ᠭᠣᠣᠯ ᠰᠡᠳᠦᠪᠲᠦ ᠮᠡᠳᠡᠭᠡᠯᠡᠯ > ᠮᠠᠨ᠎ᠤ᠋ ᠳᠡᠷᠭᠡᠳᠡᠬᠢ ᠯᠸᠢ ᠹᠸᠩ

2022-03-23 10:19:01

ᠵᠣᠬᠢᠶᠠᠭ᠍ᠴᠢ᠄ ᠨᠠᠪᠴᠢ ᠣᠩᠱᠢᠭ᠍ᠰᠠᠨ ᠣᠳᠠᠭ᠎ᠠ᠄ 3

︱ᠪᠥᠬᠥ ᠤᠯᠤᠰ᠎ᠤᠨ ᠠᠵᠢᠯ᠎ᠤᠨ ᠪᠠᠢᠷᠢ᠎ᠲᠡᠭᠡᠷ᠎ᠡ ᠪᠡᠨ ᠯᠧᠢ ᠹᠧᠩ ᠡᠴᠡ ᠰᠤᠷᠤᠯᠴᠠᠭᠰᠠᠨ ᠪᠢᠶᠤᠤᠪᠢᠩ ᠵᠢᠶᠠ ᠰᠢ᠎ᠶᠢ ᠲᠡᠮᠳᠡᠭᠯᠡᠪᠡ

《ᠲᠦᠷᠭᠡᠨ ᠬᠦᠷᠭᠡᠭᠴᠢ ᠵᠠᠯᠠᠭᠤ》ᠭᠡᠵᠦ ᠬᠥᠮᠥᠰ᠎ᠦᠨ ᠪᠣᠶ ᠪᠦᠬᠦᠢ ᠲᠦᠷᠭᠡᠨ ᠬᠦᠷᠬᠡᠭᠴᠢ ᠵᠢ ᠳᠠᠭᠤᠳᠠᠳᠠᠭ ᠳᠣᠲᠣᠨᠣ᠌ ᠳᠠᠭᠤᠳᠠᠯᠭ᠎ᠠ ᠪᠢᠯᠠ᠃ ᠲᠠᠳᠠ ᠡᠳᠦᠷ ᠪᠦᠷᠢ ᠦᠷᠬᠡᠨ ᠵᠡᠭᠡᠯᠢ ᠨᠠᠷᠢᠨ ᠭᠤᠳᠤᠮᠵᠢ᠎ᠪᠠᠷ ᠰᠦᠯᠵᠢᠯᠳᠦᠨ ᠂ ᠲᠦᠭ ᠲᠦᠮᠡᠨ ᠠᠢᠯ ᠡᠷᠦᠬᠡ᠎ᠳᠦ ᠡᠳ᠋ ᠪᠠᠷᠠᠭ᠎ᠠ ᠬᠦᠷᠬᠡᠬᠦ ᠵᠢᠨ ᠲᠠᠭᠠᠤ ᠬᠠᠢᠷ᠎ᠠ ᠬᠠᠯᠠᠮᠵᠢ ᠂ ᠬᠠᠯᠠᠭᠤᠨ ᠳᠤᠭᠳᠤᠯᠤᠯ ᠎ᠢ ᠬᠦᠷᠭᠡᠨ᠎ᠡ ᠁ ᠣᠢᠷ᠎ᠠ᠎ᠶᠢᠨ ᠬᠣᠶᠠᠷ ᠵᠢᠯ᠎ᠳᠦ ᠬᠥᠬᠡᠬᠣᠲᠠ᠎ᠶᠢᠨ 《ᠲᠦᠷᠭᠡᠨ ᠬᠦᠷᠭᠡᠭᠴᠢ ᠵᠠᠯᠠᠭᠤ》 ᠵᠢᠶᠠ ᠰᠢ ᠤᠯᠠᠨ᠎ᠤ ᠪᠠᠨ ᠲᠤᠮᠳᠠ 《 ᠤᠳᠤ 》 ᠨᠢ ᠪᠤᠯᠵᠤ ᠬᠢᠯᠠᠯᠵᠠᠯ᠎ᠠ᠃ ᠲᠡᠷᠡ 2019 ᠣᠨ ᠪᠠ 2021 ᠣᠨ᠎ᠳᠤ ᠳᠥᠷᠪᠡᠳᠦᠭᠡᠷ ᠪᠦᠯᠦᠭ᠎ᠦᠨ ᠪᠥᠬᠥ ᠣᠷᠣᠨ᠎ᠤ ᠠᠵᠢᠯ᠎ᠤᠨ ᠪᠠᠢᠷᠢ᠎ᠲᠡᠭᠡᠷ᠎ᠡ ᠪᠡᠨ ᠯᠧᠢ ᠹᠧᠩ ᠠ᠋ᠴᠠ ᠰᠤᠷᠤᠯᠴᠠᠭᠰᠠᠨ ᠪᠢᠶᠤᠤᠪᠢᠩ ᠂ ᠪᠥᠬᠥ ᠤᠯᠤᠰ᠎ᠤᠨ ᠠᠵᠢᠯ᠎ᠤᠨ ᠪᠠᠢᠷᠢ᠎ᠲᠡᠭᠡᠷ᠎ᠡ ᠪᠡᠨ ᠯᠧᠢ ᠹᠧᠩ ᠠ᠋ᠴᠠ ᠰᠤᠷᠤᠯᠴᠠᠭᠰᠠᠨ ᠪᠢᠶᠤᠤᠪᠢᠩ᠎ᠤᠨ ᠢᠷᠠᠭᠤ ᠠᠯᠳᠠᠷ᠎ᠢ᠋ ᠲᠣᠰ ᠲᠣᠰ ᠬᠦᠷᠳᠡᠭᠰᠡᠨ ᠪᠢᠯᠡ᠃ ᠡᠨᠡ ᠬᠦ᠌ ᠢᠷᠠᠭᠤ ᠠᠯᠳᠠᠷ᠎ᠤᠨ ᠲᠤᠬᠠᠢ ᠵᠢᠶᠠ ᠰᠢ ᠄ 《 ᠪᠢ ᠨᠡᠬᠡᠷᠡᠨ ᠡᠩ᠎ᠦᠨ ᠬᠥᠮᠥᠨ᠂ ᠵᠥᠪᠬᠡᠨ ᠥᠪᠡᠷ᠎ᠦᠨ ᠬᠢᠪᠡᠰᠦ ᠵᠣᠬᠢᠬᠤ ᠠᠵᠢᠯ᠎ᠢᠶᠠᠨ ᠬᠢᠭᠰᠡᠨ ᠲᠡᠳᠦᠢ》ᠭᠡᠵᠦ ᠳᠠᠷᠤᠤᠬᠠᠨ ᠶᠠᠷᠢᠨ᠎ᠠ᠃

