2022-04-10 20:02:47
— ᠪᠥᠬᠥ᠌ ᠤᠯᠤᠰ᠎ᠤᠨ ᠠᠵᠢᠯ᠎ᠤᠨ ᠪᠠᠢᠷᠢ ᠳᠡᠭᠡᠷ᠎ᠡ ᠪᠠᠨ ᠯᠸᠢ ᠹᠸᠩ᠎ᠠᠴᠠ ᠰᠤᠷᠤᠯᠴᠠᠭ᠍ᠰᠠᠨ ᠪᠢᠶᠤᠤᠪᠢᠩ ᠯᠢᠦ ᠬᠠᠶ ᠶᠠᠨ᠎ᠢ ᠲᠡᠮᠲᠡᠭᠯᠡᠪᠡ
3 ᠰᠠᠷ᠎ᠠ᠎ᠶ᠋ᠢᠨ 31 ᠤ᠋ ᠡᠳᠦᠷ᠂ ᠤᠷᠤᠨ᠎ᠤ ᠲᠦᠪ ᠬᠥᠬᠡᠬᠣᠲᠠ᠎ᠶ᠋ᠢᠨ 98 ᠳ᠋ᠤᠭᠠᠷ ᠵᠠᠮ᠎ᠤᠨ ᠨᠡᠢᠲᠡ᠎ᠶ᠋ᠢᠨ ᠮᠠᠱᠢᠨ ᠲᠡᠷᠭᠡ ᠥᠷᠲᠡᠭᠡ ᠤᠷᠤᠬᠤ ᠪᠡᠷ ᠵᠢᠯᠣᠭᠣᠴᠢ ᠯᠢᠦ ᠬᠠᠶ ᠶᠠᠨ᠄《ᠰᠠᠢᠨ ᠪᠠᠢᠵᠠᠭᠠᠨ᠎ᠠ ᠦᠦ? 98 ᠳ᠋ᠤᠭᠠᠷ ᠵᠠᠮ᠎ᠤᠨ ᠨᠡᠢᠲᠡ᠎ᠶ᠋ᠢᠨ ᠮᠠᠱᠢᠨ ᠲᠡᠷᠭᠡᠨ᠎ᠳᠦ ᠰᠠᠭᠤᠬᠤ ᠵᠢ ᠪᠠᠶᠠᠷᠯᠠᠨ ᠤᠭ᠍ᠲᠤᠵᠤ ᠪᠠᠢᠨ᠎ᠠ᠂ ᠲᠡᠷᠭᠡᠨ᠎ᠳᠦ ᠭᠠᠷᠤᠭ᠍ᠰᠠᠨ ᠠᠶᠠᠨᠴᠢᠳ ᠰᠠᠨᠠᠭᠠᠴᠢᠯᠠᠭ᠎ᠠ᠎ᠠᠴᠠ᠎ᠪᠠᠨ ᠡᠷᠡᠭᠦᠯ ᠮᠡᠨᠳᠦ᠍᠎ᠶ᠋ᠢᠨ ᠺᠣᠳ᠋᠎ᠢᠶᠠᠨ ᠭᠠᠷᠭᠠᠵᠤ ᠦᠵᠡᠭᠦᠯᠦᠭᠡᠷᠠᠢ! ᠨᠠᠰᠤᠲᠠᠢ ᠠᠪᠤ ᠡᠵᠢ ᠤᠷᠢᠳ ᠵᠢᠡᠷ ᠣᠷᠣ ᠤᠯᠵᠤ ᠰᠠᠭᠤᠭᠠᠷᠠᠶ᠂ ᠲᠠ ᠨᠠᠷ ᠯᠠᠪᠳᠠᠭᠤᠨ ᠰᠠᠭᠤᠭ᠍ᠰᠠᠨᠤ ᠬᠤᠢᠨ᠎ᠠ ᠲᠡᠷᠭᠡ ᠬᠦᠳᠡᠯᠦᠨ᠎ᠡ!》 ᠭᠡᠵᠦ ᠲᠡᠷᠭᠡᠨ ᠳ᠋ᠤ ᠭᠠᠷᠬᠤ ᠠᠶᠠᠨᠴᠢᠳ ᠲᠸ᠋ ᠠᠶᠠᠷᠬᠠᠨ ᠶᠠᠷᠢᠨ᠎ᠠ᠃ ᠢᠩᠬᠢᠵᠦ ᠥᠷᠲᠡᠭᠡ ᠮᠡᠳᠡᠭᠦᠯᠬᠦ ᠵᠢ ᠯᠢᠦ ᠬᠠᠶ ᠶᠠᠨ 10 ᠭᠠᠷᠤᠶ ᠵᠢᠯ ᠪᠠᠷᠢᠮᠲᠠᠯᠠᠭᠰᠠᠭᠠᠷ ᠢᠷᠡᠭᠰᠡᠨ ᠶᠤᠮ᠃
ᠯᠢᠦ ᠬᠠᠶ ᠶᠠᠨ ᠪᠣᠯ ᠬᠥᠬᠡᠬᠣᠲᠠ᠎ᠶ᠋ᠢᠨ ᠨᠡᠢᠲᠡ᠎ᠶ᠋ᠢᠨ ᠵᠠᠮ ᠬᠠᠷᠢᠯᠴᠠᠭᠠᠨ᠎ᠤ ᠬᠢᠵᠠᠭᠠᠷᠲᠤ ᠺᠣᠮᠫᠠᠨᠢ᠎ᠶ᠋ᠢᠨ ᠳᠥᠷᠪᠡᠳᠦᠭᠡᠷ ᠨᠡᠢᠲᠡ᠎ᠶ᠋ᠢᠨ ᠮᠠᠱᠢᠨ ᠲᠡᠷᠭᠡᠨ᠎ᠦ ᠺᠣᠮᠫᠠᠨᠢ᠎ᠶ᠋ᠢᠨ ᠵᠢᠯᠣᠭᠣᠴᠢ ᠪᠤᠯᠤᠨ᠎ᠠ᠂ ᠡᠨᠡ ᠬᠦ᠌ ᠠᠵᠢᠯ᠎ᠤᠨ ᠪᠠᠢᠷᠢ ᠳᠡᠭᠡᠷ᠎ᠡ ᠲᠡᠷᠡ ᠨᠢᠭᠡᠨᠲᠡ 20 ᠵᠢᠯ ᠠᠵᠢᠯᠯᠠᠵᠠᠶ᠃ ᠨᠡᠢᠲᠡ᠎ᠶ᠋ᠢᠨ ᠮᠠᠱᠢᠨ ᠲᠡᠷᠭᠡᠨ᠎ᠦ ᠵᠢᠯᠣᠭᠣᠴᠢ ᠪᠣᠯᠤᠭ᠍ᠰᠠᠨ ᠲᠡᠷᠡ ᠡᠳᠦᠷ ᠯᠢᠦ ᠬᠠᠢ ᠶᠠᠨ᠄《ᠲᠡᠷᠭᠡ᠎ᠪᠡᠨ ᠰᠠᠢᠲᠤᠷ ᠵᠢᠯᠣᠭᠣᠳᠴᠤ᠌᠂ ᠤᠯᠠᠨ ᠲᠦᠮᠡᠨ ᠳ᠋ᠤ ᠰᠠᠢᠲᠤᠷ ᠦᠢᠯᠡᠴᠢᠯᠡᠨ᠎ᠡ》 ᠭᠡᠰᠡᠨ ᠬᠠᠷᠠᠯᠲᠠ ᠲᠤᠭᠲᠠᠭᠠᠪᠠ᠃ 20 ᠵᠢᠯ᠎ᠦᠨ ᠲᠤᠷᠰᠢ᠂ ᠲᠡᠭᠦᠨ᠎ᠦ ᠵᠢᠯᠣᠭᠣᠳᠤᠭ᠍ᠰᠠᠨ ᠨᠡᠢᠲᠡ᠎ᠶ᠋ᠢᠨ ᠮᠠᠱᠢᠨ ᠲᠡᠷᠭᠡ ᠶᠡᠷᠦ᠍᠎ᠡᠴᠡ ᠵᠠᠮ ᠬᠠᠷᠢᠯᠴᠠᠭᠠᠨ᠎ᠤ ᠡᠨᠳᠡᠯ ᠭᠠᠷᠴᠤ᠌ ᠥᠩᠭᠡᠷᠡᠭ᠌ᠰᠡᠨ ᠦᠭᠡᠢ᠂ ᠲᠡᠷᠡ ᠠᠶᠠᠨᠴᠢᠨ ᠪᠦᠷᠢ ᠵᠢ ᠠᠮᠤᠷ ᠲᠦᠪᠱᠢᠨ᠎ᠢᠶᠡᠷ ᠥᠷᠲᠡᠭᠡᠨ᠎ᠳᠦ ᠬᠦᠷᠭᠡᠵᠦ᠍᠂ ᠴᠢᠩ ᠦᠨᠡᠨᠴᠢ ᠦᠢᠯᠡᠴᠢᠯᠡᠭᠡ᠎ᠪᠡᠷ᠎ᠢᠶᠡᠨ ᠨᠠᠭᠠᠰᠢ ᠴᠠᠭᠠᠰᠢ ᠶᠠᠪᠤᠬᠤ ᠬᠥᠮᠦᠰ᠎ᠢ ᠳᠣᠭ᠍ᠳᠣᠯᠤᠭᠤᠯᠤᠨ᠎ᠠ᠃
ᠰᠠᠶᠢ ᠠᠵᠢᠯ᠎ᠳᠤ ᠤᠷᠤᠬᠤ ᠦᠶᠡᠰ᠂ ᠯᠢᠦ ᠬᠠᠢ ᠶᠠᠨ ᠭᠡᠷ᠎ᠡᠴᠡ᠎ᠪᠡᠨ ᠮᠠᠰᠢ ᠣᠯᠠᠨ ᠪᠢᠴᠢᠬᠠᠨ ᠬᠡᠦᠬᠡᠯᠳᠡᠢ ᠠᠪᠴᠢᠷᠠᠵᠤ ᠲᠡᠷᠭᠡᠨ ᠳᠣᠲᠣᠷᠠᠬᠢ ᠠᠮᠠᠷᠬᠠᠨ ᠮᠥᠷᠭᠥᠵᠦ ᠮᠡᠳᠡᠬᠦ ᠭᠠᠵᠠᠷ ᠡᠯᠭᠦᠵᠦ ᠲᠠᠯᠪᠢᠵᠠᠢ; ᠤᠳᠠ ᠵᠢᠨ ᠤᠩᠭᠠᠷᠢᠯ ᠬᠡᠢᠰᠬᠦ ᠤᠯᠠᠷᠢᠯ ᠬᠠᠮᠠᠷ᠎ᠤᠨ ᠦᠷᠪᠢᠰᠦᠯ᠎ᠲᠡᠶ ᠠᠶᠠᠨᠴᠢᠳ᠎ᠲᠦ ᠠᠮᠠᠪᠴᠢ ᠪᠡᠯᠡᠳᠭᠡᠵᠦ ᠦᠭᠪᠡ; ᠪᠠᠰᠠ ᠴᠢᠰᠤᠨ ᠱᠢᠬᠢᠷ ᠪᠠᠭ᠎ᠠ ᠠᠶᠠᠨᠴᠢᠳ᠎ᠲᠤ ᠵᠤᠷᠢᠭᠤᠯᠤᠨ ᠱᠢᠬᠢᠷ ᠪᠡᠯᠡᠳᠭᠡᠵᠦ ᠲᠠᠯᠪᠢᠭᠰᠠᠨ ᠪᠠᠢᠳᠠᠭ᠃ ᠤᠨ ᠵᠢᠯᠤᠷᠴᠢᠨ ᠦᠩᠭᠡᠷᠡᠬᠦ᠌᠎ᠶ᠋ᠢ ᠳᠠᠭᠠᠯᠳᠤᠨ ᠲᠡᠬᠦᠨ᠎ᠤ ᠲᠡᠷᠭᠡᠨ ᠳᠣᠲᠣᠷ᠎ᠠ ᠪᠡᠯᠡᠳᠭᠡᠭᠰᠡᠨ ᠶᠠᠭᠤᠮ᠎ᠠ ᠤᠯᠠᠮ᠎ᠠᠴᠠ ᠤᠯᠠᠰᠢᠷᠠᠵᠤ᠂ 《ᠠᠷᠠᠳ ᠲᠦᠮᠡᠨ᠎ᠳᠦ ᠦᠢᠯᠡᠴᠢᠯᠡᠨ᠎ᠡ》 ᠭᠡᠰᠡᠨ ᠦᠰᠦᠭ᠎ᠲᠡᠶ ᠪᠣᠭ᠍ᠴᠣᠨ ᠳᠣᠲᠣᠷ᠎ᠠ ᠨᠢ ᠰᠦᠯᠢᠶᠣᠣ ᠤᠭᠤᠲᠠ᠂ ᠪᠣᠷᠣᠭᠠᠨ᠎ᠤ ᠱᠢᠬᠦᠷ᠂ ᠴᠠᠭᠠᠰᠤ᠂ ᠡᠮ᠂ ᠵᠡᠭᠦᠦ ᠤᠲᠠᠰᠤ ᠵᠡᠷᠭᠡ ᠠᠶᠠᠨ ᠵᠠᠮ᠎ᠤᠨ ