2022-03-16 10:10:10
ᠤᠷᠢᠬᠠᠨ ᠬᠠᠪᠤᠷ ᠡᠬᠡ ᠲᠠᠯᠠᠬᠡᠢ ᠳ᠋ᠤ ᠰᠠᠭᠠᠳᠠᠵᠤ᠂ ᠲᠦᠮᠡᠨ ᠪᠤᠳᠠᠰ ᠲᠦᠯᠵᠢᠨ ᠠᠮᠢᠯᠠᠨ᠎ᠠ᠃ ᠤᠯᠠᠭᠠᠨᠬᠠᠳᠠ ᠬᠤᠳᠠ᠎ᠶ᠋ᠢᠨ ᠬᠤᠩᠱᠠᠨ ᠲᠣᠭᠣᠷᠢᠭ᠎ᠤᠨ ᠥᠷᠲᠡᠭᠡᠨ᠎ᠦ ᠡᠮᠦᠨ᠎ᠠ ᠵᠡᠭᠡᠯᠢ ᠭᠤᠳᠤᠮᠵᠢ᠎ᠶ᠋ᠢᠨ ᠰᠦᠩ ᠵᠧᠦ ᠶᠤᠸᠠᠨ ᠰᠠᠭᠤᠭᠠᠯᠢ ᠠᠷᠠᠳ ᠤ᠋ᠨ ᠲᠣᠭᠣᠷᠢᠭ᠎ᠲᠤ᠌᠂ ᠰᠠᠢᠨ ᠳᠤᠷᠠᠴᠤᠳ ᠨᠠᠰᠤᠲᠠᠨ᠎ᠢ ᠬᠠᠪᠰᠤᠷᠤᠨ ᠬᠡᠵᠢᠭᠡ ᠦᠰᠦ ᠵᠢ ᠨᠢ ᠵᠠᠰᠠᠨ ᠦᠭᠴᠤ᠂ ᠰᠠᠭᠤᠭᠠᠯᠢ ᠠᠷᠠᠳ᠎ᠤᠨ ᠲᠣᠭᠣᠷᠢᠭ᠎ᠤᠨ ᠬᠣᠭ ᠨᠣᠪᠰᠢ᠎ᠶ᠋ᠢ ᠴᠡᠪᠡᠷᠯᠡᠵᠥ᠂ ᠠᠰᠠᠷ᠎ᠤᠨ ᠱᠠᠳᠤ᠎ᠶ᠋ᠢ ᠨᠢ ᠵᠥᠯᠬᠥᠨ ᠠᠷᠴᠢᠵᠥ᠂ ᠥᠪᠡᠷ᠎ᠦᠨ ᠬᠠᠢᠷ᠎ᠠ ᠬᠠᠯᠠᠮᠵᠢ ᠪᠠᠷ᠎ᠢᠶᠡᠨ ᠰᠠᠭᠤᠭᠠᠯᠢ ᠠᠷᠠᠳ ᠤ᠋ᠨ ᠰᠡᠳᠬᠢᠯ᠎ᠢ ᠳᠤᠯᠠᠭᠠᠴᠠᠭᠤᠯᠤᠨ᠎ᠠ᠃
《ᠵᠢᠶᠠ ᠡᠭᠡᠴᠢ ᠡ᠂ ᠪᠢᠳᠡ ᠲᠠᠨ᠎ᠳᠤ ᠬᠠᠪᠰᠤᠷᠴᠤ᠌ ᠴᠡᠪᠡᠷᠯᠡᠭᠡ ᠬᠢᠵᠦ᠍᠂ ᠳᠠᠭᠠᠤ᠎ᠳᠤᠨᠢ ᠦᠰᠦ ᠬᠡᠵᠢᠬᠡ᠎ᠶ᠋ᠢ ᠴᠢᠨᠢ ᠵᠠᠰᠠᠵᠤ ᠥᠭ᠌ᠭᠦᠶ᠎ᠡ》
《ᠲᠠ᠎ᠨᠠᠷ᠎ᠢ ᠪᠠᠰᠠ ᠯᠠ ᠵᠣᠪᠠᠭᠠᠨ᠎ᠠ᠂ ᠪᠠᠬᠠᠨ ᠡᠪ ᠦᠭᠡᠢᠷᠡᠵᠦ᠍ ᠪᠠᠢᠨ᠎ᠠ》
