠂ ᠱᠢᠨ᠎ᠡ ᠲᠢᠲᠢᠮᠯᠢᠭ ᠠᠭᠤᠰᠭᠢᠨ ᠦᠷᠪᠢᠰᠦᠯ᠎ᠦᠨ ᠬᠢᠵᠢᠭ᠎ᠦᠨ ᠪᠠᠢᠳᠠᠯ ᠡᠭᠦᠰᠬᠦ ᠳ᠋ᠦ ᠨᠠᠨᠨᠢᠩ᠎ᠤᠨ ᠲᠡᠷᠭᠡᠨ᠎ᠦ ᠠᠩᠭᠢ ᠬᠢᠵᠢᠭ᠎ᠦᠨ ᠪᠠᠢᠳᠠᠯ᠎ᠢ ᠰᠡᠷᠭᠡᠢᠯᠡᠨ ᠡᠵᠡᠮᠳᠡᠬᠦ᠌ ᠨᠠᠮ᠎ᠤᠨ ᠭᠡᠱᠢᠭᠦᠨ᠎ᠦ ᠭᠠᠪᠱᠢᠭᠠᠶ ᠠᠩᠭᠢ ᠪᠠᠢᠭᠤᠯᠬᠤ᠎ᠪᠠᠷ ᠲᠣᠭ᠍ᠲᠠᠪᠠ᠃ ᠵᠠᠩ ᠵᠢᠩ ᠢᠦᠢ᠎ᠶ᠋ᠢᠨ ᠦᠵᠡᠬᠦ᠌᠎ᠪᠡᠷ᠂ ᠯᠸᠢ ᠹᠸᠩ᠎ᠤᠨ ᠵᠣᠷᠢᠭ ᠰᠠᠨᠠᠭ᠎ᠠ᠎ᠶ᠋ᠢ ᠦᠢᠯᠡᠳᠦᠯᠭᠡᠵᠢᠭᠦᠯᠬᠦ᠌ ᠪᠣᠯ ᠳᠠᠷᠤᠢ ᠵᠣᠷᠢᠭ᠍ᠲᠠᠢ᠎ᠪᠠᠷ ᠬᠠᠷᠢᠭᠤᠴᠠᠯᠭ᠎ᠠ ᠡᠭᠦᠷᠭᠡᠯᠡᠬᠦ᠌ ᠶᠠᠪᠤᠳᠠᠯ ᠮᠥᠨ᠂ ᠲᠡᠷᠡ ᠶᠠᠮᠠᠷᠴᠦ ᠡᠷᠡᠬᠡᠯᠵᠡᠬᠡ ᠲᠠᠳᠠᠭᠠᠯᠵᠠᠯ ᠦᠭᠡᠢ ᠪᠡᠷ ᠪᠠᠢᠯᠳᠤᠭᠠᠨ ᠤ᠋ ᠪᠢᠴᠢᠭ ᠳᠡᠭᠡᠷ᠎ᠡ ᠬᠤᠷᠤᠭᠤ ᠳᠠᠷᠤᠭ᠍ᠰᠠᠨ ᠪᠠᠢᠨ᠎ᠠ᠃

ᠵᠠᠩ ᠵᠢᠩ ᠢᠦᠶ᠎ᠶ᠋ᠢᠨ ᠵᠢᠵᠢᠭᠦᠷᠯᠡᠵᠦ ᠪᠠᠢᠭ᠎ᠠ ᠪᠤᠭᠤᠲᠤ᠎ᠠᠴᠠ ᠨᠠᠨᠨᠢᠩ ᠬᠦᠷᠬᠦ᠌ Z338/5 ᠡᠬᠡᠯᠵᠢ᠎ᠶ᠋ᠢᠨ ᠭᠠᠯᠲᠤ ᠲᠡᠷᠭᠡ 3315 ᠺᠢᠯᠣᠮᠧᠲ᠋ᠷ ᠬᠤᠯᠠ ᠠᠶᠠᠯᠠᠵᠤ᠂ ᠭᠠᠭ᠍ᠴᠠ ᠤᠳᠠᠭ᠎ᠠ ᠶᠠᠪᠤᠬᠤ ᠳ᠋ᠤ 36 ᠴᠠᠭ ᠭᠠᠷᠤᠢ ᠬᠡᠷᠡᠭᠰᠡᠨ᠎ᠠ᠃ ᠬᠢᠵᠢᠭ᠎ᠦᠨ ᠬᠤᠭᠤᠴᠠᠭᠠᠨ᠎ᠳᠤ᠂ ᠵᠠᠩ ᠵᠢᠩ ᠢᠦᠢ ᠬᠢᠵᠢᠭ᠎ᠦᠨ ᠪᠠᠢᠳᠠᠯ᠎ᠢ ᠰᠡᠷᠭᠡᠢᠯᠡᠨ ᠡᠵᠡᠮᠳᠡᠬᠦ᠌ ᠬᠠᠮᠤᠭ᠎ᠤᠨ ᠱᠢᠨ᠎ᠡ ᠮᠡᠳᠡᠭᠡ ᠵᠠᠩᠭᠢ᠎ᠶ᠋ᠢ ᠴᠤᠭ᠍ᠯᠠᠭᠤᠯᠵᠦ᠂ ᠲᠡᠷᠭᠡ ᠬᠦᠳᠡᠯᠬᠦ᠎ᠠᠴᠠ ᠡᠮᠦᠨ᠎ᠡ᠂ ᠲᠡᠷᠭᠡᠨ ᠲᠡᠭᠡᠷᠡᠬᠢ ᠬᠢᠵᠢᠭ᠎ᠢ ᠰᠡᠷᠭᠡᠢᠯᠡᠬᠦ᠌ ᠡᠳ᠋ ᠪᠣᠳᠠᠰ᠎ᠢ ᠬᠢᠨᠠᠮᠠᠭᠠᠶ ᠪᠦᠷᠢᠳᠭᠡᠵᠦ᠂ ᠭᠠᠯᠲᠤ ᠲᠡᠷᠭᠡ ᠠᠶᠠᠯᠠᠵᠤ ᠪᠠᠢᠬᠤ ᠬᠤᠭᠤᠴᠠᠭ᠎ᠠ᠎ᠳᠤ᠂ ᠲᠡᠷᠡ 2 ᠴᠠᠭ ᠠᠯᠤᠰᠯᠠᠬᠤ ᠪᠦᠷᠢ ᠨᠢᠭᠡ ᠤᠳᠠᠭ᠎ᠠ ᠸᠠᠭᠣᠨ᠎ᠢᠶᠠᠷ ᠲᠣᠭᠣᠷᠢᠨ ᠪᠠᠢᠴᠠᠭᠠᠵᠤ ᠦᠵᠡᠨ᠎ᠠ᠃ 2020 ᠣᠨ᠎ᠤ 1 ᠰᠠᠷ᠎ᠠ᠎ᠠᠴᠠ 5 ᠰᠠᠷ᠎ᠠ ᠪᠣᠯᠲᠠᠯ᠎ᠠ᠂ ᠲᠡᠷᠡ ᠳᠤᠭᠤᠢᠯᠠᠩ᠎ᠤᠨ 30 ᠭᠠᠷᠤᠶ ᠠᠵᠢᠯᠲᠠᠨ ᠠᠵᠢᠯᠴᠢᠨ᠎ᠢ ᠳᠠᠭᠠᠭᠤᠯᠤᠨ ᠬᠤᠪᠸᠢ᠎ᠶ᠋ᠢᠨ ᠬᠢᠵᠢᠭ᠎ᠦᠨ ᠪᠠᠢᠳᠠᠯ ᠬᠦᠨᠳᠦ ᠨᠣᠴᠢᠲᠠᠶ ᠪᠠᠢᠭ᠎ᠠ ᠭᠠᠵᠠᠷ ᠣᠷᠣᠨ᠎ᠢᠶᠠᠷ 34 ᠤᠳᠠᠭ᠎ᠠ ᠶᠠᠪᠤᠵᠤ ᠂ 10 ᠭᠠᠷᠤᠢ ᠬᠠᠯᠠᠭᠤᠷᠠᠭ᠍ᠰᠠᠨ ᠠᠶᠠᠨᠴᠢᠳ᠎ᠢ ᠲᠦᠪᠬᠢᠨᠡᠬᠦᠯᠵᠦ᠂ ᠲᠡᠷᠭᠡᠨ ᠥᠷᠲᠡᠭᠡ᠂ ᠭᠠᠯᠳᠤ ᠲᠡᠷᠭᠡ᠂ ᠡᠭᠡᠯᠵᠢ ᠳᠤᠭᠤᠢᠯᠠᠩ᠎ᠤᠨ ᠬᠥᠮᠦᠰ ᠴᠦᠮ ᠬᠠᠯᠳᠠᠪᠤᠷᠢᠯᠠᠬᠤ ᠥᠬᠡᠶ ᠪᠠᠢᠬᠤ᠎ᠶ᠋ᠢ ᠪᠠᠲᠤᠯᠠᠪᠠ᠃

