ᠭᠣᠣᠯ ᠰᠡᠳᠦᠪᠲᠦ ᠮᠡᠳᠡᠭᠡᠯᠡᠯ > ᠮᠠᠨ᠎ᠤ᠋ ᠳᠡᠷᠭᠡᠳᠡᠬᠢ ᠯᠸᠢ ᠹᠸᠩ

2023-03-15 10:51:46

ᠵᠣᠬᠢᠶᠠᠭ᠍ᠴᠢ᠄ ᠭᠤᠤ ᠬᠤᠢ ᠣᠩᠱᠢᠭ᠍ᠰᠠᠨ ᠣᠳᠠᠭ᠎ᠠ᠄ 3

《ᠡᠯ᠎ᠡ ᠸᠠᠭᠣᠨ᠎ᠤ ᠦᠢᠯᠡᠴᠢᠯᠡᠭ᠌ᠴᠢ ᠰᠠᠢᠲᠤᠷ ᠪᠡᠯᠡᠳᠭᠡᠵᠦ᠍᠂ ᠲᠡᠷᠭᠡᠨ ᠡᠭᠦᠳᠡ᠎ᠪᠡᠨ ᠨᠡᠭᠡᠭᠡᠵᠦ᠍ ᠠᠶᠠᠨᠴᠢᠳ᠎ᠢ ᠤᠭ᠍ᠲᠤᠵᠤ ᠲᠡᠷᠭᠡᠨ᠎ᠳᠦ ᠭᠠᠷᠭᠠᠭᠠᠷᠠᠶ》 ᠃ 2 ᠰᠠᠷ᠎ᠠ᠎ᠶ᠋ᠢᠨ 23 ᠎ᠤ᠋ ᠡᠳᠦᠷ᠎ᠦᠨ 8 ᠴᠠᠭ 30 ᠮᠢᠨᠦ᠋ᠲ᠎ᠲᠦ᠂ ᠭᠠᠯᠲᠤ ᠲᠡᠷᠭᠡᠨ᠎ᠦ ᠷᠠᠳᠢᠣ᠋ ᠨᠡᠪᠲᠡᠷᠡᠭᠦᠯᠭᠡ᠎ᠶ᠋ᠢᠨ ᠳᠠᠭᠤᠨ ᠵᠢᠡᠷ Z338 / 5 ᠡᠭᠡᠯᠵᠢ ᠵᠢᠨ ᠭᠠᠯᠲᠤ ᠲᠡᠷᠭᠡᠨ᠎ᠦ ᠦᠢᠯᠡᠴᠢᠯᠡᠭ᠌ᠴᠢᠳ ᠲᠡᠷᠭᠡᠨ ᠡᠭᠦᠳᠡ᠎ᠪᠡᠨ ᠨᠡᠭᠡᠭᠡᠨ᠂ ᠭᠠᠳᠤᠯᠭᠠᠳᠤ ᠬᠠᠪᠲᠠᠰᠤ᠎ᠪᠡᠨ ᠲᠠᠯᠪᠢᠵᠤ᠂ ᠰᠡᠷᠡᠮᠵᠢᠯᠡᠬᠦᠯᠬᠦ ᠪᠦᠰᠡ᠎ᠪᠡᠨ ᠰᠠᠢᠲᠤᠷ ᠲᠠᠲᠠᠵᠤ᠂ ᠡᠭᠦᠳᠡ᠎ᠪᠡᠨ ᠰᠠᠬᠢᠨ ᠬᠠᠷᠠᠭᠤᠯ ᠵᠣᠭ᠍ᠰᠣᠵᠤ᠂ ᠠᠶᠠᠨᠴᠢᠳ᠎ᠢ ᠤᠭ᠍ᠲᠤᠵᠤ ᠲᠡᠷᠭᠡᠨ᠎ᠳᠦ ᠭᠠᠷᠭᠠᠨ᠎ᠠ᠃

ᠬᠠᠪᠤᠷ᠎ᠤᠨ ᠡᠬᠢ᠎ᠪᠡᠷ᠂ ᠳᠤᠮᠳᠠᠳᠤ ᠤᠯᠤᠰ᠎ᠤᠨ ᠤᠮᠠᠷᠠᠲᠤ ᠣᠷᠣᠨ ᠮᠥᠨ ᠬᠦ᠌ ᠬᠠᠬᠢᠷ ᠬᠦᠢᠲᠡᠨ ᠪᠠᠢᠬᠤ᠎ᠳᠦ ᠡᠮᠦᠨᠡᠲᠦ ᠣᠷᠣᠨ᠎ᠳᠦ ᠬᠠᠷᠢᠨ ᠬᠠᠪᠤᠷ᠎ᠤᠨ ᠠᠮᠢᠰᠬᠤᠯ᠎ᠢᠶᠡᠷ ᠪᠢᠯᠬᠠᠵᠤ ᠪᠠᠢᠳᠠᠭ᠃ 《ᠪᠢᠳᠡ ᠲᠡᠷᠭᠡ ᠲᠣᠰᠭᠤ᠎ᠳᠠᠭᠠᠨ ᠡᠪᠦᠯ᠎ᠦᠨ ᠬᠤᠪᠴᠠᠰᠤ ᠡᠮᠦᠰᠴᠦ᠍ ᠲᠤᠰᠳᠠᠭ᠂ ᠭᠡᠪᠡᠴᠦ᠍ ᠦᠴᠠᠩ᠎ᠢ ᠥᠩᠭᠡᠷᠡᠪᠡᠯ ᠬᠠᠪᠤᠷ ᠨᠠᠮᠤᠷ᠎ᠤᠨ ᠬᠤᠪᠴᠠᠰᠤ ᠡᠮᠦᠰᠴᠦ᠍ ᠪᠣᠯᠤᠨ᠎ᠠ᠂ ᠵᠠᠷᠢᠮ ᠦᠶ᠎ᠡ᠎ᠳᠦ ᠠᠭᠤᠷ ᠠᠮᠢᠰᠭᠤᠯ ᠲᠤᠯᠠᠭᠠᠨ ᠲᠠᠭᠠᠯᠠᠮᠵᠢᠳᠠᠢ᠂ ᠴᠠᠮᠴᠠ ᠡᠮᠦᠰᠴᠤ ᠬᠠᠷᠠᠭᠤᠯ ᠵᠣᠭ᠍ᠰᠣᠵᠤ ᠪᠣᠯᠳᠠᠭ》ᠭᠡᠵᠦ᠍ ᠭᠠᠯᠲᠤ ᠲᠡᠷᠭᠡᠨ᠎ᠦ ᠳᠠᠷᠤᠭ᠎ᠠ ᠵᠠᠩ ᠵᠢᠩ ᠢᠦᠢ ᠰᠤᠷᠪᠤᠯᠵᠢᠯᠠᠭ᠍ᠴᠢ᠎ᠳᠤ ᠬᠡᠯᠡᠪᠡ᠃

ᠥᠪᠥᠷ ᠮᠣᠩᠭᠣᠯ᠎ᠤᠨ ᠪᠤᠭᠤᠲᠤ ᠡᠴᠡ ᠭᠤᠸᠠᠩᠰᠢ᠎ᠶ᠋ᠢᠨ ᠨᠠᠨᠨᠢᠩ᠎ᠳᠤ ᠱᠢᠭᠤᠳ ᠬᠦᠷᠬᠦ᠌ ᠡᠨᠡ ᠬᠦ᠌ ᠭᠠᠯᠲᠤ ᠲᠡᠷᠭᠡ ᠪᠣᠯ ᠡᠨᠡ ᠬᠤᠶᠠᠷ ᠥᠪᠡᠷᠲᠡᠭᠡᠨ ᠵᠠᠰᠠᠬᠤ ᠣᠷᠣᠨ᠎ᠤ ᠬᠣᠭᠣᠷᠣᠨᠳᠣᠬᠢ ᠠᠩᠬᠠᠳᠠᠭ᠍ᠴᠢ ᠡᠭᠡᠯᠵᠢ᠎ᠶ᠋ᠢᠨ ᠱᠢᠭᠤᠳ ᠨᠡᠪᠲᠡᠷᠡᠬᠦ᠌ ᠠᠶᠠᠨᠴᠢᠳ᠎ᠤᠨ ᠭᠠᠯᠲᠤ ᠲᠡᠷᠭᠡ ᠪᠣᠯᠤᠨ᠎ᠠ᠃ ᠭᠠᠯᠲᠤ ᠲᠡᠷᠭᠡ ᠳᠤᠮᠳᠠᠳᠤ ᠤᠯᠤᠰ᠎ᠤᠨ ᠡᠮᠦᠨ᠎ᠡ ᠤᠮᠠᠷ᠎ᠠ᠎ᠶ᠋ᠢ ᠰᠤᠨᠳᠠᠯᠠᠵᠤ᠂ ᠬᠣᠶᠠᠷ ᠭᠠᠵᠠᠷ᠎ᠤᠨ ᠬᠠᠮᠤᠭ᠎ᠤᠨ ᠥᠨᠳᠥᠷ ᠳᠤᠯᠠᠭᠠᠨ᠎ᠤ ᠵᠥᠷᠢᠶ᠎ᠡ ᠨᠢ 40 ᠭᠷᠠᠳᠦ᠋ᠰ᠎ᠲᠦ ᠬᠦᠷᠴᠦ᠍᠂ ᠳᠠᠩ ᠴᠢᠭ᠌ᠯᠡᠯ᠎ᠢᠶᠡᠷ 36 ᠴᠠᠭ 10 ᠮᠢᠨᠦ᠋ᠲ ᠠᠶᠠᠯᠠᠵᠤ᠂ ᠥᠪᠥᠷ ᠮᠣᠩᠭᠣᠯ᠂ ᠱᠠᠨ ᠰᠢ᠂ ᠾᠧᠪᠧᠶ᠂ ᠪᠡᠭᠡᠵᠢᠩ᠂ ᠾᠧᠨᠠᠨ᠂ ᠬᠤᠪᠧᠶ᠂ ᠬᠤᠨᠠᠨ᠂ ᠭᠤᠸᠠᠩᠰᠢ ᠬᠣᠶᠠᠷ ᠦᠪᠡᠷᠳᠡᠭᠡᠨ ᠵᠠᠰᠠᠬᠤ ᠣᠷᠣᠨ ᠲᠠᠪᠤᠨ ᠮᠤᠵᠢ ᠨᠢᠭᠡ ᠬᠣᠲᠠ᠎ᠪᠠᠷ ᠥᠩᠭᠡᠷᠡᠵᠦ᠍᠂ ᠪᠦᠬᠦ᠌ ᠵᠠᠮ᠎ᠤᠨ ᠤᠷᠳᠤ ᠨᠢ 3308 ᠺᠢᠯᠣᠮᠧᠲ᠋ᠷ ᠪᠣᠯᠤᠨ᠎ᠠ᠃

ᠤᠳᠠᠭ᠎ᠠ ᠪᠣᠯᠭᠠᠨ ᠲᠡᠷᠭᠡ ᠲᠠᠭᠠᠬᠤ ᠳ᠋ᠦ᠂ ᠵᠠᠩ ᠵᠢᠩ ᠢᠦᠢ ᠵᠢᠵᠢᠬᠦᠷ ᠳᠤᠭᠤᠢᠯᠠᠩ᠎ᠤᠨ ᠬᠠᠮᠲᠤ ᠠᠵᠢᠯᠯᠠᠭ᠍ᠰᠠᠳ᠎ᠲᠠᠶ᠎ᠪᠠᠨ ᠭᠠᠯᠲᠤ ᠲᠡᠷᠭᠡᠨ ᠳᠡᠭᠡᠷ᠎ᠡ 8 ᠡᠳᠦᠷ ᠦᠷᠭᠦᠯᠵᠢᠯᠡᠨ ᠠᠵᠢᠯᠯᠠᠵᠤ᠂ ᠨᠢᠭᠡ ᠡᠳᠦᠷ᠎ᠦᠨ ᠠᠵᠢᠯᠯᠠᠬᠤ ᠴᠠᠭ ᠨᠢ 14 ᠴᠠᠭ᠎ᠢ ᠬᠡᠲᠦᠷᠡᠨ᠎ᠡ᠃ ᠭᠠᠯᠲᠤ ᠲᠡᠷᠭᠡᠨ᠎ᠦ ᠳᠠᠷᠤᠭ᠎ᠠ ᠪᠣᠯᠤᠭ᠍ᠰᠠᠨ᠎ᠤ ᠬᠤᠪᠢ᠎ᠳᠤ᠂ ᠵᠢᠵᠢᠭᠦᠷᠯᠡᠬᠦ᠌ ᠬᠤᠭᠤᠴᠠᠭᠠᠨ᠎ᠳᠠᠭᠠᠨ 10 ᠭᠠᠷᠤᠢ ᠤᠳᠠᠭ᠎ᠠ ᠲᠣᠭᠣᠷᠢᠨ ᠪᠠᠢᠴᠠᠭᠠᠵᠤ᠂ ᠳᠤᠮᠳᠠᠴᠢ᠎ᠪᠠᠷ ᠡᠳᠦᠷ ᠪᠦᠷᠢ 2 ᠲᠦᠮᠡᠨ ᠠᠯᠬᠤᠮ ᠶᠠᠪᠤᠵᠤ᠂ ᠠᠶᠠᠨᠴᠢᠳ᠎ᠤᠨ ᠵᠥᠭᠡᠭᠡᠪᠦᠷᠢ᠎ᠶ᠋ᠢᠨ ᠠᠵᠢᠯ᠎ᠢ ᠬᠢᠭ᠌ᠰᠡᠨ 10 ᠵᠢᠯ᠎ᠦᠨ ᠲᠤᠷᠰᠢ᠂ ᠵᠠᠩ ᠵᠢᠩ ᠢᠦᠢ ᠭᠠᠯᠲᠤ ᠲᠡᠷᠭᠡᠨ᠎ᠳᠦ 400 ᠭᠠᠷᠤᠢ ᠤᠳᠠᠭ᠎ᠠ ᠰᠠᠭᠤᠵᠤ᠂ ᠵᠠᠭᠤ ᠭᠠᠷᠤᠢ ᠲᠦᠮᠡᠨ ᠬᠥᠮᠦᠨ ᠤᠳᠠᠭ᠎ᠠ᠎ᠶ᠋ᠢᠨ ᠠᠶᠠᠨᠴᠢᠳ᠎ᠲᠤ ᠦᠢᠯᠡᠴᠢᠯᠡᠵᠦ᠍᠂ 120 ᠭᠠᠷᠤᠢ ᠲᠦᠮᠡᠨ ᠺᠢᠯᠣᠮᠧᠲ᠋ᠷ ᠠᠶᠠᠯᠠᠭ᠍ᠰᠠᠨ ᠪᠠᠢᠨ᠎ᠠ᠃

《ᠭᠠᠯᠲᠤ ᠲᠡᠷᠭᠡ ᠪᠣᠯ ᠠᠶᠠᠨᠴᠢᠳ᠎ᠤᠨ ᠨᠡᠬᠦᠳᠡᠯ ᠬᠡᠷ ᠪᠤᠯᠬᠤ ᠪᠦᠭᠡᠳ ᠪᠠᠰᠠ ᠴᠤ᠌ ᠮᠢᠨᠦ᠍ ᠬᠡᠷ ᠮᠥᠨ᠂ ᠠᠶᠠᠨᠴᠢᠳ᠎ᠤᠨ ᠵᠦᠭᠡᠭᠡᠪᠤᠷᠢ ᠵᠢᠨ ᠠᠵᠢᠯ᠎ᠢ ᠡᠳᠦᠶ ᠵᠢᠯ ᠬᠢᠭ᠌ᠰᠡᠨ ᠪᠣᠯᠬᠣᠷ ᠪᠢ ᠠᠶᠠᠨᠳᠠᠭᠠᠨ ᠠᠶᠠᠨᠴᠢᠳ᠎ᠢ ᠥᠪᠡᠷ᠎ᠦᠨ ᠬᠡᠷ᠎ᠤ᠋ᠨ ᠬᠦᠮᠦᠨ ᠵᠢᠡᠨ ᠪᠤᠯᠭᠠᠴᠢᠬᠠᠵᠠᠢ》 ᠡᠵᠦ᠍ ᠵᠠᠩ ᠵᠢᠩ ᠢᠦᠢ ᠬᠡᠯᠡᠨ᠎ᠠ᠃

ᠠᠶᠠᠨᠴᠢᠳ᠎ᠲᠤ ᠨᠠᠩ ᠰᠠᠢᠲᠤᠷ ᠦᠶ᠋ᠯᠡᠴᠢᠯᠡᠬᠦ᠌᠎ᠶ᠋ᠢᠨ ᠲᠥᠯᠥᠭᠡ᠂ ᠵᠠᠩ ᠵᠢᠩ ᠢᠦᠶ ᠠᠶᠠᠨᠴᠢᠳ᠎ᠤᠨ ᠵᠥᠭᠡᠭᠡᠪᠦᠷᠢ᠎ᠶ᠋ᠢᠨ ᠦᠶ᠋ᠯᠡᠴᠢᠯᠡᠭᠡᠨ᠎ᠦ ᠲᠤᠬᠠᠢ ᠳ᠋ᠦᠨᠭᠨᠡᠭᠰᠡᠨ ᠠᠷᠭ᠎ᠠ᠎ᠪᠡᠨ ᠴᠥᠮ ᠨᠢᠭᠡᠨ ᠵᠢᠵᠢᠭ ᠳᠡᠪᠲᠡᠷ ᠳᠡᠭᠡᠷ᠎ᠡ ᠲᠡᠮᠳᠡᠭ᠌ᠯᠡᠵᠦ᠍᠂ ᠵᠠᠪ᠎ᠢᠶᠠᠷ᠎ᠢᠶᠠᠨ ᠬᠠᠮᠲᠤ ᠠᠵᠢᠯᠯᠠᠭ᠍ᠰᠠᠳ᠎ᠲᠠᠶ᠎ᠪᠠᠨ ᠰᠤᠳᠤᠯᠤᠨ ᠶᠠᠷᠢᠯᠴᠠᠵᠤ᠂ ᠡᠴᠦᠰ᠎ᠲᠡᠬᠡᠨ 《ᠭᠤᠷᠪᠠᠨ ᠡᠷᠳᠡ ᠳᠥᠷᠪᠡᠨ ᠬᠥᠩᠭᠡᠨ ᠲᠠᠪᠤᠨ ᠲᠠᠭᠤᠨ ᠵᠢᠷᠭᠤᠭᠠᠨ ᠴᠡᠭ》ᠤ᠋ᠨ ᠠᠶᠠᠨᠴᠢᠳ᠎ᠤᠨ ᠵᠥᠭᠡᠭᠡᠪᠦᠷᠢ᠎ᠶ᠋ᠢᠨ ᠬᠠᠯᠠᠭᠤᠨ ᠳᠤᠯᠠᠭᠠᠨ ᠦᠶ᠋ᠯᠡᠴᠢᠯᠡᠭᠡᠨ᠎ᠦ ᠠᠷᠭ᠎ᠠ᠎ᠶ᠋ᠢ ᠳ᠋ᠦᠩᠨᠡᠨ ᠭᠠᠷᠭᠠᠵᠤ᠂ ᠥᠷᠭᠡᠨ ᠣᠯᠠᠨ ᠠᠶᠠᠨᠴᠢᠳ᠎ᠤᠨ ᠰᠠᠢᠨ ᠦᠨᠡᠯᠡᠯᠲᠡ᠎ᠶ᠋ᠢ ᠣᠯᠤᠭ᠍ᠰᠠᠨ ᠪᠠᠢᠨ᠎ᠠ᠃ ᠵᠢᠵᠢᠬᠦᠷ ᠳᠤᠭᠤᠢᠯᠠᠩ ᠬᠣᠶᠠᠷ ᠵᠢᠯ ᠳᠠᠷᠠᠭᠠᠯᠠᠨ ᠠᠶᠠᠨᠴᠢᠳ᠎ᠤᠨ ᠵᠠᠭᠠᠯᠳᠤᠯᠭ᠎ᠠ ᠥᠬᠡᠶ ᠪᠠᠢᠬᠤ᠎ᠶ᠋ᠢ ᠪᠡᠶᠡᠯᠡᠭᠦᠯᠵᠦ᠍᠂ ᠨᠢᠭᠡᠴᠢ᠎ᠶ᠋ᠢᠨ ᠵᠢᠡᠨ ᠬᠡᠪ ᠳᠠᠭᠤᠷᠢᠶᠠᠯ᠎ᠤᠨ ᠵᠢᠵᠢᠬᠦᠷ ᠳᠤᠭᠤᠢᠯᠠᠩ ᠪᠣᠯᠪᠠ᠃ ᠡᠨᠡ ᠬᠤᠭᠤᠴᠠᠭᠠᠨ᠎ᠳᠤ᠂ ᠵᠠᠩ ᠵᠢᠩ ᠢᠦᠢ 60 ᠭᠠᠷᠤᠢ ᠬᠤᠪᠢ ᠲᠠᠯᠠᠷᠬᠠᠯ᠎ᠤᠨ ᠵᠠᠬᠢᠳᠠᠯ᠂ 28 ᠬᠡᠮᠡᠷᠯᠢᠭ ᠲᠤᠭ ᠲᠤᠰᠤᠬᠰᠡᠨ ᠪᠠᠢᠯ᠎ᠠ᠃

2020 ᠣᠨ᠎ᠳᠤ᠂ ᠱᠢᠨ᠎ᠡ ᠲᠢᠲᠢᠮᠯᠢᠭ ᠠᠭᠤᠰᠭᠢᠨ ᠦᠷᠪᠢᠰᠦᠯ᠎ᠦᠨ ᠬᠢᠵᠢᠭ᠎ᠦᠨ ᠪᠠᠢᠳᠠᠯ ᠶᠡᠬᠡ᠎ᠪᠡᠷ ᠲᠡᠯᠭᠡᠷᠡᠵᠦ᠂ Z338 ᠤᠳᠠᠭ᠎ᠠ᠎ᠶ᠋ᠢᠨ ᠭᠠᠯᠲᠤ ᠲᠡᠷᠭᠡ ᠬᠤᠪᠸᠢ ᠵᠢᠨ ᠱᠢᠶᠤᠤ ᠭᠠᠨ᠂ ᠦᠬᠠᠨ᠂ ᠱᠢᠶᠠᠨ ᠨᠢᠩ ᠵᠡᠷᠭᠡ ᠬᠢᠵᠢᠭ᠎ᠦᠨ ᠪᠠᠢᠳᠠᠯ ᠬᠦᠨᠳᠦ ᠨᠣᠴᠢᠲᠠᠢ ᠭᠠᠵᠠᠷ ᠣᠷᠣᠨ᠎ᠢᠶᠠᠷ ᠥᠩᠭᠡᠷᠡᠬᠦ᠌᠎ᠪᠤᠯᠬᠤᠷ ᠭᠠᠯᠲᠤ ᠲᠡᠷᠭᠡᠨ᠎ᠦ ᠬᠢᠵᠢᠭ᠎ᠢ ᠰᠡᠷᠭᠡᠢᠯᠡᠬᠦ᠌ ᠠᠵᠢᠯ ᠯᠤᠲᠤ ᠶᠡᠬᠡ ᠥᠷᠢᠰᠥᠯᠳᠦᠭᠡᠨ᠎ᠳᠦ ᠲᠤᠯᠭᠠᠷᠠᠪᠠ᠃ ᠵᠢᠵᠢᠬᠦᠷ ᠳᠤᠭᠤᠢᠯᠠᠩ᠎ᠤᠨ 《ᠬᠣᠱᠢᠭᠤᠴᠢ ᠭᠠᠯᠠᠭᠤ》 ᠪᠣᠯᠤᠭ᠍ᠰᠠᠨ ᠵᠠᠩ ᠵᠢᠩ ᠢᠦᠢ ᠲᠦᠷᠦᠭᠦᠯᠡᠨ ᠬᠤᠷᠤᠭᠤᠨ ᠤᠷᠤᠮ᠎ᠢᠶᠠᠨ ᠳᠠᠷᠤᠵᠤ᠂ ᠨᠠᠮ᠎ᠤᠨ ᠭᠡᠱᠢᠭᠦᠨ᠎ᠦ ᠭᠠᠪᠱᠢᠭᠠᠢ ᠠᠩᠬᠢ᠎ᠳᠤ ᠣᠷᠣᠪᠠ᠃ ᠭᠠᠯᠳᠤ ᠲᠡᠷᠭᠡᠨ ᠳ᠋ᠤ ᠭᠠᠷᠬᠤ᠎ᠡᠴᠡ ᠡᠮᠦᠨ᠎ᠡ ᠬᠢᠵᠢᠭ᠎ᠢ ᠰᠡᠷᠭᠡᠢᠯᠡᠬᠦ᠌ ᠬᠡᠷᠡᠭ᠌ᠰᠡᠯ ᠪᠡᠯᠡᠳᠭᠡᠬᠦ ᠡᠴᠡ ᠵᠢᠵᠢᠭᠦᠷᠯᠡᠬᠦ᠌ ᠶᠠᠪᠤᠴᠠ᠎ᠳᠤ ᠠᠶᠠᠨᠴᠢᠳ᠎ᠤᠨ ᠪᠡᠶ᠎ᠡ᠎ᠶ᠋ᠢᠨ ᠬᠠᠯᠠᠭᠤᠨ᠎ᠢ 4 ᠴᠠᠭ ᠪᠦᠷᠢ᠎ᠳᠦ ᠨᠢᠭᠡ ᠤᠳᠠᠭ᠎ᠠ ᠬᠡᠮᠵᠢᠵᠦ᠍ ᠥᠭ᠌ᠬᠦ ᠪᠣᠯᠲᠠᠯ᠎ᠠ᠂ ᠲᠠᠬᠢᠭᠠᠳ ᠬᠠᠯᠠᠭᠤᠷᠠᠭ᠍ᠰᠠᠨ ᠠᠶᠠᠨᠴᠢᠳ᠎ᠢ ᠵᠤᠬᠢᠰᠳᠠᠢ ᠱᠢᠢᠳᠪᠦᠷᠢᠯᠡᠬᠦ᠌ ᠬᠦᠷᠲᠡᠯ᠎ᠡ᠂ ᠲᠡᠷᠡ ᠴᠥᠮ ᠲᠦᠷᠦᠭᠦᠯᠡᠨ ᠵᠢᠵᠢᠭᠦᠷᠯᠡᠵᠦ᠍᠂ ᠪᠠᠲᠤ ᠪᠡᠬᠢ 《ᠬᠢᠵᠢᠭ᠎ᠢ ᠰᠡᠷᠭᠡᠢᠯᠡᠬᠦ᠌ ᠬᠠᠯᠬᠠᠪᠴᠢ》 ᠵᠢ ᠪᠠᠢᠭᠤᠯᠵᠠᠢ᠃ 1 ᠰᠠᠷ᠎ᠠ᠎ᠶ᠋ᠢᠨ ᠡᠴᠤᠰ᠎ᠡᠴᠡ 5 ᠰᠠᠷ᠎ᠠ᠎ᠶ᠋ᠢᠨ ᠡᠴᠤᠰ ᠪᠣᠯᠲᠠᠯ᠎ᠠ᠂ ᠵᠠᠩ ᠵᠢᠩ ᠢᠦᠢ ᠵᠢᠵᠢᠬᠦᠷ ᠳᠤᠭᠤᠢᠯᠠᠩ᠎ᠤᠨ 34 ᠠᠵᠢᠯᠳᠠᠨ ᠠᠵᠢᠯᠴᠢᠨ᠎ᠢ ᠳᠠᠭᠠᠭᠤᠯᠤᠨ᠂ ᠵᠠᠯᠭᠠᠭ᠎ᠠ᠎ᠪᠠᠷ 34 ᠤᠳᠠᠭ᠎ᠠ ᠬᠤᠪᠸᠢ ᠵᠢᠨ ᠬᠢᠵᠢᠭ᠎ᠦᠨ ᠪᠠᠢᠳᠠᠯ ᠬᠦᠨᠳᠦ ᠨᠣᠴᠢᠲᠠᠢ ᠭᠠᠵᠠᠷ ᠣᠷᠣᠨ᠎ᠢᠶᠠᠷ ᠥᠩᠭᠡᠷᠡᠵᠦ᠍᠂ ᠬᠥᠮᠦᠨ ᠬᠠᠷ᠎ᠠ ᠦᠯᠤ ᠬᠠᠯᠳᠠᠪᠤᠷᠢᠯᠠᠬᠳᠠᠵᠤ᠂ ᠭᠠᠯᠲᠤ ᠲᠡᠷᠭᠡ ᠬᠢᠵᠢᠭ ᠦᠯᠤ ᠲᠠᠷᠬᠠᠭ᠍ᠰᠠᠨ ᠰᠡᠷᠭᠡᠢᠯᠡᠨ ᠡᠵᠡᠮᠳᠡᠬᠦ᠌ ᠦᠷ᠎ᠡ ᠪᠦᠲᠦᠭᠡᠯ ᠣᠯᠵᠠᠢ᠃

《ᠵᠠᠩ ᠵᠢᠩ ᠢᠦᠢ ᠬᠡᠳᠦᠢᠪᠡᠷ ᠪᠢᠳᠡᠨ ᠲᠠᠢ ᠨᠠᠰᠤ ᠬᠤᠷᠠᠭ ᠪᠣᠯᠪᠠᠴᠤ᠌᠂ ᠲᠡᠷᠡ ᠵᠢᠵᠢᠬᠦᠷ ᠳᠤᠭᠤᠢᠯᠠᠩ᠎ᠤᠨ ᠶᠡᠬᠡ ᠪᠠᠭ᠎ᠠ ᠤᠴᠢᠷ ᠶᠠᠪᠤᠳᠠᠯ᠎ᠢ ᠱᠢᠢᠳᠪᠦᠷᠢᠯᠡᠬᠦ᠌᠎ᠳᠡᠭᠡᠨ ᠶᠠᠭ ᠨᠢᠭᠡᠨ ᠰᠡᠳᠭᠢᠯ᠎ᠢ ᠮᠡᠳᠡᠭ᠌ᠴᠢ ᠡᠭᠡᠴᠢ ᠱᠢᠭ ᠪᠠᠢᠳᠠᠭ᠂ ᠪᠢᠳᠡ ᠲᠡᠭᠦᠨ᠎ᠢ ᠮᠠᠰᠢ ᠪᠢᠱᠢᠷᠡᠳᠡᠭ》 ᠭᠡᠵᠤ ᠵᠢᠵᠢᠬᠦᠷ ᠳᠤᠭᠤᠢᠯᠠᠩ᠎ᠤᠨ ᠬᠠᠮᠲᠤ ᠠᠵᠢᠯᠯᠠᠭ᠍ᠴᠢ ᠱᠠᠨ ᠱᠢᠨ ᠶᠤᠸᠠᠢ ᠲᠡᠭᠦᠨ᠎ᠢ ᠢᠩᠭᠢᠵᠦ᠍ ᠦᠨᠡᠯᠡᠪᠡ᠃

2021 ᠣᠨ᠎ᠳᠤ᠂ ᠲᠡᠷᠭᠡᠨ ᠠᠩᠭᠢ᠎ᠡᠴᠡ 30 ᠵᠠᠯᠠᠭᠤ ᠠᠵᠢᠯᠴᠢᠨ᠎ᠢ ᠰᠣᠩᠭᠣᠨ ᠲᠡᠭᠦᠨ᠎ᠦ ᠨᠡᠷ᠎ᠡ᠎ᠪᠡᠷ 《ᠵᠢᠩ ᠢᠦᠶ ᠵᠢᠵᠢᠬᠦᠷ ᠳᠤᠭᠤᠢᠯᠠᠩ》 ᠢ᠋ ᠪᠠᠢᠭᠤᠯᠵᠤ᠂ ᠵᠠᠩ ᠵᠢᠩ ᠢᠦᠶ 《ᠵᠢᠩ ᠢᠦᠶ ᠵᠢᠵᠢᠬᠦᠷ ᠳᠤᠭᠤᠢᠯᠠᠩ》 ᠤ᠋ᠨ ᠦᠶ᠋ᠯᠡᠴᠢᠯᠡᠭᠡᠨ᠎ᠦ ᠨᠠᠷᠠᠲᠤ ᠲᠡᠮᠳᠡᠭ᠎ᠦᠨ ᠳᠠᠭᠠᠭᠤᠯᠤᠭ᠍ᠴᠢ ᠪᠣᠯᠪᠠ᠃ 2022 ᠣᠨ᠎ᠳᠤ ᠵᠠᠩ ᠵᠢᠩ ᠢᠦᠶ 《ᠳᠣᠯᠣᠳᠤᠭᠠᠷ ᠪᠦᠯᠦᠭ᠎ᠦᠨ ᠪᠥᠬᠥ᠌ ᠤᠯᠤᠰ᠎ᠤᠨ ᠠᠵᠢᠯ᠎ᠤᠨ ᠪᠠᠢᠷᠢ᠎ᠳᠠᠭᠠᠨ ᠯᠸᠢ ᠹᠸᠩ᠎ᠡᠴᠡ ᠰᠤᠷᠤᠯᠴᠠᠭ᠍ᠰᠠᠨ ᠵᠢᠱ᠌ᠢᠶᠡᠴᠢ》ᠶ᠋ᠢᠨ ᠢᠷᠠᠭᠤ ᠠᠯᠳᠠᠷ᠎ᠢ ᠭᠥᠷᠳᠡᠪᠡ᠃

《ᠠᠶᠠᠨᠴᠢᠳ᠎ᠤᠨ ᠵᠦᠭᠡᠭᠡᠪᠤᠷᠢ ᠵᠢᠨ ᠠᠵᠢᠯ ᠬᠡᠳᠦᠢᠪᠡᠷ ᠮᠠᠰᠢ ᠶᠠᠭᠠᠷᠠᠦ ᠮᠠᠰᠢ ᠶᠠᠳᠠᠷᠠᠯᠲᠠᠶ ᠪᠣᠯᠪᠠᠴᠤ᠌ ᠠᠶᠠᠨᠴᠢᠳ᠎ᠢ ᠠᠮᠤᠷ ᠲᠦᠪᠱᠢᠨ᠎ᠢᠶᠡᠷ ᠥᠷᠲᠡᠭᠡᠨ᠎ᠳᠦ ᠬᠦᠷᠭᠡᠵᠦ᠍ ᠲᠠᠢᠯᠤᠨ᠎ᠠ᠂ ᠮᠢᠨᠦ᠍ ᠦᠵᠡᠬᠦ᠌᠎ᠪᠡᠷ ᠡᠨᠡ ᠪᠦᠬᠦᠨ ᠴᠥᠮ ᠪᠡᠨ᠎ᠡ᠎ᠲᠡᠶ ᠶᠤᠮ᠃ ᠱᠢᠨ᠎ᠡ ᠨᠢᠭᠡ ᠵᠢᠯ᠎ᠳᠦ᠂ ᠪᠢᠳᠡ ᠰᠦᠯᠵᠢᠶᠡᠨ᠎ᠦ ᠪᠠᠢᠴᠠᠭᠠᠯᠲᠠ᠎ᠶ᠋ᠢᠨ ᠠᠰᠠᠭᠤᠯᠲᠠ᠎ᠶ᠋ᠢᠨ ᠬᠠᠭᠤᠳᠠᠰᠤ ᠵᠣᠬᠢᠶᠠᠬᠤ᠎ᠪᠠᠷ ᠲᠥᠯᠥᠪᠯᠡᠵᠦ᠍᠂ ᠠᠶᠠᠨᠴᠢᠳ᠎ᠢ ᠤᠷᠢᠵᠤ ᠰᠠᠨᠠᠯ ᠰᠠᠨᠠᠭᠤᠯᠭ᠎ᠠ ᠳᠤᠷᠠᠳᠤᠭᠤᠯᠵᠤ᠂ ᠠᠶᠠᠨᠴᠢᠳ᠎ᠤᠨ ᠵᠥᠭᠡᠭᠡᠪᠦᠷᠢ᠎ᠶ᠋ᠢᠨ ᠦᠶ᠋ᠯᠡᠴᠢᠯᠡᠭᠡ᠎ᠶ᠋ᠢ ᠦᠷᠭᠦᠯᠵᠢᠯᠡᠨ ᠲᠡᠭᠦᠯᠳᠡᠷᠵᠢᠭᠦᠯᠦᠨ ᠰᠠᠢᠵᠢᠷᠠᠭᠤᠯᠵᠤ᠂ 〈ᠵᠢᠩ ᠢᠦᠶ ᠵᠢᠵᠢᠬᠦᠷ ᠳᠤᠭᠤᠢᠯᠠᠩ〉 ᠤ᠋ᠨ ᠨᠠᠷᠠᠲᠤ ᠲᠡᠮᠳᠡᠭ᠎ᠢ ᠨᠠᠩ ᠠᠯᠳᠠᠷᠱᠢᠭᠤᠯᠤᠨ᠎ᠠ! ᠠᠶᠠᠨᠴᠢᠳ᠎ᠤᠨ ᠭᠠᠯᠲᠤ ᠲᠡᠷᠭᠡᠨ ᠳᠡᠭᠡᠷᠡᠬᠢ ᠪᠠᠶᠠᠴᠢᠯᠡᠨ ᠣᠢᠯᠠᠭᠠᠯᠲᠠ᠎ᠶ᠋ᠢ ᠨᠠᠩ ᠰᠠᠢᠨ ᠰᠠᠢᠬᠠᠨ ᠪᠣᠯᠭᠠᠨ᠎ᠠ!》 ᠭᠡᠵᠦ᠍ ᠵᠠᠩ ᠵᠢᠩ ᠢᠦᠢ ᠬᠡᠯᠡᠪᠡ᠃

  • ᠨᠠᠢᠷᠠᠭᠤᠯᠤᠭ᠍ᠴᠢ᠄

  • ᠨᠡᠪᠲᠡᠷᠡᠭᠦᠯᠦᠭᠴᠢ᠄

  • ᠮᠡᠷᠭᠡᠵᠢᠯ᠄

ᠨᠠᠢᠷᠠᠭᠤᠯᠤᠭ᠍ᠴᠢ᠄ ᠣᠷᠬᠢᠯ

ᠣᠷᠴᠢᠭᠤᠯᠤᠭ᠍ᠴᠢ᠄

ᠢᠷᠡᠯᠲᠡ᠄ ᠳᠤᠮᠳᠠᠳᠤ ᠤᠯᠤᠰ᠎ᠤ᠋ᠨ ᠮᠣᠩᠭᠣᠯ ᠬᠡᠯᠡᠨ᠎ᠦ᠌ ᠰᠣᠨᠢᠨ ᠮᠡᠳᠡᠭᠡ᠎ᠶ᠋ᠢᠨ ᠰᠦᠯᠵᠢᠶ᠎ᠡ
兼容浏览器的HTML页面