1989 ᠣᠨ᠎ᠳᠤ ᠲᠦᠷᠦᠭᠰᠡᠨ ᠵᠢᠶᠠ ᠰᠢ ᠶᠡᠬᠡ ᠰᠤᠷᠭᠠᠭᠤᠯᠢ᠎ᠡᠴᠨ ᠲᠡᠭᠦᠰᠦᠭᠰᠡᠨ᠎ᠦ ᠲᠠᠷᠠᠭ᠎ᠠ᠂ ᠲᠦᠷᠦᠭᠰᠡᠨ ᠨᠤᠳᠤᠬ ᠤᠯᠠᠭᠠᠨᠴᠠᠪ ᠡᠴᠡ᠎ᠪᠠᠨ ᠬᠥᠬᠡᠬᠣᠲᠠ᠎ᠳᠤ ᠢᠷᠡᠵᠤ᠂ ᠮᠠᠰᠢᠨ ᠲᠡᠷᠭᠡ ᠰᠡᠯᠪᠢᠨ ᠵᠠᠰᠠᠬᠤ ᠠᠵᠢᠯᠴᠢᠨ ᠪᠣᠯᠵᠠᠢ᠃ 5 ᠵᠢᠯ ᠠᠵᠢᠯᠯᠠᠭᠰᠠᠨ᠎ᠤ ᠳᠠᠷᠠᠭ᠎ᠠ᠂ 2018 ᠣᠨ᠎ᠳᠤ ᠲᠡᠷᠡ ᠥᠪᠥᠷ ᠮᠣᠩᠭᠣᠯ᠎ᠤᠨ ᠱᠦᠨ ᠹᠧᠩ ᠲᠦᠷᠬᠡᠨ ᠲᠡᠭᠡᠭᠡᠪᠤᠷᠢ ᠵᠢᠨ ᠬᠢᠵᠠᠭᠠᠷᠲᠤ ᠺᠣᠮᠫᠠᠨᠢ᠎ᠶᠢᠨ ᠵᠢᠩ᠎ᠲᠠᠢ ᠡᠵᠡᠩᠨᠡᠯᠲᠡ᠎ᠶᠢᠨ ᠴᠡᠭ᠎ᠲᠦ ᠠᠵᠢᠯ ᠰᠢᠯᠵᠢᠵᠦ᠂ ᠲᠦᠷᠭᠡᠨ ᠬᠦᠷᠭᠡᠭᠴᠢ ᠵᠢᠨ ᠠᠵᠢᠯ ᠵᠢᠡᠨ ᠡᠬᠢᠯᠡᠬᠦᠯᠵᠡᠢ᠃

《ᠪᠢ ᠪᠤᠰᠤᠳ᠎ᠲᠠᠢ ᠵᠤᠭᠤᠭ ᠲᠡᠯᠭᠡᠬᠦ ᠳᠤᠷᠠᠲᠠᠢ ᠂ ᠶᠠᠭᠠᠷᠠᠯᠲᠠᠢ ᠠᠮᠢᠳᠤᠷᠠᠯ᠎ᠳᠤ ᠳᠤᠷᠠᠲᠠᠢ᠂ ᠲᠦᠷᠭᠡᠨ ᠬᠦᠷᠭᠡᠯᠲᠡ ᠶ᠋ᠢᠨ ᠠᠵᠢᠯ ᠨᠠᠳᠠ ᠳ᠋ᠤ ᠶᠡᠬᠡ ᠲᠣᠬᠢᠷᠠᠨ᠎ᠠ》᠃ 3 ᠰᠠᠷ᠎ᠠ ᠶ᠋ᠢᠨ 7 ᠎ᠤ᠋ ᠡᠳᠦᠷ ᠨᠢᠭᠡ ᠪᠦᠯᠦᠭ ᠲᠦᠷᠭᠡᠨ ᠬᠦᠷᠭᠡᠯᠳᠡ ᠪᠡᠨ ᠬᠦᠷᠭᠡᠵᠦ ᠲᠠᠭᠤᠰᠬᠠᠭᠠᠳ ᠦᠢᠯᠡᠴᠢᠯᠡᠭᠡᠨ᠎ᠦ ᠴᠡᠭ ᠳᠡᠬᠡᠨ ᠰᠠᠶᠢᠬᠠᠨ ᠪᠤᠴᠠᠵᠤ ᠢᠷᠡᠭᠰᠡᠨ ᠵᠢᠶᠠ ᠰᠢ ᠬᠦᠰᠡᠷ ᠳᠦᠭᠦᠷᠡᠩ ᠪᠠᠷᠠᠭ᠎ᠠ᠎ᠵᠢ ᠡᠮᠬᠢᠯᠡᠬᠦ ᠶ᠋ᠢᠨ ᠳᠠᠭᠠᠤ ᠰᠤᠷᠪᠤᠯᠵᠢᠯᠠᠭ᠍ᠴᠢ᠎ᠳᠤ ᠡᠢᠨ ᠬᠦ᠌ ᠶᠠᠷᠢᠯ᠎ᠠ᠃ ᠦᠨᠡᠨ᠎ᠳᠡᠭᠡᠨ ᠶᠠᠮᠠᠷ ᠨᠢᠬᠡᠨ ᠠᠵᠢᠯ ᠎ᠢ ᠰᠠᠢᠳᠤᠷ ᠬᠢᠬᠦ ᠳ᠋ᠤ ᠪᠦᠷ ᠬᠢᠯᠪᠠᠷ ᠪᠤᠰᠤ ᠶᠤᠮ᠃ ᠰᠢᠷᠭᠠᠭᠤ ᠬᠢᠴᠢᠶᠡᠩᠭᠦᠢ ᠠᠵᠢᠯᠯᠠᠬᠤ ᠬᠡᠷᠡᠭᠲᠡᠢ᠃ ᠠᠩᠬ᠎ᠠ ᠲᠦᠷᠭᠡᠨ ᠬᠦᠷᠭᠡᠯᠳᠡ ᠵᠢᠨ ᠠᠵᠢᠯ᠎ᠳᠤ ᠣᠷᠣᠬᠤ ᠦᠶ᠎ᠡ᠎ᠳ᠋ᠤ ᠵᠢᠶᠠ ᠰᠢ ᠴᠦᠬᠡᠨ ᠪᠤᠰᠤ ᠢᠨᠢᠶᠠᠳᠤᠮ ᠱᠣᠭ ᠭᠠᠷᠭᠠᠵᠤ ᠥᠩᠭᠡᠷᠡᠵᠡᠢ ᠃ ᠳᠤᠷᠰᠢᠯᠭ᠎ᠠ ᠳᠠᠢ ᠪᠠᠭ᠍ᠰᠢ ᠵᠢ ᠳᠠᠭᠠᠵᠤ ᠨᠢᠭᠡ ᠭᠠᠷᠠᠭ ᠠᠵᠢᠯᠯᠠᠭᠰᠠᠨ᠎ᠤ ᠳᠠᠷᠠᠭ᠎ᠠ ᠳᠡᠷᠡ ᠰᠠᠶᠢ ᠪᠡᠶ᠎ᠠ ᠪᠡᠨ ᠲᠠᠭᠠᠭᠠᠵᠤ ᠬᠦᠷᠭᠡᠬᠦ ᠪᠤᠯᠤᠭᠰᠠᠨ ᠪᠠᠢᠪᠠ᠃ ᠭᠡᠪᠡᠴᠦ ᠂ ᠲᠤᠬᠠᠢᠯᠠᠭᠰᠠᠨ ᠠᠵᠢᠯ ᠳ᠋ᠠᠭᠠᠨ ᠠᠷᠠᠢ ᠭᠠᠷᠰᠢᠵᠤ ᠴᠢᠳᠠᠭ᠎ᠠ ᠦᠭᠡᠢ ᠡᠴᠡ POS ᠮᠠᠰᠢᠨ᠎ᠢ ᠬᠡᠷᠡᠭᠯᠡᠵᠦ ᠴᠢᠳᠠᠬᠤ ᠦᠭᠡᠢ ᠮᠡᠳᠤ ᠵᠢᠨ ᠡᠢᠮᠦ ᠲᠡᠢᠮᠦ ᠬᠦᠴᠢᠷᠳᠡᠯ ᠳ᠋ᠤ ᠳᠤᠯᠭᠠᠷᠠᠵᠤ᠂ ᠲᠦᠷᠦᠭᠦᠦ ᠡᠳᠦᠷ ᠳᠡᠬᠡᠨ ᠵᠦᠪᠬᠡᠨ ᠲᠤᠭᠠᠲᠡᠢ ᠬᠡᠳᠦᠭᠡᠨ ᠲᠦᠷᠭᠡᠨ ᠬᠦᠷᠭᠡᠯᠳᠡ ᠵᠢᠨ ᠪᠠᠷᠠᠭ᠎ᠠ ᠲᠤᠰᠤᠭᠰᠠᠨ ᠪᠠᠢᠪᠠ᠃ ᠠᠯᠢ ᠲᠦᠷᠭᠡᠨ᠎ᠬᠢᠷᠢ ᠲᠡᠩᠴᠡᠭᠰᠡᠨ ᠲᠦᠷᠭᠡᠨ ᠬᠦᠷᠭᠡᠭᠴᠢ ᠪᠣᠯᠬᠤ᠎ᠶᠢᠨ ᠲᠥᠯᠥᠭᠡ ᠂ ᠵᠢᠶᠠ ᠰᠢ ᠡᠳᠦᠷ ᠪᠦᠷᠢ ᠠᠵᠢᠯᠯᠠᠬᠤ ᠵᠢᠨ ᠲᠠᠭᠠᠤ ᠰᠤᠷᠤᠯᠴᠠᠵᠤ᠂ ᠮᠡᠳᠡᠬᠦ ᠦᠭᠡᠢ ᠴᠢᠳᠠᠬᠤ ᠦᠭᠡᠢ ᠵᠦᠢᠯ ᠵᠢᠡᠨ ᠳᠠᠷᠤᠤ ᠬᠢᠴᠢᠶᠡᠩᠭᠦᠢ᠎ᠪᠡᠷ ᠬᠠᠮᠲᠤ ᠠᠵᠢᠯᠯᠠᠭ᠍ᠴᠢ᠎ᠠᠴᠠ᠎ᠪᠠᠨ ᠠᠰᠠᠭᠤᠵᠤ᠂ ᠣᠷᠣᠢ ᠭᠡᠷ᠎ᠲᠡᠬᠡᠨ ᠬᠠᠷᠢᠪᠠᠯ ᠡᠳᠡᠭᠡᠷ ᠵᠢᠡᠨ ᠲᠡᠮᠳᠡᠭᠯᠡᠯ᠎ᠤᠨ ᠲᠡᠪᠳᠡᠷ ᠲᠡᠭᠡᠨ ᠨᠠᠷᠢᠯᠢᠬ ᠰᠠᠢᠬᠠᠨ ᠳᠡᠮᠳᠡᠭᠯᠡᠵᠦ ᠲᠠᠯᠪᠢᠳᠠᠭ ᠪᠠᠢᠯ᠎ᠠ᠃ ᠨᠢᠭᠡ ᠵᠢᠯ᠎ᠦᠨ ᠳᠠᠪᠲᠠᠯᠲᠠ ᠪᠤᠯᠪᠠᠰᠤᠷᠠᠯ ᠵᠢᠡᠷ ᠲᠠᠮᠵᠢᠨ ᠵᠢᠶᠠ ᠰᠢ ᠲᠤᠬᠠᠢᠯᠠᠭᠰᠠᠨ ᠠᠵᠢᠯ ᠳ᠋ᠠᠭᠠᠨ ᠴᠠᠭᠠᠷᠠᠭᠰᠠᠨ ᠲᠦᠷᠭᠡᠨ ᠬᠦᠷᠭᠡᠭᠴᠢ ᠪᠤᠯᠤᠯ᠎ᠠ᠃ ᠣᠳᠣ᠌ ᠬᠠᠮᠤᠭ᠎ᠤᠨ ᠶᠠᠭᠠᠷᠠᠤ ᠦᠶ᠎ᠡ᠎ᠳ᠋ᠡᠬᠡᠨ ᠲᠡᠷᠡ ᠡᠳᠦᠷ᠎ᠲᠦ 130 ᠭᠠᠷᠤᠢ ᠲᠦᠷᠭᠡᠨ ᠬᠦᠷᠭᠡᠯᠳᠡ ᠵᠢᠨ ᠪᠠᠷᠠᠭ᠎ᠠ ᠵᠢ ᠲᠤᠰᠴᠤ ᠬᠦᠷᠭᠡᠵᠦ ᠴᠢᠳᠠᠬᠤ ᠪᠣᠯᠵᠠᠢ ᠃