《ᠬᠠᠮᠢᠶ᠎ᠠ ᠦᠭᠡᠢ᠂ ᠪᠢᠳᠡ ᠣᠳᠣᠬᠠᠨ ᠣᠴᠢᠶ᠎ᠠ᠂ ᠲᠠ ᠭᠡᠷ᠎ᠲᠡᠬᠡᠨ ᠪᠢᠳᠡᠨ᠎ᠢ ᠬᠦᠯᠢᠶᠡᠵᠦ᠍ ᠪᠠᠢᠭᠠᠷᠠᠢ》 ᠁
ᠰᠦᠩ ᠵᠧᠦ ᠶᠤᠸᠠᠨ ᠨᠡᠢᠭᠡᠮ ᠲᠣᠭᠣᠷᠢᠭ᠎ᠤᠨ ᠨᠠᠮ᠎ᠤᠨ ᠶᠡᠷᠦᠩᠬᠡᠢ ᠡᠭᠦᠷ᠎ᠦᠨ ᠱᠦᠵᠢ ᠵᠤᠤ ᠶᠠᠩ ᠰᠠᠭᠤᠭᠠᠯᠢ ᠠᠷᠠᠳ ᠵᠢᠶᠠ ᠰᠤ᠌ ᠴᠢᠨ᠎ᠲᠡᠶ ᠮᠡᠨᠳᠦᠴᠢᠯᠡᠵᠦ᠍᠂ ᠰᠠᠢ᠌ᠨ ᠳᠤᠷᠠᠴᠤᠳ ᠵᠢᠡᠨ ᠳᠠᠭᠠᠭᠤᠯᠤᠨ ᠭᠡᠷ᠎ᠲᠦᠨᠢ ᠬᠦᠷᠪᠡ᠃ ᠭᠡᠷ᠎ᠲᠦ ᠤᠷᠤᠭ᠍ᠰᠠᠨ᠎ᠤ ᠲᠠᠷᠠᠭ᠎ᠠ᠂ ᠰᠠᠢᠨ ᠳᠤᠷᠠᠴᠤᠳ ᠠᠵᠢᠯ᠎ᠤᠨ ᠬᠤᠪᠢᠶᠠᠷᠢᠯᠡᠯ ᠵᠢᠡᠨ ᠲᠣᠳᠣᠷᠬᠠᠢᠯᠠᠵᠤ᠂ ᠵᠠᠷᠢᠮ ᠨᠢ ᠱᠢᠷᠡᠭᠡ ᠵᠦᠯᠬᠦᠵᠤ᠂ ᠵᠠᠷᠢᠮ ᠨᠢ ᠭᠠᠵᠠᠷ ᠱᠦᠭᠦᠷᠳᠡᠨ᠂ ᠵᠠᠷᠢᠮ ᠨᠢ ᠨᠠᠰᠤᠲᠠᠢᠴᠤᠳ᠎ᠢ ᠬᠠᠪᠰᠤᠷᠤᠨ ᠦᠰᠦ ᠵᠠᠰᠠᠭᠤᠯᠵᠤ᠂ ᠳᠡᠮᠡᠶ ᠤᠳᠠᠯ ᠦᠭᠡᠢ ᠭᠡᠷ᠎ᠢ ᠨᠢ ᠬᠢᠯ᠎ᠡ ᠴᠢᠯᠠ ᠪᠤᠯᠳᠠᠯ᠎ᠠ ᠴᠡᠪᠡᠷᠯᠡᠨ ᠦᠭᠴᠡᠢ᠃ ᠭᠡᠵᠢᠭᠡ᠎ᠪᠡᠨ ᠵᠠᠰᠠᠭᠤᠯᠵᠤ ᠪᠠᠷᠠᠭ᠍ᠰᠠᠨ ᠵᠢᠶᠠ ᠰᠤ᠌ ᠴᠢᠨ ᠲᠣᠯᠢᠨ ᠳ᠋ᠤ ᠬᠠᠷᠠᠭᠠᠳ᠄《ᠭᠡᠵᠢᠭᠡ᠎ᠪᠡᠨ ᠵᠠᠰᠠᠭᠰᠠᠨᠴᠢᠨᠢ ᠬᠡᠳᠦᠨ ᠨᠠᠰᠤ ᠵᠠᠯᠠᠭᠤᠵᠢᠭ᠍ᠰᠠᠨ ᠱᠢᠭ᠋ ᠰᠠᠨᠠᠭ᠍ᠳᠠᠵᠤ ᠪᠠᠢᠨ᠎ᠠ᠂ ᠲᠠᠨᠠᠷ᠎ᠲᠤ ᠲᠠᠯᠠᠷᠬᠠᠵᠤ ᠪᠠᠢᠨ᠎ᠠ》ᠭᠡᠵᠦ᠍ ᠪᠠᠶᠠᠷ ᠲᠠᠢ ᠬᠡᠯᠡᠨ᠎ᠠ᠃
ᠵᠢᠶᠠ ᠰᠤ᠌ ᠴᠢᠨ ᠡᠨᠡ ᠵᠢᠯ 72 ᠨᠠᠰᠤᠲᠠᠶ᠂ ᠱᠢᠬᠢᠷ ᠱᠢᠵᠢᠩ ᠡᠪᠡᠳᠴᠢᠨ᠎ᠲᠡᠶ᠂ ᠵᠢᠯ ᠳᠤᠵᠢ ᠣᠮᠪᠣᠯᠣᠲᠠᠶᠪᠠᠨ ᠬᠠᠮᠲᠤ ᠠᠮᠢᠳᠤᠷᠠᠨ᠎ᠠ᠃ ᠣᠮᠪᠣᠯᠣ᠎ᠨᠢ ᠬᠡᠳᠦᠢᠪᠡᠷ ᠬᠣᠷᠢᠭᠠᠳ ᠨᠠᠰᠤᠲᠠᠶ ᠵᠠᠯᠠᠭᠤ ᠪᠣᠯᠪᠠᠴᠤ᠌ ᠪᠠᠭ᠎ᠠ᠎ᠳᠠᠭᠠᠨ ᠬᠡᠦᠬᠡᠳ᠎ᠦᠨ ᠶᠡᠬᠡ ᠲᠠᠷᠢᠬᠢᠨ᠎ᠤ ᠴᠢᠨᠠᠷᠲᠠᠶ ᠲᠠᠮᠪᠠᠷᠠᠯ ᠡᠪᠡᠳᠴᠢᠨ᠎ᠳᠦ ᠨᠡᠷᠪᠡᠭ᠌ᠳᠡᠭ᠌ᠰᠡᠨ᠎ᠡᠴᠡ ᠵᠡᠭᠦᠨ ᠭᠠᠷ ᠵᠡᠭᠦᠨ ᠬᠦᠯ ᠨᠢ ᠰᠦᠷᠡᠬᠡᠶ ᠬᠠᠲᠠᠩᠭᠢᠷᠠᠵᠤ᠂ ᠬᠥᠳᠡᠯᠵᠦ᠍ ᠪᠠᠷᠢᠬᠤ᠎ᠳᠤ ᠳᠥᠭᠥᠮ ᠦᠭᠡᠢ ᠪᠣᠯᠵᠠᠶ᠃ ᠨᠢᠳᠤᠨᠤᠨ᠎ᠤ ᠶᠡᠬᠡ ᠴᠠᠰᠤᠨ᠎ᠳᠤ ᠵᠢᠶᠠ ᠰᠤ᠌ ᠴᠢᠨ ᠣᠪᠠᠢᠨᠳᠤ ᠦᠭᠡᠶ᠎ᠪᠡᠷ ᠣᠢᠴᠢᠵᠤ ᠱᠢᠷᠬᠠᠲᠤᠭ᠍ᠰᠠᠨ ᠡᠴᠡ ᠪᠠᠷᠠᠭᠤᠨ ᠬᠥᠯᠦᠨ ᠭᠤᠷᠪᠠᠨ ᠬᠡᠰᠡᠭ ᠶᠠᠰᠤ ᠨᠢ ᠬᠤᠭᠤᠷᠠᠵᠤ᠂ ᠣᠳᠣ ᠪᠣᠯᠲᠠᠯ᠎ᠠ ᠡᠳᠡᠭᠡᠷᠡᠭᠡ ᠦᠭᠡᠶ ᠪᠣᠯᠬᠣᠷ ᠲᠠᠶᠠᠭ ᠲᠤᠯᠵᠤ ᠨᠠᠭᠠᠰᠢ ᠴᠠᠭᠠᠰᠢ ᠶᠠᠪᠤᠨ᠎ᠠ᠃ ᠡᠨᠡ ᠨᠢ ᠲᠡᠳᠡᠨ᠎ᠦ ᠬᠦᠴᠢᠷ ᠪᠡᠷᠬᠡᠱᠢᠶᠡᠯ᠎ᠲᠡᠶ ᠠᠮᠢᠳᠤᠷᠠᠯ᠎ᠢ ᠤᠯᠠᠮ ᠬᠡᠴᠡᠭᠦᠳᠡᠭᠦᠯᠦᠯᠠ᠃ ᠡᠨᠡ ᠬᠦ᠌ ᠪᠠᠢᠳᠠᠯ᠎ᠢ ᠮᠡᠳᠡᠭ᠌ᠰᠡᠨ ᠵᠣᠣ ᠶᠠᠩ ᠲᠡᠷᠡ ᠳᠠᠷᠤᠶ᠎ᠳᠤᠨᠢ ᠰᠠᠢᠨ ᠳᠤᠷᠠᠴᠤᠳ ᠵᠢᠡᠨ ᠳᠠᠭᠠᠭᠤᠯᠤᠨ᠂ ᠪᠤᠳᠠᠭ᠎ᠠ ᠭᠤᠯᠢᠷ ᠲᠣᠰᠣ ᠵᠡᠷᠭᠡ ᠡᠳᠦᠷ ᠲᠤᠲᠤᠮ᠎ᠤᠨ ᠬᠡᠷᠡᠭ᠌ᠯᠡᠭᠡᠨ᠎ᠦ ᠡᠳ᠋᠎ᠢᠶᠡᠨ ᠳᠡᠭᠦᠵᠢᠯᠡᠨ ᠵᠢᠶᠠ ᠰᠤ᠌ ᠴᠢᠨᠢ ᠲᠣᠬᠣᠨᠢᠭᠤᠯᠵᠤ᠂ ᠪᠠᠰᠠ 500 ᠲᠥᠭᠥᠷᠢᠭ᠎ᠦᠨ ᠲᠣᠬᠣᠨᠢᠭᠤᠯᠬᠤ ᠮᠥᠩᠭᠥ᠌ ᠭᠠᠷᠳᠠᠭᠤᠯᠵᠤ᠂ ᠲᠡᠳᠡᠨ᠎ᠳᠦ ᠬᠠᠢᠷ᠎ᠠ ᠬᠠᠯᠠᠮᠵᠢ ᠬᠦᠷᠭᠡᠪᠠ᠃
ᠰᠥᠩ ᠵᠧᠸ᠋ ᠶᠤᠸᠠᠨ ᠨᠡᠢᠭᠡᠮ ᠲᠣᠭᠣᠷᠢᠭ 2016 ᠣᠨ᠎ᠳᠤ 《ᠪᠦᠬᠦ᠌ ᠤᠯᠤᠰ᠎ᠤᠨ ᠯᠸᠢ ᠹᠸᠩ ᠡᠴᠡ ᠰᠤᠷᠤᠯᠴᠠᠬᠤ ᠦᠯᠢᠭᠡᠷ ᠵᠢᠱ᠌ᠢᠶ᠎ᠡ ᠦᠵᠡᠭᠦᠯᠬᠦ᠌ ᠴᠡᠭ》᠎ᠤ᠋ᠨ ᠢᠷᠠᠭᠤ ᠠᠯᠳᠠᠷ᠎ᠢ ᠭᠥᠷᠳᠡᠭ᠌ᠰᠡᠨ ᠪᠠᠢᠨ᠎ᠠ᠃ ᠲᠤᠰ ᠲᠤᠭᠤᠷᠢᠬ ᠯᠧᠢ ᠹᠧᠩ᠎ᠡᠴᠡ ᠰᠤᠷᠤᠯᠴᠠᠬᠤ ᠠᠵᠢᠯᠯᠠᠭ᠎ᠠ᠎ᠶ᠋ᠢ ᠪᠠᠢᠡᠭᠭᠤᠵᠢᠭᠤᠯᠵᠤ᠂ ᠯᠸᠢ ᠹᠸᠩ᠎ᠤᠨ ᠵᠣᠷᠢᠭ ᠰᠠᠨᠠᠭ᠎ᠠ᠎ᠶ᠋ᠢ ᠪᠠᠳᠠᠷᠠᠭᠤᠯᠤᠨ᠂《ᠬᠠᠷᠠᠮ ᠦᠭᠡᠢ ᠵᠣᠷᠢᠭᠤᠯᠬᠤ᠂ ᠨᠥᠬᠥᠷᠰᠡᠭ ᠵᠢᠡᠷ ᠶᠠᠪᠤᠯᠴᠠᠬᠤ᠂ ᠬᠠᠷᠢᠯᠴᠠᠨ ᠬᠠᠪᠰᠤᠷᠤᠯᠴᠠᠬᠤ᠂ ᠤᠷᠤᠭᠰᠢᠯᠠᠨ ᠲᠠᠪᠱᠢᠬᠤ》 ᠰᠠᠢᠨ ᠳᠤᠷᠠᠴᠤᠳ ᠤ᠋ᠨ ᠵᠣᠷᠢᠭ ᠰᠠᠨᠠᠭ᠎ᠠ᠎ᠶ᠋ᠢ ᠪᠠᠳᠠᠷᠠᠭᠤᠯᠤᠨ᠂《ᠬᠦᠴᠢᠷ ᠲᠠᠢ ᠪᠣᠯ ᠨᠠᠮ᠎ᠤᠨ ᠵᠣᠬᠢᠶᠠᠨ ᠪᠠᠢᠭᠤᠯᠤᠯᠲᠠ᠎ᠶ᠋ᠢ ᠡᠷᠢᠬᠦ᠂ ᠬᠡᠷᠡᠭ᠌ᠴᠡᠭᠡ᠎ᠲᠡᠶ ᠪᠣᠯ ᠰᠠᠢᠨ ᠳᠤᠷᠠᠴᠤᠳ ᠢ᠋ ᠡᠷᠢᠬᠦ᠂ ᠵᠠᠪ ᠲᠠᠢ ᠪᠤᠯ ᠰᠠᠢᠨ ᠳᠤᠷᠠᠴᠤᠳ ᠪᠤᠯᠬᠤ》ᠬᠠᠮᠲᠤᠯᠢᠭ᠎ᠤᠨ ᠦᠢᠯᠡᠳᠦᠯ᠎ᠢ ᠢᠳᠡᠭ ᠢᠳᠡᠭ ᠵᠢᠠᠷ ᠪᠤᠢ ᠪᠣᠯᠭᠠᠪᠠ᠃ ᠥᠢᠯᠠᠭᠠᠬᠰᠠᠨ᠎ᠢᠶᠡᠷ᠂ ᠣᠳᠣᠬᠠᠨ᠎ᠳᠤ 8 ᠰᠠᠢ᠌ᠨ ᠳᠤᠷ᠎ᠠ᠎ᠶ᠋ᠢᠨ ᠦᠢᠯᠡᠴᠢᠯᠡᠭᠡᠨ᠎ᠦ ᠡᠩᠨᠡᠭᠡ᠂ 520 ᠭᠠᠷᠤᠢ ᠬᠡᠰᠢᠬᠦᠨ᠎ᠲᠡᠶ ᠪᠤᠯᠪᠠ᠃
《ᠪᠢ ᠦᠷᠭᠦᠯᠵᠢ ᠠᠮᠠᠷᠠᠯᠲᠠ᠎ᠶ᠋ᠢᠨ ᠬᠤᠭᠤᠴᠠᠭ᠎ᠠ ᠪᠤᠶᠤ ᠬᠢᠴᠢᠶᠡᠯ᠎ᠦᠨ ᠭᠠᠳᠠᠨᠠᠬᠢ ᠴᠠᠭ᠎ᠢᠶᠠᠨ ᠠᠱᠢᠭ᠍ᠯᠠᠨ ᠡᠨᠳᠡ ᠢᠷᠡᠵᠦ᠍ ᠰᠠᠢᠨ ᠳᠤᠷ᠎ᠠ᠎ᠶ᠋ᠢᠨ ᠦᠢᠯᠡᠴᠢᠯᠡᠭᠡᠨ᠎ᠦ ᠠᠵᠢᠯᠯᠠᠭ᠎ᠠ᠎ᠳᠤ ᠣᠷᠣᠯᠴᠠᠨ᠎ᠠ》ᠭᠡᠵᠦ᠍ ᠰᠠᠭᠤᠭᠠᠯᠢ ᠠᠷᠠᠳ᠎ᠤᠨ ᠲᠣᠭᠣᠷᠢᠭ᠎ᠤᠨ ᠨᠣᠭᠣᠭᠠᠷᠠᠭᠤᠯᠤᠯᠲᠠ᠎ᠶ᠋ᠢᠨ ᠪᠦᠰᠡ᠎ᠶ᠋ᠢ ᠴᠡᠪᠡᠷᠯᠡᠵᠦ᠍ ᠪᠠᠢᠭ᠎ᠠ ᠤᠶᠤᠲᠠᠨ ᠰᠠᠢᠨ ᠳᠤᠷ᠎ᠠ ᠵᠢᠨ ᠠᠵᠢᠯᠳᠠᠨ ᠯᠢ ᠮᠢᠡᠭ ᠬᠤᠤ ᠬᠡᠯᠡᠪᠡ᠃
ᠨᠡᠢᠭᠡᠮ ᠲᠣᠭᠣᠷᠢᠭ᠂ ᠨᠠᠮ᠎ᠤᠨ ᠭᠡᠱᠢᠭᠦᠨ᠂ ᠣᠯᠠᠨ ᠲᠦᠮᠡᠨ᠎ᠦ ᠬᠠᠮᠲᠤ᠎ᠶ᠋ᠢᠨ ᠴᠢᠷᠮᠠᠢᠯᠭ᠎ᠠ᠎ᠪᠠᠷ ᠳᠡᠮᠵᠢᠨ᠂ ᠰᠥᠩ ᠵᠧᠸ᠋ ᠶᠤᠸᠠᠨ ᠨᠡᠢᠭᠡᠮ ᠲᠣᠭᠣᠷᠢᠭ᠎ᠤᠨ ᠰᠠᠢᠨ ᠳᠤᠷ᠎ᠠ᠎ᠶ᠋ᠢᠨ ᠦᠶ᠋ᠯᠡᠴᠢᠯᠡᠭᠡ᠎ᠶ᠋ᠢ ᠰᠠᠭᠤᠭᠠᠯᠢ ᠠᠷᠠᠳ᠎ᠤᠨ ᠲᠣᠭᠣᠷᠢᠭ᠂ ᠠᠰᠠᠷ ᠤ᠋ᠨ ᠭᠤᠳᠤᠮᠵᠢ ᠳ᠋ᠤ ᠣᠷᠣᠭᠤᠯᠤᠭ᠍ᠰᠠᠨ᠎ᠢᠶᠠᠷ ᠪᠠᠷᠠᠬᠤ ᠥᠬᠡᠶ ᠬᠥᠷᠰᠢ ᠵᠡᠷᠭᠡᠯᠡᠳᠡᠭᠡ᠂ ᠬᠡᠷ ᠪᠦᠯᠢ᠎ᠳᠦ ᠴᠦ᠍ ᠣᠷᠣᠭᠤᠯᠵᠤ᠂ ᠣᠯᠠᠨ ᠲᠦᠮᠡᠨ ᠳ᠋ᠤ ᠤᠬᠠᠭᠤᠯᠭ᠎ᠠ ᠬᠢᠬᠦ᠂ ᠬᠥᠲᠥᠯᠦᠨ ᠵᠢᠯᠣᠭᠣᠳᠭᠤ᠂ ᠬᠠᠷᠢᠶ᠎ᠡ ᠣᠷᠣᠨ᠎ᠤ ᠰᠠᠭᠤᠭᠠᠯᠢ ᠠᠷᠠᠳ᠎ᠲᠤ ᠰᠠᠢᠨ ᠳᠤᠷ᠎ᠠ᠎ᠶ᠋ᠢᠨ ᠦᠶ᠋ᠯᠡᠴᠢᠯᠡᠭᠡ᠎ᠵᠢᠨ ᠬᠠᠢᠷ᠎ᠠ ᠬᠠᠯᠠᠮᠵᠢ ᠵᠢ ᠦᠨᠡᠨ ᠬᠦ᠌ ᠬᠦᠷᠲᠡᠭᠡᠭ᠌ᠰᠡᠨ ᠪᠠᠢᠨ᠎ᠠ᠃
- ᠨᠠᠢᠷᠠᠭᠤᠯᠤᠭ᠍ᠴᠢ᠄
- ᠨᠡᠪᠲᠡᠷᠡᠭᠦᠯᠦᠭᠴᠢ᠄
- ᠮᠡᠷᠭᠡᠵᠢᠯ᠄
ᠨᠠᠢᠷᠠᠭᠤᠯᠤᠭ᠍ᠴᠢ᠄ ᠤᠶᠤᠨᠲᠠᠨ᠎ᠠ
ᠣᠷᠴᠢᠭᠤᠯᠤᠭ᠍ᠴᠢ᠄




ᠰᠢᠭᠦᠮᠵᠢ ᠠᠯᠠᠭ᠎ᠠ ᠂ ᠬᠤᠷᠳᠤᠨ ᠨᠢᠭᠡᠳᠦᠭᠡᠷ ᠵᠤᠷᠪᠤᠰ ᠰᠢᠭᠦᠮᠵᠢ ᠨᠡᠢ᠌ᠲᠡᠯᠡᠭᠡᠷᠡᠢ᠃