2021 ᠣᠨ᠎ᠤ ᠡᠬᠢ᠎ᠪᠡᠷ ᠂ 《ᠵᠢᠩ ᠢᠦᠢ᠎ᠶ᠋ᠢᠨ ᠡᠬᠡᠯᠵᠢ ᠳᠤᠭᠤᠢᠯᠠᠩ》 ᠪᠠᠢᠭᠤᠯᠤᠬᠳᠠᠪᠠ᠃ ᠵᠠᠩ ᠵᠢᠩ ᠢᠦᠢ᠎ᠶ᠋ᠢᠨ ᠳᠤᠭᠤᠢᠯᠠᠩ᠎ᠤᠨ ᠬᠠᠮᠢᠶᠠᠷᠤᠯᠲᠠ ᠨᠢ ᠮᠠᠰᠢ ᠴᠢᠩᠭ᠎ᠠ ᠪᠠᠢᠵᠤ᠂ ᠦᠢᠯᠡᠴᠢᠯᠡᠭᠡᠨ᠎ᠦ ᠶᠣᠰᠣ ᠵᠢᠷᠤᠮ᠂ ᠠᠵᠢᠯ᠎ᠤᠨ ᠪᠠᠢᠷᠢ᠂ ᠬᠥᠳᠡᠯᠭᠡᠭᠡᠨ ᠪᠦᠷᠢ ᠨᠢ ᠥᠴᠦᠬᠡᠨ ᠴᠦ᠍ ᠵᠥᠷᠢᠵᠤ ᠪᠤᠯᠬᠤ ᠦᠭᠡᠢ᠃ ᠸᠠᠭᠣᠨ᠎ᠤ ᠣᠷᠴᠢᠨ ᠲᠣᠭᠣᠷᠢᠨ᠎ᠤ ᠠᠷᠢᠭᠤᠨ ᠴᠡᠪᠡᠷ᠎ᠢ ᠬᠣᠶᠠᠷ ᠴᠠᠭ᠎ᠲᠤ ᠨᠢᠭᠡ ᠤᠳᠠᠭ᠎ᠠ ᠠᠷᠢᠭᠤᠳᠭᠠᠬᠤ᠎ᠶ᠋ᠢ ᠱᠠᠭᠠᠷᠳᠠᠵᠤ᠂ ᠠᠶᠠᠨᠴᠢᠳ᠎ᠲᠦ ᠢᠮᠠᠬᠳᠠ ᠰᠠᠢᠨ ᠰᠠᠢᠬᠠᠨ ᠤᠷᠴᠢᠨ ᠲᠤᠭᠤᠷᠢᠨ᠎ᠢ ᠬᠠᠩᠭᠠᠬᠤ ᠵᠢ ᠪᠠᠳᠤᠯᠠᠳᠠᠭ᠃

ᠲᠡᠷᠡ ᠪᠠᠰᠠ ᠡᠬᠡᠯᠵᠢ ᠳᠤᠭᠤᠢᠯᠠᠩ᠎ᠤᠨ ᠠᠵᠢᠯᠳᠠᠳ ᠤ᠋ᠨ ᠵᠢᠡᠨ ᠵᠠᠩ ᠵᠠᠩᠰᠢᠯ ᠳ᠋ᠤᠨᠢ ᠲᠤᠬᠢᠷᠠᠭᠤᠯᠤᠨ ᠠᠰᠠᠭᠤᠳᠠᠯ ᠢ᠋ ᠨᠢ ᠰᠢᠢᠳᠪᠤᠷᠢᠯᠡᠵᠦ᠂ ᠰᠠᠨᠠᠭ᠎ᠠ ᠰᠡᠳᠭᠢᠯ ᠢ᠋ ᠨᠢ ᠲᠠᠢᠳᠬᠤᠷᠠᠭᠤᠯᠤᠨ᠎ᠠ᠃ ᠼᠤᠤ ᠭᠤᠸᠠᠢ ᠵᠢᠵᠢᠬᠦᠷᠯᠡᠵᠦ ᠪᠠᠢᠬᠤ ᠳ᠋ᠠᠭᠠᠨ ᠨᠣᠢᠷᠮᠣᠭ᠍ᠯᠠᠵᠤ ᠱᠢᠭᠦᠮᠵᠢᠯᠡᠭᠳᠡᠭᠰᠡᠨ ᠡᠴᠨ ᠲᠤᠷ᠎ᠠ ᠦᠭᠡᠢ ᠪᠣᠯᠵᠤ᠂ ᠵᠠᠩ ᠵᠢᠩ ᠢᠦᠢ ᠲᠡᠭᠦᠨ᠎ᠢ ᠡᠷᠢᠨ ᠶᠠᠷᠢᠯᠴᠠᠵᠤ ᠰᠡᠳᠬᠢᠯ ᠵᠢᠡᠨ ᠤᠯᠤᠯᠴᠠᠪᠠ; ᠵᠠᠯᠠᠭᠤ ᠠᠵᠢᠯᠴᠢᠨ ᠱᠢᠶᠣᠤ ᠵᠠᠩ ᠤ᠋ᠨ ᠲᠤᠬᠠᠢᠯᠠᠭ᠍ᠰᠠᠨ ᠠᠵᠢᠯ ᠤ᠋ᠨ ᠤᠷ᠎ᠠ ᠮᠡᠷᠭᠡᠵᠢᠯ ᠤ᠋ᠨ ᠲᠠᠯ᠎ᠠ ᠪᠡᠷ ᠬᠦᠷᠦᠯᠴᠡᠬᠦ ᠦᠭᠡᠢ ᠪᠠᠢᠬᠤ ᠳ᠋ᠤ ᠲᠡᠷᠡ ᠲᠤᠰᠬᠠᠢᠯᠠᠨ ᠴᠠᠭ ᠭᠠᠷᠭᠠᠵᠦ ᠵᠢᠭᠠᠨ ᠵᠢᠯᠤᠭᠤᠳᠪᠠ᠃

ᠸᠠᠩ ᠱᠢᠶᠤᠤ ᠳ᠋ᠦᠩ᠄《ᠵᠢᠩ ᠢᠦᠢ ᠠᠵᠢᠯ᠎ᠳᠠᠭᠠᠨ ᠨᠠᠷᠢᠨ ᠬᠢᠨᠠᠮᠠᠭᠠᠢ᠂ ᠪᠤᠰᠤᠳ᠎ᠲᠤ ᠦᠨᠡᠨᠴᠢ ᠱᠢᠳᠤᠷᠭᠤ᠂ ᠦᠷᠬᠦᠯᠵᠢ ᠪᠤᠰᠤᠳ ᠤ᠋ᠨ ᠲᠦᠯᠦᠭᠡ ᠪᠤᠳᠤᠯᠬᠢᠯᠠᠨ᠎ᠠ》 ᠭᠡᠵᠦ᠍ ᠬᠡᠯᠡᠨ᠎ᠠ᠃ ᠵᠤᠤ ᠨᠠᠨ᠄《ᠵᠢᠩ ᠢᠦᠢ ᠠᠵᠢᠯ᠎ᠳᠠᠭᠠᠨ ᠨᠠᠷᠢᠨ ᠬᠢᠨᠠᠮᠠᠭᠠᠢ ᠬᠠᠷᠢᠭᠤᠴᠠᠵᠤ ᠂ ᠮᠠᠰᠢ ᠴᠢᠩᠭ᠎ᠠ ᠵᠣᠬᠢᠶᠠᠨ ᠪᠠᠢᠭᠤᠯᠬᠤ ᠴᠢᠳᠠᠪᠤᠷᠢ ᠪᠠ ᠬᠠᠮᠳᠤ ᠨᠡᠢᠲᠡ᠎ᠶ᠋ᠢᠨ ᠤᠬᠠᠮᠰᠠᠷ᠎ᠲᠠᠶ᠂ ᠲᠡᠷᠡ ᠪᠤᠯ ᠪᠢᠳᠡ ᠤᠯᠠᠨ᠎ᠤ ᠳᠠᠭᠤᠷᠢᠶᠠᠯ ᠪᠣᠯᠤᠨ᠎ᠠ》 ᠭᠡᠵᠦ ᠬᠠᠮᠲᠤ ᠠᠵᠢᠯᠲᠠᠳ ᠨᠢ ᠵᠠᠩ ᠵᠢᠩ ᠢᠦᠶ᠎ᠶ᠋ᠢᠨ ᠠᠵᠢᠯ᠎ᠳ᠋ᠤ ᠦᠨᠳᠦᠷ ᠦᠨᠡᠯᠡᠯᠳᠠ ᠦᠭᠬᠦ ᠶᠤᠮ ᠃

《ᠪᠢ ᠯᠸᠢ ᠹᠸᠩ ᠲᠠᠢ ᠠᠳᠠᠯᠢᠬᠠᠨ ᠵᠢᠡᠷ ᠠᠵᠢᠯ ᠦᠶ᠋ᠯᠡᠰ᠎ᠢᠶᠡᠨ ᠳᠡᠭᠡᠳᠦᠯᠡᠵᠦ ᠶᠠᠪᠤᠨ᠎ᠠ》 ᠡᠨᠡ ᠪᠤᠯ ᠲᠡᠭᠦᠨ᠎ᠤ ᠬᠦᠬᠡᠬᠡᠴᠡᠯᠳᠦᠯ ᠮᠦᠨ᠃ ᠬᠣᠢᠱᠢᠳᠠ᠎ᠶ᠋ᠢᠨ ᠠᠵᠢᠯ᠎ᠤᠨ᠎ᠢᠶᠠᠨ ᠲᠤᠬᠠᠶ ᠵᠠᠩ ᠵᠢᠩ ᠢᠦᠶ᠄《ᠬᠥᠮᠦᠨ ᠪᠦᠷᠢ᠎ᠰᠡᠳᠭᠢᠯ᠎ᠳᠡᠭᠡᠨ ᠬᠡᠷᠡᠯ ᠬᠡᠬᠡ ᠡᠪᠤᠷᠯᠡᠵᠦ ᠪᠠᠢᠭ᠎ᠠ ᠶᠤᠮ᠂ ᠰᠡᠳᠭᠢᠯ ᠪᠠ ᠬᠠᠷᠢᠭᠤᠴᠠᠯᠭ᠎ᠠ᠎ᠪᠠᠷ᠎ᠢᠶᠠᠨ ᠰᠠᠬᠢᠨ ᠬᠠᠮᠠᠭᠠᠯᠠᠳᠠᠭ ᠯᠠ ᠶᠤᠮ ᠪᠣᠯ ᠥᠪᠡᠷ᠎ᠢ᠎ᠪᠡᠨ ᠭᠡᠷᠡᠯᠲᠦᠭᠦᠯᠬᠦ᠌᠎ᠪᠡᠷ ᠪᠠᠷᠠᠬᠤ ᠥᠬᠡᠶ ᠪᠤᠰᠤᠳ ᠬᠦᠮᠦᠨ ᠢ᠋ ᠴᠸ᠋ ᠭᠡᠷᠡᠯᠲᠦᠭᠦᠯᠵᠦ᠍ ᠴᠢᠳᠠᠬᠤ ᠶᠤᠮ》 ᠭᠡᠵᠦ ᠡᠷᠡᠰ ᠰᠢᠭᠤᠷᠬᠠᠢ ᠬᠡᠯᠡᠨ᠎ᠠ᠃

  • ᠨᠠᠢᠷᠠᠭᠤᠯᠤᠭ᠍ᠴᠢ᠄

  • ᠨᠡᠪᠲᠡᠷᠡᠭᠦᠯᠦᠭᠴᠢ᠄

  • ᠮᠡᠷᠭᠡᠵᠢᠯ᠄

ᠨᠠᠢᠷᠠᠭᠤᠯᠤᠭ᠍ᠴᠢ᠄ ᠹᠦ᠋ ᠭᠸᠨ

ᠣᠷᠴᠢᠭᠤᠯᠤᠭ᠍ᠴᠢ᠄

ᠢᠷᠡᠯᠲᠡ᠄ ᠳᠤᠮᠳᠠᠳᠤ ᠤᠯᠤᠰ᠎ᠤ᠋ᠨ ᠮᠣᠩᠭᠣᠯ ᠬᠡᠯᠡᠨ᠎ᠦ᠌ ᠰᠣᠨᠢᠨ ᠮᠡᠳᠡᠭᠡ᠎ᠶ᠋ᠢᠨ ᠰᠦᠯᠵᠢᠶ᠎ᠡ
兼容浏览器的HTML页面