《ᠶᠠᠮᠠᠷ ᠨᠢᠬᠡᠨ ᠠᠵᠢᠯ᠎ᠢ ᠬᠢᠪᠡᠯ ᠳᠡᠷᠡ ᠠᠵᠢᠯ ᠳ᠋ᠤ ᠬᠠᠢᠷᠠᠳᠠᠢ ᠪᠤᠯᠤᠨ᠎ᠠ》 ᠬᠡᠭᠴᠢ ᠪᠡᠷ ᠂ ᠵᠢᠶᠠ ᠰᠢ ᠠᠵᠢᠯ᠎ᠲᠠᠢ ᠯᠠ ᠪᠤᠯ ᠰᠠᠯᠬᠢ ᠪᠣᠷᠣᠭᠠᠨ᠎ᠢ ᠬᠠᠢᠬᠤᠷᠤᠯ ᠦᠬᠡᠢ ᠳᠠᠭᠤᠳᠠᠮᠠᠭᠴᠠ ᠪᠠᠨ ᠬᠦᠷᠦᠬᠡᠳ ᠤᠴᠢᠳᠠᠭ᠃ ᠲᠦᠷᠭᠡᠨ ᠬᠦᠷᠭᠡᠬᠦ ᠠᠵᠢᠯ ᠲᠥᠷᠥᠯ ᠨᠢ ᠢᠯᠡᠭᠡᠬᠦ ᠪᠣᠭᠣᠳᠠᠯ᠎ᠤᠨ ᠪᠦᠷᠢᠨ ᠪᠦᠲᠦᠨ ᠠᠮᠤᠷ ᠲᠦᠪᠰᠢᠨ᠎ᠢ ᠪᠠᠲᠤᠯᠠᠬᠤ ᠮᠥᠷᠲᠡᠭᠡᠨ ᠪᠣᠭᠣᠳᠠᠯᠯᠠᠬᠤ ᠮᠠᠲᠧᠷᠢᠶᠠᠯ᠎ᠢ ᠴᠤ᠌ ᠠᠷᠪᠢᠯᠠᠬᠤ ᠬᠡᠷᠡᠭᠲᠡᠢ ᠶᠤᠮ᠃ ᠡᠩ᠎ᠦᠨ ᠦᠶ᠎ᠡ᠎ᠳᠦ ᠵᠢᠶᠠ ᠰᠢ ᠬᠠᠮᠲᠤ ᠠᠵᠢᠯᠯᠠᠭᠰᠠᠳ᠎ᠲᠠᠢ᠎ᠪᠠᠨ ᠪᠣᠬᠢᠷᠳᠤᠯ ᠦᠭᠡᠢ᠂ ᠤᠷᠴᠢᠨ ᠲᠤᠭᠤᠷᠢᠨ᠎ᠢ ᠬᠠᠮᠠᠭᠠᠯᠠᠬᠤ ᠪᠣᠭᠣᠳᠠᠯᠯᠠᠬᠤ ᠤᠷ᠎ᠠ ᠮᠡᠷᠭᠡᠵᠢᠯ᠎ᠢ ᠰᠤᠳᠤᠯᠵᠤ ᠂ ᠲᠦᠷᠭᠡᠨ ᠬᠦᠷᠭᠡᠬᠦ ᠵᠦᠢᠯ᠎ᠢ ᠬᠡᠲᠦᠷᠡᠲᠡᠯ᠎ᠡ ᠪᠣᠭᠣᠳᠠᠯᠯᠠᠬᠤ᠎ᠠᠴᠠ ᠭᠢᠴᠢᠶᠡᠳᠡᠭ᠃ ᠲᠡᠷᠡᠴᠢᠯᠡᠨ ᠬᠡᠷᠡᠭᠯᠡᠭᠴᠢ ᠶ᠋ᠢᠨ ᠠᠪᠬᠤ ᠦᠭᠡᠢ ᠬᠠᠶᠠᠵᠤ ᠭᠡᠭᠡᠬᠦ ᠭᠠᠳᠠᠷ ᠪᠣᠭᠣᠳᠠᠯ ᠎ᠢ ᠬᠤᠷᠢᠶᠠᠨ ᠠᠪᠴᠢᠷᠠᠳᠠᠭ ᠬᠡᠵᠦ ᠳᠡᠷᠡ ᠶᠠᠷᠢᠨ᠎ᠠ᠃ ᠵᠢᠶᠠ ᠰᠢ ᠨᠢᠬᠡᠨᠳᠡ ᠺᠣᠮᠫᠠᠨᠢ ᠶ᠋ᠢᠨ ᠵᠢᠡᠨ 《 ᠪᠣᠬᠢᠷᠳᠤᠯ ᠦᠭᠡᠢ ᠪᠤᠭᠤᠳᠠᠯᠯᠠᠬᠤ ᠴᠢᠳᠠᠪᠤᠷᠢᠲᠠᠨ》 ᠪᠣᠯᠤᠭᠰᠠᠨ ᠠᠵᠢ᠃

ᠵᠢᠶᠠ ᠰᠢ ᠬᠠᠮᠤᠭ᠎ᠤᠨ ᠡᠷᠲᠡ ᠵᠠᠭᠤᠴᠢᠯᠠᠭᠤᠷ᠎ᠤᠨ ᠬᠢᠨ᠎ᠦ ᠠᠩᠬᠠᠷᠤᠯ᠎ᠢ ᠲᠠᠲᠠᠭᠰᠠᠨ ᠨᠢ ᠪᠠᠩᠬᠢ᠎ᠶᠢᠨ ᠺᠠᠷᠲ᠎ᠲᠤᠨᠢ 20 ᠲᠦᠮᠡᠨ ᠲᠥᠭᠥᠷᠢᠭ ᠨᠡᠮᠡᠭᠳᠡᠭᠰᠡᠨ᠎ᠡᠴᠡ ᠪᠤᠯᠵᠠᠢ᠃ 2018 ᠣᠨ᠎ᠤ ᠤᠯᠤᠰ᠎ᠤᠨ ᠪᠠᠶᠠᠷ᠎ᠤᠨ ᠠᠮᠠᠷᠠᠯᠳᠠ ᠵᠢᠨ ᠬᠤᠭᠤᠴᠠᠭᠠᠨ᠎ᠳᠤ ᠲᠦᠷᠭᠡᠨ ᠬᠦᠷᠭᠡᠯᠳᠡ ᠬᠦᠷᠭᠡᠵᠦ ᠪᠠᠢᠭᠰᠠᠨ ᠵᠢᠶᠠ ᠰᠢ ᠨᠢᠭᠡᠨ ᠲᠠᠨᠢᠯ ᠪᠤᠰᠤ ᠬᠥᠮᠥᠨ᠎ᠦ ᠤᠲᠠᠰᠤ᠎ᠶᠢ ᠲᠤᠰᠴᠠᠢ᠃ ᠨᠦᠬᠦᠬᠡᠳᠡᠬᠢ ᠨᠢ ᠲᠡᠬᠦᠨ᠎ᠤ ᠺᠠᠷᠲ ᠲᠸ᠋ 20 ᠲᠦᠮᠡᠨ ᠲᠥᠭᠥᠷᠢᠭ ᠵᠢᠡᠨ ᠪᠤᠷᠤᠭᠤ ᠤᠷᠤᠭᠤᠯᠴᠢᠬᠠᠵᠦ ᠂ ᠡᠭᠡᠬᠦᠯᠦᠨ ᠪᠤᠴᠠᠭᠠᠬᠤ ᠵᠢ ᠬᠦᠰᠡᠵᠦ ᠪᠠᠢᠨ᠎ᠡ ᠬᠡᠪᠡ᠃ ᠵᠢᠶᠠ ᠰᠢ ᠶᠠᠭᠤᠨ᠎ᠤ ᠡᠮᠦᠨ᠎ᠡ 《ᠡᠨᠡ ᠪᠣᠯ ᠯᠠᠪᠲᠠᠢ ᠮᠡᠬᠡᠯᠡᠯ 》 ᠬᠡᠵᠦ ᠪᠤᠳᠤᠵᠤ ᠠᠮᠵᠢᠯ᠎ᠠ᠃ ᠭᠡᠪᠡᠴᠦ ᠨᠥᠭᠥᠭᠡᠳᠡᠬᠢ ᠨᠢ ᠵᠠᠯᠭᠠᠭ᠎ᠠ ᠪᠡᠷ ᠤᠲᠠᠰᠤᠳᠠᠬᠤ ᠪᠡᠷ ᠵᠢᠶᠠ ᠰᠢ ᠰᠡᠵᠢᠭᠯᠡᠵᠦ ᠪᠠᠢᠬᠰᠠᠨ ᠴᠤ᠌ ᠪᠠᠩᠬᠢ᠎ᠳᠤ ᠬᠦᠷᠴᠦ ᠠᠰᠠᠭᠤᠨ ᠯᠠᠪᠯᠠᠭᠰᠠᠨ ᠴᠢᠨᠢ ᠨᠡᠭᠡᠷᠡᠨ ᠺᠠᠷᠲ ᠲᠤᠨᠢ 20 ᠲᠦᠮᠡᠨ ᠲᠥᠭᠥᠷᠢᠭ ᠤᠷᠤᠵᠦ ᠢᠷᠡᠭᠰᠡᠨ ᠪᠠᠢᠯ᠎ᠠ᠃ ᠳᠡᠬᠡᠬᠡᠳ ᠳᠡᠷᠡ ᠲᠣᠮᠢᠯᠠᠭᠰᠠᠨ ᠰᠠᠯᠪᠤᠷᠢ᠎ᠶᠢᠨ ᠴᠠᠭᠳᠠᠭ᠎ᠠ᠎ᠶᠢᠨ ᠭᠡᠷᠡᠴᠢᠯᠡᠭᠡ᠎ᠪᠡᠷ᠂ ᠨᠦᠬᠦᠬᠡ ᠶᠠᠩ ᠠᠪᠤᠭᠠᠢ ᠳ᠋ᠤ 20 ᠲᠦᠮᠡᠨ ᠲᠥᠭᠥᠷᠢᠭ᠎ᠢ ᠨᠢ ᠪᠤᠴᠠᠭᠠᠵᠤ ᠦᠭᠪᠡ᠃ ᠶᠠᠩ ᠠᠪᠤᠭᠠᠢ ᠲᠡᠷᠡ ᠳᠠᠷᠤᠢ 2 ᠲᠦᠮᠡᠨ ᠲᠥᠭᠥᠷᠢᠭ ᠭᠠᠷᠭᠠᠵᠤ ᠳᠠᠯᠠᠷᠬᠠᠬᠤ ᠳ᠋ᠤ ᠳᠡᠷᠡ ᠭᠥᠯᠢᠶᠡᠵᠦ ᠠᠪᠤᠭᠰᠠᠨ ᠦᠭᠡᠢ᠃《ᠪᠤᠰᠤᠳ ᠢ᠋ ᠬᠠᠪᠰᠤᠷᠬᠤ᠎ᠪᠠᠷ ᠵᠢᠷᠭᠠᠯ᠎ᠢᠶᠠᠨ ᠪᠣᠯᠭᠠᠳᠠᠭ ᠯᠧᠢ ᠹᠧᠩ᠎ᠤᠨ ᠵᠣᠷᠢᠭ᠋ ᠰᠠᠨᠠᠭ᠎ᠠ ᠨᠠᠮᠢ᠋ᠢ ᠬᠠᠷᠠᠬᠠᠨ ᠪᠠᠭ᠎ᠠ ᠠ᠋ᠴᠠ ᠵᠣᠷᠢᠭ᠍ᠵᠢᠭᠤᠯᠤᠭᠰᠠᠭᠠᠷ ᠢᠷᠡᠭᠰᠡᠨ ᠶᠤᠮ᠂ ᠪᠤᠰᠤᠳ᠎ᠢ ᠬᠠᠪᠰᠤᠷᠬᠤ ᠳ᠋ᠤ ᠦᠪᠡᠷ ᠵᠢᠡᠨ ᠴᠤ᠌ ᠶᠡᠬᠡ ᠵᠢᠷᠭᠠᠯ ᠳᠠᠢ ᠰᠠᠨᠠᠭᠳᠠᠭ 》 ᠬᠡᠵᠦ ᠵᠢᠶᠠ ᠰᠢ ᠬᠡᠯᠡᠯ᠎ᠡ᠃

ᠵᠢᠶᠠ ᠰᠢ ᠪᠣᠯ ᠨᠡᠭᠡᠷᠡᠨ ᠲᠤᠰᠠᠷᠬᠠᠭ ᠵᠠᠯᠠᠭᠤ ᠶᠤᠮ᠃ ᠬᠡᠳᠦᠢᠪᠡᠷ ᠣᠷᠣᠯᠭ᠎ᠠ ᠨᠢ ᠥᠨᠳᠥᠷ ᠪᠢᠰᠢ ᠪᠠᠢᠭᠰᠠᠨ ᠴᠤ᠌᠂ ᠭᠡᠨᠡᠳᠲᠡ ᠶ᠋ᠢᠨ ᠡᠪᠡᠳᠴᠢᠨ᠎ᠡᠴᠡ ᠪᠣᠯᠵᠤ ᠭᠡᠷ᠎ᠤᠨ ᠠᠮᠢᠳᠤᠷᠠᠯ ᠨᠢ ᠬᠦᠴᠢᠷᠳᠡᠯᠲᠠᠢ ᠪᠣᠯᠤᠭᠰᠠᠨ ᠬᠠᠮᠲᠤ ᠠᠵᠢᠯᠯᠠᠭ᠍ᠴᠢ᠎ᠪᠠᠨ ᠲᠡᠷᠡ ᠢᠳᠡᠪᠬᠢᠲᠡᠢ᠎ᠪᠡᠷ ᠬᠠᠪᠰᠤᠷᠤᠨ ᠲᠤᠰᠠᠯᠠᠳᠠᠭ; ᠵᠢᠷᠬᠢᠶ᠎ᠠ ᠵᠢᠨ ᠨᠠᠢᠵᠠ᠎ᠶᠢᠨ ᠲᠣᠭᠣᠷᠢᠭ᠋᠎ᠡᠴᠡ ᠵᠤᠭᠤᠰ ᠮᠦᠩᠬᠦ ᠴᠤᠭᠯᠠᠭᠤᠯᠵᠤ ᠪᠠᠢᠭ᠎ᠠ ᠮᠡᠳᠡᠬᠡ ᠵᠢ ᠬᠠᠷᠠᠪᠡᠯ ᠲᠡᠷᠡ ᠦᠪᠡᠷ᠎ᠤᠨ ᠨᠢᠬᠡ ᠬᠤᠪᠢ ᠵᠢᠨ ᠬᠠᠢᠷ᠎ᠠ ᠬᠠᠯᠠᠮᠵᠢ᠎ᠪᠠᠨ ᠬᠠᠷᠠᠮ ᠦᠭᠡᠢ ᠡᠷᠭᠦᠵᠦ ᠯᠡ ᠪᠠᠢᠳᠠᠬ ᠠᠵᠢ᠃

ᠥᠨᠳᠥᠷ ᠰᠦᠷᠯᠢᠭ ᠠᠰᠠᠷ ᠲᠠᠭᠲᠤ᠂ ᠤᠷᠤᠰᠬᠠᠯ ᠤᠰᠤᠨ ᠮᠡᠳᠦ ᠮᠠᠰᠢᠨ ᠲᠡᠷᠭᠡ ᠨᠤᠬᠦᠳ ᠨᠢᠭᠡ ᠬᠤᠳᠠ᠎ᠶᠢᠨ ᠣᠳᠣᠬᠢᠴᠢᠯᠠᠯᠲᠠ ᠵᠢ ᠲᠦᠯᠦᠬᠡᠯᠡᠬᠦ ᠳ᠋ᠤ ᠬᠦᠷᠪᠡᠯ᠂ ᠡᠨᠳᠡ ᠠᠮᠢᠳᠤᠷᠠᠵᠤ ᠪᠠᠢᠭ᠎ᠠ ᠡᠭᠡᠯ ᠵᠢᠷ᠎ᠦᠨ ᠬᠥᠮᠥᠨ ᠨᠢᠭᠡ ᠪᠦᠷᠢ᠎ᠶᠢᠨ ᠬᠡᠪ ᠪᠤᠯᠪᠠᠰᠤᠷᠠᠯ ᠨᠢ ᠡᠨᠡ ᠬᠤᠳᠠ᠎ᠶᠢᠨ ᠪᠣᠯᠪᠠᠰᠤᠨ᠎ᠢ ᠱᠤᠭᠤᠵᠤ ᠪᠤᠰᠬᠠᠳᠠᠭ ᠠᠵᠢ᠃ ᠵᠢᠶᠠ ᠰᠢ ᠵᠢᠨ ᠦᠢᠯᠡ ᠠᠵᠢᠯᠯᠠᠭ᠎ᠠ ᠲᠡᠭᠷᠢ ᠭᠠᠵᠠᠷ᠎ᠢ ᠳᠣᠩᠰᠣᠯᠭᠠᠮ᠎ᠠ ᠲᠤᠮᠤ ᠶᠠᠪᠤᠳᠠᠯ ᠪᠢᠰᠢ ᠴᠤ᠌ ᠬᠡᠰᠡᠨ ᠰᠠᠢᠬᠠᠨ ᠰᠠᠨᠠᠭ᠎ᠠ ᠰᠠᠢᠨ ᠦᠢᠯᠡ ᠠᠵᠢᠯᠯᠠᠭ᠎ᠠ ᠨᠢ ᠡᠨᠡ ᠬᠤᠳᠠ᠎ᠶᠢᠨ ᠪᠤᠯᠪᠠᠰᠤᠨ᠎ᠤ ᠲᠠᠪᠰᠢᠯᠳᠠ᠎ᠳᠤ ᠦᠪᠡᠷ᠎ᠤᠨ ᠵᠢᠡᠨ ᠦᠩᠭᠡ ᠪᠤᠳᠤᠭ ᠎ᠢ ᠨᠡᠮᠡᠷᠢᠯᠡᠵᠦ ᠪᠠᠢᠭ᠎ᠠ ᠶᠤᠮ᠃

  • ᠨᠠᠢᠷᠠᠭᠤᠯᠤᠭ᠍ᠴᠢ᠄

  • ᠨᠡᠪᠲᠡᠷᠡᠭᠦᠯᠦᠭᠴᠢ᠄

  • ᠮᠡᠷᠭᠡᠵᠢᠯ᠄

ᠨᠠᠢᠷᠠᠭᠤᠯᠤᠭ᠍ᠴᠢ᠄ ᠹᠦ᠋ ᠭᠸᠨ

ᠣᠷᠴᠢᠭᠤᠯᠤᠭ᠍ᠴᠢ᠄

ᠢᠷᠡᠯᠲᠡ᠄ ᠳᠤᠮᠳᠠᠳᠤ ᠤᠯᠤᠰ᠎ᠤ᠋ᠨ ᠮᠣᠩᠭᠣᠯ ᠬᠡᠯᠡᠨ᠎ᠦ᠌ ᠰᠣᠨᠢᠨ ᠮᠡᠳᠡᠭᠡ᠎ᠶ᠋ᠢᠨ ᠰᠦᠯᠵᠢᠶ᠎ᠡ
兼容浏览器的HTML页面