2022-03-07 16:41:40
— ᠪᠦᠬᠦ᠌ ᠤᠯᠤᠰ᠎ᠤᠨ ᠠᠵᠢᠯ᠎ᠤᠨ ᠪᠠᠢᠷᠢᠳᠡᠬᠡᠷᠡ ᠪᠠᠨ ᠯᠧᠢ ᠹᠧᠩ᠎ᠡᠴᠡ ᠰᠤᠷᠤᠯᠴᠠᠭ᠍ᠰᠠᠨ ᠪᠢᠶᠤᠤᠪᠢᠩ ᠴᠧᠨ ᠸᠧᠨ ᠱᠢᠤᠸᠠᠢ ᠵᠢ ᠳᠡᠮᠳᠡᠭᠯᠡᠪᠡ
ᠪᠤᠯᠤᠩ ᠡᠬᠢᠯᠡᠬᠦ ᠦᠭᠡ᠄
3 ᠰᠠᠷ᠎ᠠ᠎ᠳᠤ᠂ ᠬᠠᠪᠤᠷ᠎ᠤᠨ ᠤᠷᠢᠬᠠᠨ ᠰᠠᠯᠬᠢ ᠡᠭᠡ ᠳᠡᠯᠡᠭᠡᠢ ᠵᠢ ᠢᠯᠪᠢᠵᠦ᠂ ᠡᠬᠡ ᠭᠠᠵᠠᠷ ᠠᠮᠢᠯᠠᠯ᠎ᠤᠨ ᠬᠦᠴᠤᠨ ᠵᠢᠠᠷ ᠪᠢᠯᠬᠠᠬᠤ ᠪᠡᠷ᠂ ᠯᠸᠢ ᠹᠸᠩ᠎ᠤᠨ ᠵᠣᠷᠢᠭ ᠰᠠᠨᠠᠭ᠎ᠠ ᠳᠤᠮᠳᠠᠳᠤ᠎ᠶ᠋ᠢᠨ ᠡᠬᠡ ᠭᠠᠵᠠᠷ ᠲᠸ᠋ ᠥᠷᠨᠢᠨ ᠲᠦᠭᠡᠨᠠ᠃ ᠬᠥᠮᠦᠰ ᠶᠡᠷᠦ ᠨᠢ ᠲᠡᠳᠡᠭᠡᠷ ᠠᠷᠠᠳ ᠲᠦᠮᠡᠨ᠎ᠦ ᠲᠥᠯᠥᠭᠡ ᠦᠢᠯᠡᠴᠢᠯᠡᠵᠦ᠍ ᠪᠠᠢᠭ᠎ᠠ ᠬᠥᠮᠦᠰ᠎ᠢ ᠯᠧᠶ ᠹᠧᠩ ᠬᠡᠵᠥ ᠳᠤᠳᠤᠨᠤᠴᠢᠯᠠᠨ ᠳᠠᠭᠤᠳᠠᠵᠤ᠂ ᠯᠧᠶ ᠹᠧᠩ᠎ᠦᠨ ᠵᠣᠷᠢᠭ ᠰᠠᠨᠠᠭ᠎ᠠ ᠨᠢ ᠬᠦᠮᠦᠰ᠎ᠤᠨ ᠰᠡᠳᠬᠢᠯ ᠳ᠋ᠤ ᠭᠦᠨ ᠦᠨᠳᠦᠰᠦᠯᠡᠨ᠂ ᠬᠦᠮᠦᠰ᠎ᠤᠨ ᠠᠮᠢ ᠨᠠᠰᠤᠨ᠎ᠤ ᠦᠨ᠎ᠡ ᠦᠷᠳᠡᠭ᠂ ᠶᠣᠰᠣ ᠰᠤᠷᠲᠠᠬᠤᠨ ᠵᠠᠩ ᠴᠢᠨᠠᠷ᠎ᠢ ᠬᠡᠮᠵᠢᠬᠦ᠌ ᠴᠢᠬᠤᠯᠠ ᠬᠡᠮᠵᠢᠭᠦᠷ ᠪᠣᠯᠪᠠ᠃
ᠯᠧᠶ ᠹᠧᠩ᠎ᠡᠴᠡ ᠰᠤᠷᠤᠯᠴᠠᠬᠤ ᠠᠵᠢᠯᠯᠠᠭ᠎ᠠ᠎ᠶ᠋ᠢ ᠦᠷᠬᠦᠯᠵᠢᠯᠠᠨ ᠭᠦᠨᠵᠡᠭᠡᠶ ᠥᠷᠨᠢᠭᠦᠯᠬᠦ᠌᠎ᠶ᠋ᠢᠨ ᠲᠥᠯᠥᠭᠡ᠂ ᠲᠤᠰ ᠰᠣᠨᠢᠨ ᠡᠨᠡ ᠡᠳᠤᠷ᠎ᠡᠴᠡ ᠡᠬᠢᠯᠡᠨ 《ᠮᠠᠨ ᠤ᠋ ᠳᠡᠷᠬᠡᠳᠡᠬᠢ ᠯᠧᠶ ᠹᠧᠩ》 ᠬᠡᠬᠦ ᠲᠤᠰᠭᠠᠶ ᠪᠤᠯᠤᠩ ᠨᠡᠬᠡᠬᠡᠵᠤ᠂ ᠮᠠᠨ᠎ᠤ ᠣᠷᠣᠨ᠎ᠤ ᠪᠦᠬᠦ᠌ ᠤᠯᠤᠰ᠎ᠤᠨ ᠯᠧᠢ ᠹᠧᠩ᠎ᠡᠴᠡ ᠰᠤᠷᠤᠯᠴᠠᠬᠤ ᠠᠵᠢᠯᠯᠠᠭ᠎ᠠ᠎ᠶ᠋ᠢᠨ ᠵᠢᠱ᠌ᠢᠶ᠎ᠡ ᠦᠵᠡᠭᠦᠯᠬᠦ᠌ ᠴᠡᠭ ᠪᠠ ᠠᠵᠢᠯ᠎ᠤᠨ ᠪᠠᠢᠷᠢᠳᠡᠬᠡᠷᠡ ᠪᠠᠨ ᠯᠧᠢ ᠹᠧᠩ᠎ᠡᠴᠡ ᠰᠤᠷᠤᠯᠴᠠᠭ᠍ᠰᠠᠨ ᠪᠢᠶᠤᠤᠪᠢᠩ᠎ᠤᠨ ᠲᠡᠷᠢᠭᠦᠨ᠎ᠦ ᠦᠢᠯᠡ ᠠᠵᠢᠯᠯᠠᠭ᠎ᠠ᠎ᠶ᠋ᠢ ᠰᠢᠰᠲᠸᠮ ᠳᠠᠢ ᠮᠡᠳᠡᠭᠡᠯᠡᠵᠦ᠍᠂ ᠯᠧᠢ ᠹᠧᠩ᠎ᠡᠴᠡ ᠰᠤᠷᠤᠯᠴᠠᠬᠤ ᠠᠵᠢᠯᠯᠠᠭ᠎ᠠ᠎ᠶ᠋ᠢ ᠪᠠᠢᠩᠭᠤᠵᠢᠭᠤᠯᠬᠤ ᠵᠢ ᠴᠢᠷᠮᠠᠢᠨ ᠠᠬᠢᠭᠤᠯᠵᠥ᠂ ᠠᠷᠠᠳ ᠢᠷᠭᠡᠳ᠎ᠦᠨ ᠶᠣᠰᠣ ᠰᠤᠷᠳᠠᠬᠤᠨ᠎ᠤ ᠬᠡᠪ ᠴᠢᠨᠠᠷ ᠪᠠ ᠨᠡᠢᠭᠡᠮ᠎ᠦᠨ ᠪᠣᠯᠪᠠᠰᠤᠨ᠎ᠤ ᠬᠡᠮᠵᠢᠶ᠎ᠡ᠎ᠶ᠋ᠢ ᠲᠠᠰᠤᠷᠠᠯᠲᠠ ᠦᠭᠡᠢ ᠳᠡᠭᠡᠭ᠌ᠰᠢᠯᠡᠭᠦᠯᠵᠦ᠍᠂ ᠰᠢᠨ᠎ᠡ ᠠᠶᠠᠨ ᠳ᠋ᠠᠭᠠᠨ ᠡᠷᠡᠮᠡᠬᠡᠢᠯᠡᠨ ᠤᠷᠤᠭ᠍ᠰᠢᠯᠠᠬᠤ᠂ ᠱᠢᠨ᠎ᠡ ᠴᠠᠭ ᠦᠶ᠎ᠡ᠎ᠳᠦ ᠭᠠᠪᠢᠶ᠎ᠠ ᠪᠠᠢᠭᠤᠯᠬᠤ ᠬᠦᠴᠦᠷᠬᠡᠭ ᠶᠡᠬᠡ ᠤᠶᠤᠨ ᠰᠠᠨᠠᠭᠠᠨ᠎ᠤ ᠬᠦᠴᠦᠨ᠎ᠢ ᠨᠢᠬᠳᠠᠷᠠᠭᠤᠯᠵᠥ᠂ ᠪᠣᠳᠠᠲᠤ ᠠᠵᠢᠯᠯᠠᠭ᠎ᠠ᠎ᠪᠠᠷ᠎ᠢᠶᠠᠨ ᠨᠠᠮ᠎ᠤᠨ ᠬᠣᠷᠢᠳᠤᠭᠠᠷ ᠶᠡᠬᠡ ᠬᠤᠷᠠᠯ᠎ᠤᠨ ᠠᠮᠵᠢᠯᠲᠠ᠎ᠲᠠᠶ ᠬᠤᠷᠠᠯᠳᠤᠬᠤ᠎ᠶ᠋ᠢ ᠤᠭ᠍ᠲᠤᠬᠤ ᠪᠤᠯᠤᠨ᠎ᠠ!
ᠨᠢᠭᠡ ᠬᠥᠮᠦᠨ ᠨᠢᠭᠡ ᠰᠠᠢᠨ ᠶᠠᠪᠤᠳᠠᠯ᠎ᠢ ᠬᠢᠬᠦ᠌᠎ᠳᠦ ᠬᠦᠴᠢᠷ ᠪᠢᠰᠢ᠂ ᠬᠡᠬᠦ ᠳ᠋ᠡᠬᠡᠨ ᠨᠠᠰᠤᠨ ᠲᠤᠷᠰᠢᠳᠠ ᠰᠠᠢᠨ ᠶᠠᠪᠤᠳᠠᠯ ᠬᠢᠬᠦ ᠬᠡᠭᠴᠢ ᠬᠢᠯᠪᠡᠷ ᠪᠤᠰᠤ ᠶᠤᠮ᠂ ᠡᠬᠦᠨ᠎ᠢ 88 ᠨᠠᠰᠤᠲᠠᠶ ᠠᠬᠠᠮᠠᠳ ᠨᠠᠮ᠎ᠤᠨ ᠭᠡᠱᠢᠭᠦᠨ ᠴᠧᠨ ᠸᠧᠨ ᠰᠢᠥᠸᠠᠢ ᠪᠡᠶᠡᠯᠡᠬᠦᠯᠵᠥ ᠴᠢᠳᠠᠵᠠᠶ᠃ 《ᠳᠤᠮᠳᠠᠳᠤ ᠤᠯᠤᠰ᠎ᠤᠨ ᠰᠠᠢᠨ ᠬᠥᠮᠦᠨ》᠂ ᠬᠣᠶᠠᠳᠤᠭᠠᠷ ᠪᠦᠯᠦᠭ᠎ᠦᠨ ᠪᠦᠬᠦ᠌ ᠤᠯᠤᠰ᠎ᠤᠨ ᠠᠵᠢᠯ᠎ᠤᠨ ᠪᠠᠢᠷᠢ ᠳᠡᠬᠡᠷ᠎ᠡ ᠪᠠᠨ ᠯᠸᠢ ᠹᠸᠩ᠎ᠡᠴᠡ ᠰᠤᠷᠤᠯᠴᠠᠭ᠍ᠰᠠᠨ ᠪᠢᠶᠤᠤᠪᠢᠩ ᠁ ᠡᠯ᠎ᠡ ᠵᠦᠢᠯ᠎ᠦᠨ ᠬᠥᠬᠢᠭᠦᠯᠦᠯ᠎ᠦᠨ ᠪᠢᠴᠢᠭ᠂ ᠱᠠᠩᠨᠠᠯ᠎ᠤᠨ ᠬᠤᠨᠳᠠᠭ᠎ᠠ ᠪᠣᠯᠤᠨ ᠣᠯᠠᠨ ᠠᠷᠪᠢᠨ ᠢᠷᠠᠭᠤ ᠠᠯᠳᠠᠷ᠎ᠤᠨ ᠦᠨᠡᠮᠯᠡᠯ ᠨᠢ ᠡᠨᠡ ᠬᠦ᠌ ᠪᠤᠭᠤᠷᠤᠯ ᠨᠠᠰᠤᠲᠠᠨ᠎ᠤ ᠡᠷᠡᠰ ᠪᠠᠲᠤ ᠢᠲᠡᠭᠡᠯ ᠵᠣᠷᠢᠭ ᠪᠣᠯᠤᠨ ᠬᠠᠷᠠᠮ ᠦᠭᠡᠶ ᠵᠣᠷᠢᠭᠤᠯᠤᠯᠢ ᠭᠡᠷᠡᠴᠢᠯᠡᠨ᠎ᠡ᠃
1963 ᠣᠨ ᠡᠴᠡ ᠡᠬᠢᠯᠡᠨ᠂ ᠯᠸᠢ ᠹᠸᠩ ᠮᠠᠶᠢᠭ᠎ᠤᠨ ᠡᠪ ᠬᠠᠮᠲᠤ ᠨᠠᠮ᠎ᠤᠨ ᠭᠡᠱᠢᠭᠦᠨ ᠪᠣᠯᠬᠤ ᠨᠢ ᠴᠧᠨ ᠸᠸᠨ ᠱᠢᠤᠸᠠᠢ ᠵᠢᠨᠨᠠᠰᠤᠨ ᠳᠤᠷᠰᠢᠳᠠ ᠵᠢᠨ ᠬᠥᠭᠡᠭᠡᠴᠡᠯᠳᠦᠯ ᠪᠣᠯᠪᠠ᠃ ᠲᠡᠷᠡ ᠤᠷᠢᠳ ᠬᠣᠵᠢᠳ 4 ᠤᠳᠠᠭ᠎ᠠ ᠥᠪᠡᠷ᠎ᠦᠨ ᠰᠦᠢᠳᠭᠡᠯᠢᠶᠡᠷᠢᠶᠡᠨ ᠹᠦᠱᠦ᠋ᠨ ᠬᠣᠲᠠ᠎ᠶ᠋ᠢᠨ ᠯᠸᠢ ᠹᠸᠩ᠎ᠤᠨ ᠳᠤᠷᠠᠰᠭᠠᠯ᠎ᠤᠨ ᠣᠷᠳᠣᠨ᠎ᠳᠤ ᠬᠦᠷᠴᠦ᠍ ᠲᠣᠭᠣᠷᠢᠨ ᠦᠵᠡᠵᠦ᠍ ᠰᠤᠷᠤᠯᠴᠠᠨ᠂ ᠮᠦᠭᠳᠡᠨ᠎ᠤ ᠴᠡᠷᠢᠭ᠎ᠦᠨ ᠲᠣᠭᠣᠷᠢᠭ᠎ᠤᠨ ᠤᠯᠤᠰ ᠲᠥᠷᠥ᠎ᠶ᠋ᠢᠨ ᠬᠡᠯᠲᠡᠰ᠎ᠲᠦ 3 ᠤᠳᠠᠭ᠎ᠠ ᠬᠦᠷᠴᠦ᠍ 《ᠯᠸᠢ ᠹᠸᠩ᠎ᠤᠨ ᠦᠯᠢᠭᠡᠷ》 ᠤ᠋ᠨ ᠵᠣᠬᠢᠶᠠᠭ᠍ᠴᠢ ᠴᠧᠨ ᠭᠤᠸᠠᠩ ᠱᠧᠩ ᠳ᠋ᠦ ᠪᠠᠷᠠᠳᠠᠵᠤ᠂ ᠱᠢᠨ᠎ᠡ ᠴᠠᠭ ᠦᠶ᠎ᠡ᠎ᠶ᠋ᠢᠨ ᠯᠸᠢ ᠹᠸᠩ᠎ᠡᠴᠡ ᠰᠤᠷᠤᠯᠴᠠᠬᠤ ᠬᠡᠪ ᠵᠠᠭ᠍ᠪᠤᠷ ᠪᠣᠯᠤᠨ ᠠᠷᠭ᠎ᠠ ᠵᠠᠮ᠎ᠢ ᠬᠠᠮᠲᠤ᠎ᠪᠠᠷ ᠰᠤᠳᠤᠯᠤᠨ ᠶᠠᠷᠢᠯᠴᠠᠪᠠ᠃ 1986 ᠣᠨ᠎ᠳᠤ ᠠᠵᠢᠯ᠎ᠡᠴᠡ ᠪᠡᠨ ᠠᠮᠠᠷᠠᠬᠰᠡᠨᠤ ᠲᠠᠷᠠᠭ᠎ᠠ᠂ ᠴᠧᠨ ᠸᠸᠨ ᠱᠢᠤᠸᠠᠢ᠄ ᠬᠡᠳᠦᠢᠪᠡᠷ ᠠᠵᠢᠯ ᠡᠴᠡ ᠪᠡᠨ ᠠᠮᠠᠷᠠᠬᠰᠡᠨ ᠪᠣᠯᠪᠠᠴᠤ᠌᠂ ᠦᠵᠡᠯ ᠰᠠᠨᠠᠭ᠎ᠠ ᠶᠠᠭᠠᠬᠢᠭ᠍ᠰᠠᠨ ᠴᠤ᠌ ᠠᠮᠠᠷᠠᠵᠤ ᠪᠣᠯᠬᠤ ᠦᠭᠡᠢ᠂ ᠯᠸᠢ ᠹᠸᠩ ᠡᠴᠡ ᠰᠤᠷᠤᠯᠴᠠᠵᠤ ᠰᠠᠢ᠌ᠨ ᠶᠠᠪᠤᠳᠠᠯ ᠬᠢᠬᠦ ᠪᠡᠨ ᠪᠠᠢᠵᠤ ᠪᠤᠯᠬᠤ ᠦᠭᠡᠢ ᠭᠡᠵᠤ ᠦᠷᠬᠦᠯᠵᠢ ᠪᠤᠳᠤᠳᠠᠭ ᠪᠠᠢᠯ᠎ᠠ᠃ ᠢᠩᠭᠢᠭᠡᠳ ᠯᠧᠢ ᠹᠧᠩ᠎ᠡᠴᠡ ᠰᠤᠷᠤᠯᠴᠠᠵᠤ ᠰᠠᠢᠨ ᠶᠠᠪᠤᠳᠠᠯ ᠬᠢᠬᠦ᠌ ᠨᠢ ᠲᠡᠭᠦᠨ᠎ᠦ ᠠᠵᠢᠯ᠎ᠡᠴᠡ᠎ᠪᠠᠨ ᠠᠮᠠᠷᠠᠭ᠍ᠰᠠᠨ ᠠᠮᠢᠳᠤᠷᠠᠯ᠎ᠤᠨ ᠶᠡᠬᠡᠩᠬᠢ ᠴᠠᠭ᠎ᠢ ᠨᠢ ᠡᠵᠡᠯᠡᠵᠡᠶ᠃ ᠲᠡᠷᠡ ᠨᠡᠷᠡᠨ ᠮᠠᠯᠠᠭᠠᠢ᠂ ᠠᠪᠴᠤ᠌ ᠶᠠᠪᠤᠬᠤ᠎ᠳᠤ ᠲᠦᠬᠦᠮ ᠲᠠᠢᠯᠪᠤᠷᠢᠯᠠᠬᠤ ᠲᠥᠬᠥᠭᠡᠷᠦᠮᠵᠢ᠂ ᠭᠤᠷᠪᠠᠨ ᠬᠦᠷᠳᠦᠲᠦ ᠲᠡᠷᠭᠡ᠂ ᠥᠪᠡᠷ᠎ᠢᠶᠡᠨ ᠳᠡᠯᠭᠡᠨ ᠦᠵᠡᠭᠦᠯᠬᠦ᠌ ᠬᠠᠪᠲᠠᠰᠤ ᠪᠡᠨ ᠠᠪᠴᠤ ᠴᠡᠴᠡᠷᠯᠢᠭ᠂ ᠠᠭᠤᠳᠠᠮ ᠲᠠᠯᠠᠪᠠᠢ᠂ ᠨᠡᠢᠭᠡᠮ ᠲᠣᠭᠣᠷᠢᠭ᠂ ᠨᠠᠰᠤᠲᠠᠨ᠎ᠢ ᠠᠰᠠᠷᠠᠬᠤ ᠬᠦᠷᠢᠶᠡᠯᠡᠩ᠂ ᠰᠤᠷᠭᠠᠭᠤᠯᠢ ᠵᠡᠷᠭᠡ ᠡᠯ᠎ᠡ ᠵᠦᠢᠯ᠎ᠦᠨ ᠲᠠᠯᠠᠪᠤᠷ ᠵᠢᠡᠷ ᠤᠴᠢᠳᠠᠭ ᠪᠤᠯᠪᠠ᠃ ᠨᠡᠩ ᠣᠯᠠᠨ ᠬᠥᠮᠦᠨ᠎ᠢ ᠯᠧᠢ ᠹᠧᠩ᠎ᠡᠴᠡ ᠰᠤᠷᠤᠯᠴᠠᠵᠤ ᠰᠠᠢᠨ ᠶᠠᠪᠤᠳᠠᠯ ᠬᠢᠬᠦ᠌ ᠡᠩᠨᠡᠭᠡᠨ᠎ᠳᠦ ᠣᠷᠣᠯᠴᠠᠭᠤᠯᠬᠤ᠎ᠶ᠋ᠢᠨ ᠲᠥᠯᠥᠭᠡ᠂ ᠲᠡᠷᠡ ᠥᠪᠡᠷ᠎ᠦᠨ ᠵᠠᠷᠤᠳᠠᠯ᠎ᠢᠶᠠᠷ᠎ᠢᠶᠠᠨ《ᠯᠧᠢ ᠹᠧᠩ᠎ᠦᠨ ᠡᠳᠦᠷ᠎ᠦᠨ ᠲᠡᠮᠳᠡᠭ᠌ᠯᠡᠯ》᠂《ᠪᠣᠯᠣᠳ ᠭᠡᠷᠬᠢᠨ ᠬᠠᠳᠠᠭᠠᠬᠳᠠᠬᠰᠡᠨ ᠪᠤᠢ》 ᠵᠡᠷᠭᠡ 400 ᠭᠠᠷᠤᠶ ᠨᠣᠮ ᠪᠢᠴᠢᠭ᠎ᠢ ᠬᠤᠳᠠᠯᠳᠤᠨ ᠠᠪᠴᠤ᠌᠂ ᠯᠧᠢ ᠹᠧᠩ᠎ᠦᠨ ᠲᠡᠷᠭᠡᠨ ᠠᠩᠭᠢ ᠪᠣᠯᠤᠨ ᠰᠤᠷᠭᠠᠭᠤᠯᠢ᠎ᠳᠤ ᠪᠠᠢᠭ᠎ᠠ ᠰᠤᠷᠤᠭ᠍ᠴᠢᠳ᠎ᠲᠤ ᠲᠠᠷᠬᠠᠭᠠᠨ ᠥᠭ᠌ᠴᠡᠶ᠂ ᠲᠡᠭᠦᠨ᠎ᠦ ᠭᠤᠷᠪᠠᠨ ᠬᠦᠷᠳᠦᠲᠦ ᠲᠡᠷᠭᠡ᠎ᠨᠢ ᠴᠤ᠌ ᠥᠷᠭᠡᠨ ᠣᠯᠠᠨ ᠲᠦᠮᠡᠨ᠎ᠳᠤ 《ᠯᠧᠢ ᠹᠧᠩ᠎ᠦᠨ ᠨᠡᠭᠦᠳᠡᠯ ᠤᠬᠠᠭᠤᠯᠬᠤ ᠥᠷᠲᠡᠭᠡ》 ᠬᠡᠮᠡᠭᠳᠡᠪᠡ᠃
ᠣᠯᠠᠨ ᠵᠢᠯ᠎ᠦᠨ ᠲᠤᠷᠰᠢ᠂ ᠯᠧᠶ ᠹᠧᠩ᠎ᠡᠴᠡ ᠰᠤᠷᠤᠯᠴᠠᠵᠤ᠂ ᠰᠠᠢᠨ ᠶᠠᠪᠤᠳᠠᠯ ᠬᠢᠬᠦ᠌ ᠶᠠᠪᠤᠴᠠ᠎ᠳᠤ᠂ ᠨᠢᠭᠡ ᠤᠴᠢᠷ ᠴᠧᠨ ᠸᠧᠨ ᠱᠢᠦᠸᠠᠢ᠎ᠳᠦ ᠮᠠᠰᠢ ᠭᠦᠨ ᠰᠠᠭᠤᠭ᠍ᠳᠠᠯ ᠥᠭ᠌ᠴᠡᠶ᠃ ᠨᠢᠭᠡ ᠤᠳᠠᠭ᠎ᠠ᠂ ᠲᠡᠷᠡ ᠨᠢᠭᠡᠨ ᠪᠠᠭ᠎ᠠ ᠰᠤᠷᠭᠠᠭᠤᠯᠢ᠎ᠳᠤ ᠤᠷᠢᠭ᠍ᠳᠠᠵᠤ ᠯᠸᠢ ᠹᠸᠩ ᠡᠴᠡ ᠰᠤᠷᠤᠯᠴᠠᠬᠤ ᠮᠡᠳᠡᠭᠦᠯᠦᠯᠲᠡ ᠬᠢᠭ᠌ᠰᠡᠨ᠎ᠳᠦ ᠴᠧᠨ ᠸᠸᠨ ᠱᠢᠤᠸᠠᠢ ᠲᠠᠢᠰᠠᠨ ᠳᠣᠣᠷᠠᠬᠢ ᠪᠢᠴᠢᠬᠠᠨ ᠰᠤᠷᠤᠭ᠍ᠴᠢ᠎ᠡᠴᠡ᠄《ᠯᠸᠢ ᠹᠸᠩ ᠭᠡᠭ᠌ᠴᠢ ᠬᠡᠨ ᠪᠣᠯᠬᠤ᠎ᠶ᠋ᠢ ᠲᠠ᠎ᠨᠠᠷ ᠮᠡᠳᠡᠨ᠎ᠡ ᠦᠦ? ᠮᠠᠤ ᠲᠡᠷᠢᠭᠦᠯᠡᠭ᠌ᠴᠢ᠎ᠶ᠋ᠢᠨ ᠯᠧᠢ ᠹᠧᠩ᠎ᠳᠦ ᠪᠢᠴᠢᠵᠦ᠍ ᠥᠭ᠌ᠭᠦᠭ᠌ᠰᠡᠨ ᠪᠢᠴᠢᠭᠡᠰᠦ᠎ᠶ᠋ᠢᠨ ᠪᠣᠳᠠᠲᠠᠶ ᠠᠭᠤᠯᠭ᠎ᠠ ᠨᠢ ᠶᠠᠭᠤ ᠪᠤᠢ?》 ᠭᠡᠵᠤ ᠠᠰᠠᠭᠤᠪᠠ᠃ ᠴᠧᠨ ᠸᠸᠨ ᠱᠢᠤᠸᠠᠢ ᠵᠢᠨ ᠰᠠᠨᠠᠭᠠᠨ᠎ᠳᠤ ᠦᠭᠡᠢ ᠤᠴᠢᠷ ᠭᠡᠪᠡᠯ᠂ ᠮᠠᠰᠢ ᠣᠯᠠᠨ ᠪᠠᠭ᠎ᠠ ᠰᠤᠷᠭᠠᠭᠤᠯᠢ᠎ᠶ᠋ᠢᠨ ᠰᠤᠷᠤᠭ᠍ᠴᠢᠳ ᠪᠦᠷ ᠬᠠᠷᠢᠭᠤᠯᠵᠤ ᠳᠡᠢᠯᠦᠭ᠌ᠰᠡᠨ ᠦᠭᠡᠶ᠃ ᠥᠷᠲᠡᠭ᠎ᠦᠨ ᠦᠵᠡᠯᠲᠡ᠎ᠶ᠋ᠢᠨ ᠵᠢᠯᠣᠭᠣᠳᠤᠯᠭ᠎ᠠ ᠵᠢ ᠡᠷᠬᠡᠪᠰᠢ ᠬᠡᠦᠬᠡᠳ᠎ᠡᠴᠡ ᠡᠬᠢᠯᠡᠨ ᠠᠳᠭᠤᠬᠤ ᠬᠡᠷᠡᠭ᠌ᠲᠡᠶ ᠭᠡᠳᠡᠭ᠎ᠢ ᠲᠡᠷᠡ ᠭᠦᠨᠵᠡᠭᠡᠶ ᠲᠠᠨᠢᠵᠤ ᠣᠯᠪᠠ᠃ ᠲᠠᠷᠠᠭ᠎ᠠ ᠨᠢ᠂ ᠲᠡᠷᠡ ᠶᠡᠬᠡ ᠬᠡᠮᠵᠢᠶᠡᠨ᠎ᠦ ᠤᠶᠤᠨ ᠴᠢᠳᠠᠯ᠎ᠢᠶᠠᠨ ᠰᠤᠷᠭᠠᠭᠤᠯᠢ᠎ᠳᠤ ᠲᠠᠯᠪᠢᠵᠤ᠂ 24 ᠰᠤᠷᠭᠠᠭᠤᠯᠢ᠎ᠶ᠋ᠢᠨ ᠬᠢᠴᠢᠶᠡᠯ᠎ᠦᠨ ᠭᠠᠳᠠᠨᠠᠬᠢ ᠬᠠᠪᠰᠤᠷᠤᠨ ᠵᠢᠯᠤᠭᠤᠳᠤᠭ᠍ᠴᠢ᠎ᠶ᠋ᠢᠨ ᠲᠤᠱᠢᠶᠠᠯ᠎ᠢ ᠡᠭᠦᠷᠭᠡᠯᠡᠵᠦ᠍᠂ ᠠᠷᠭ᠎ᠠ ᠪᠦᠬᠦᠨ᠎ᠢ ᠰᠦᠪᠡᠭ᠌ᠴᠢᠯᠡᠵᠦ᠍ ᠪᠠᠢᠭᠠᠳ ᠬᠡᠦᠬᠡᠳ᠎ᠦᠳ᠎ᠲᠦ ᠬᠤᠪᠢᠰᠭᠠᠯᠲᠤ ᠤᠯᠠᠮᠵᠢᠯᠠᠯ᠎ᠤᠨ ᠬᠥᠮᠦᠵᠢᠯ ᠬᠦᠷᠳᠡᠬᠦ᠌ ᠵᠠᠪᠱᠢᠶᠠᠨ ᠣᠯᠭᠣᠵᠠᠢ᠃
ᠯᠧᠶ ᠹᠧᠩ᠎ᠡᠴᠡ ᠰᠤᠷᠤᠯᠴᠠᠵᠤ ᠰᠠᠢᠨ ᠶᠠᠪᠤᠳᠠᠯ ᠬᠢᠭ᠌ᠰᠡᠨ ᠡᠨᠡ ᠬᠡᠳᠦᠨ ᠠᠷᠪᠠᠨ ᠵᠢᠯ᠎ᠳᠦ᠂ ᠴᠧᠨ ᠸᠧᠨ ᠰᠢᠤᠸᠠᠢ ᠵᠢᠨ ᠠᠵᠤ ᠠᠬᠤᠶ᠎ᠶ᠋ᠢᠨ ᠲᠠᠯ᠎ᠠ᠎ᠶ᠋ᠢᠨ ᠦᠷᠡᠭ᠌ᠳᠡᠯ᠎ᠢ ᠨᠠᠷᠢᠨ ᠪᠦᠷᠢᠳᠭᠡᠬᠦ᠌᠎ᠶ᠋ᠢᠨ ᠠᠷᠭ᠎ᠠ ᠦᠭᠡᠶ᠃ ᠲᠡᠷᠡ ᠶᠡᠷᠦ᠍ ᠨᠢ᠄ 《ᠯᠸᠢ ᠹᠸᠩ ᠡᠴᠡ ᠰᠤᠷᠤᠯᠴᠠᠬᠤ᠎ᠶ᠋ᠢ ᠵᠣᠭᠣᠰ ᠮᠥᠩᠭᠥ᠎ᠪᠡᠷ ᠬᠡᠮᠵᠢᠶᠡᠯᠡᠵᠦ᠍ ᠪᠣᠯᠬᠤ ᠦᠭᠡᠢ》 ᠭᠡᠵᠦ ᠬᠡᠯᠡᠳᠡᠭ᠃ ᠬᠦᠨᠳᠦ ᠱᠢᠲᠠᠭ᠍ᠳᠠᠭ᠍ᠰᠠᠨ ᠡᠪᠡᠳᠴᠢᠲᠡᠨ ᠤ᠋ ᠡᠮᠨᠡᠨ ᠵᠠᠰᠠᠬᠤ ᠵᠠᠷᠤᠳᠠᠯ ᠳᠠᠭᠤᠰᠤᠭ᠍ᠰᠠᠨ᠎ᠢ ᠮᠡᠳᠡᠭᠡᠳ᠂ ᠴᠧᠨ ᠸᠸᠨ ᠱᠢᠤᠸᠠᠢ ᠲᠡᠭᠦᠨ᠎ᠳᠦ 500 ᠲᠥᠭᠥᠷᠢᠭ ᠪᠣᠯᠤᠨ〈ᠯᠸᠢ ᠹᠸᠩ᠎ᠤᠨ ᠡᠳᠦᠷ᠎ᠦᠨ ᠲᠡᠮᠳᠡᠭ᠌ᠯᠡᠯ〉ᠬᠦᠷᠭᠡᠵᠦ᠍ ᠥᠭ᠌ᠭᠦᠭ᠌ᠰᠡᠨ᠎ᠢᠶᠡᠷ ᠪᠠᠷᠠᠬᠤ ᠦᠭᠡᠢ᠂ ᠪᠠᠰᠠ ᠭᠠᠵᠠᠷ ᠪᠣᠯᠭᠠᠨ᠎ᠡᠴᠡ 100 ᠭᠠᠷᠤᠢ ᠲᠦᠮᠡᠨ ᠲᠥᠭᠥᠷᠢᠭ᠎ᠦᠨ ᠪᠤᠶᠠᠨ᠎ᠤ ᠵᠣᠭᠣᠰ ᠴᠤᠭ᠍ᠯᠠᠭᠤᠯᠵᠤ᠂ ᠱᠢᠲᠠᠭ᠍ᠳᠠᠭ᠍ᠰᠠᠨ ᠬᠡᠦᠬᠡᠨ᠎ᠢ ᠬᠦᠴᠢᠷᠳᠡᠯ᠎ᠡᠴᠡ ᠨᠢ ᠠᠩᠭᠢᠵᠢᠷᠠᠭᠤᠯᠵᠤ᠂ ᠡᠪᠡᠳᠴᠢᠨ ᠡᠮᠭᠡᠭ᠎ᠢ ᠢᠯᠠᠨ ᠳᠠᠪᠠᠬᠤ ᠡᠷᠴᠢ ᠵᠣᠷᠢᠭ᠎ᠢ ᠨᠢ ᠳᠠᠬᠢᠨᠲᠠ ᠬᠥᠪᠴᠢᠯᠡᠪᠡ᠃ ᠴᠧᠨ ᠸᠸᠨ ᠱᠢᠤᠸᠠᠢ ᠥᠪᠡᠷ᠎ᠦᠨ ᠴᠢᠳᠠᠪᠤᠷᠢ᠎ᠪᠠᠷ᠎ᠢᠶᠠᠨ ᠨᠡᠢᠳᠡ 88 ᠡᠪᠡᠳᠴᠢᠲᠡᠨ᠂ 6 ᠶᠠᠳᠠᠭᠤ ᠬᠦᠴᠢᠷᠳᠡᠯᠲᠡᠢ ᠰᠤᠷᠤᠭ᠍ᠴᠢ᠂ 4 ᠥᠨᠥᠴᠢᠨ ᠪᠡᠯᠪᠡᠰᠦᠨ ᠨᠠᠰᠤᠲᠠᠨ᠎ᠢ ᠬᠠᠪᠰᠤᠷᠴᠤ᠌ ᠥᠩᠭᠡᠷᠡᠪᠡ᠃
ᠴᠧᠨ ᠸᠸᠨ ᠱᠢᠤᠸᠠᠢ ᠶᠠᠭᠠᠷᠠᠯᠲᠠᠶ ᠠᠵᠢᠯᠯᠠᠵᠤ ᠪᠠᠢᠬᠤ᠎ᠳ᠋ᠤ᠎ᠨᠢ᠂ ᠵᠠᠷᠢᠮ ᠬᠥᠮᠦᠨ ᠬᠠᠷᠢᠨ ᠲᠡᠭᠦᠨ᠎ᠢ《ᠪᠡᠶ᠎ᠡ᠎ᠪᠡᠨ ᠭᠠᠢᠬᠠᠭᠤᠯᠤᠭᠴᠢ》ᠭᠡᠳᠡᠭ᠂ ᠵᠠᠷᠢᠮ ᠨᠢ ᠰᠢᠭᠤᠳ ᠲᠡᠭᠦᠨ᠎ᠢ 《ᠴᠧᠨ ᠲᠡᠨᠡᠭ》 ᠭᠡᠵᠦ᠍ ᠳᠠᠭᠤᠳᠠᠳᠠᠭ᠃ ᠭᠡᠪᠡᠴᠦ᠍ ᠴᠧᠨ ᠸᠸᠨ ᠱᠢᠤᠸᠠᠢ᠂ ᠯᠧᠢ ᠹᠧᠩ᠎ᠡᠴᠡ ᠰᠤᠷᠤᠯᠴᠠᠬᠤ᠎ᠳᠤ ᠪᠢ 《 ᠲᠡᠨᠡᠭ ᠪᠤᠯᠬᠤ》 ᠡᠴᠡ ᠠᠶᠤᠬᠤ ᠦᠭᠡᠢ᠃ ᠶᠠᠭ ᠡᠢᠮᠦ᠍ 《ᠲᠡᠨᠡᠭ》᠎ᠨᠢ ᠲᠡᠭᠦᠨ᠎ᠢ ᠪᠤᠰᠤᠳ ᠬᠥᠮᠦᠨ ᠠᠶᠤᠯ᠎ᠳᠤ ᠤᠴᠠᠷᠠᠬᠤ ᠦᠶᠡᠰ ᠴᠡᠭᠡᠵᠢ ᠲᠦᠷᠢᠨ ᠬᠠᠪᠰᠤᠷᠤᠭᠤᠯᠤᠨ᠎ᠠ ; ᠶᠠᠭ ᠡᠢᠮᠦ᠍ 《ᠲᠡᠨᠡᠭ》᠎ᠨᠢ ᠲᠡᠭᠦᠨ᠎ᠢ ᠪᠦᠬᠦ᠌ ᠬᠦᠴᠦ᠍᠎ᠪᠡᠷ᠎ᠢᠶᠡᠨ ᠬᠠᠪᠰᠤᠷᠬᠤ ᠴᠢᠬᠤᠯᠠᠲᠠᠶ ᠬᠦᠴᠢᠷᠳᠡᠯᠲᠡᠶ ᠣᠯᠠᠨ ᠲᠦᠮᠡᠨ᠎ᠢ ᠬᠠᠪᠰᠤᠷᠤᠭᠤᠯᠤᠨ᠎ᠠ; ᠶᠠᠭ ᠡᠢᠮᠦ 《ᠲᠡᠨᠡᠭ》 ᠨᠢ ᠲᠡᠭᠦᠨ᠎ᠢ ᠬᠦᠨᠳᠦ ᠡᠪᠡᠳᠴᠢᠲᠡᠨ᠎ᠳᠦ ᠵᠣᠭᠣᠰ ᠴᠤᠭ᠍ᠯᠠᠭᠤᠯᠬᠤ ᠵᠠᠮ ᠳᠡᠭᠡᠷ᠎ᠡ ᠤᠳᠠᠭ᠎ᠠ ᠳᠠᠷᠠᠭᠠᠯᠠᠨ ᠭᠦᠶᠦᠯᠭᠡᠪᠡ ᠁ ᠬᠣᠢᠱᠢᠳᠠ᠎ᠶ᠋ᠢᠨ ᠲᠥᠯᠥᠪᠯᠡᠭᠡ᠎ᠵᠢ ᠨᠢ ᠠᠰᠠᠭᠤᠬᠤ᠎ᠳᠤ᠂ ᠴᠧᠨ ᠸᠸᠨ ᠱᠢᠤᠸᠠᠢ ᠥᠴᠦᠬᠡᠨ ᠴᠦ᠍ ᠲᠠᠲᠠᠭᠠᠯᠵᠠᠯ ᠦᠭᠡᠢ᠎ᠪᠡᠷ᠄ 《ᠪᠠᠰᠠ ᠬᠢᠨ᠎ᠡ᠂ ᠦᠷᠭᠦᠯᠵᠢᠯᠡᠨ ᠬᠢᠨ᠎ᠡ! ᠨᠡᠩ ᠣᠯᠠᠨ ᠬᠥᠮᠦᠰ᠎ᠢ ᠳᠠᠢᠴᠢᠯᠠᠨ ᠨᠡᠢᠭᠡᠮ᠎ᠳᠦ ᠣᠯᠠᠨ ᠶᠠᠩᠵᠤ᠎ᠶ᠋ᠢᠨ ᠰᠠᠢᠨ ᠳᠤᠷ᠎ᠠ᠎ᠶ᠋ᠢᠨ ᠦᠶ᠋ᠯᠡᠴᠢᠯᠡᠭᠡ ᠬᠠᠩᠭᠠᠵᠤ᠂ ᠯᠧᠶ ᠹᠧᠩ᠎ᠦᠨ ᠵᠣᠷᠢᠭ ᠰᠠᠨᠠᠭ᠎ᠠ᠎ᠶ᠋ᠢ ᠦᠶ᠎ᠡ᠎ᠶ᠋ᠢᠨ ᠦᠶ᠎ᠡ᠎ᠳᠦ ᠤᠯᠠᠮᠵᠢᠯᠠᠨᠡ》 ᠭᠡᠵᠦ ᠬᠡᠯᠡᠪᠡ᠃
- ᠨᠠᠢᠷᠠᠭᠤᠯᠤᠭ᠍ᠴᠢ᠄
- ᠨᠡᠪᠲᠡᠷᠡᠭᠦᠯᠦᠭᠴᠢ᠄
- ᠮᠡᠷᠭᠡᠵᠢᠯ᠄
ᠨᠠᠢᠷᠠᠭᠤᠯᠤᠭ᠍ᠴᠢ᠄ ᠤᠶᠤᠨᠲᠠᠨ᠎ᠠ
ᠣᠷᠴᠢᠭᠤᠯᠤᠭ᠍ᠴᠢ᠄




ᠰᠢᠭᠦᠮᠵᠢ ᠠᠯᠠᠭ᠎ᠠ ᠂ ᠬᠤᠷᠳᠤᠨ ᠨᠢᠭᠡᠳᠦᠭᠡᠷ ᠵᠤᠷᠪᠤᠰ ᠰᠢᠭᠦᠮᠵᠢ ᠨᠡᠢ᠌ᠲᠡᠯᠡᠭᠡᠷᠡᠢ᠃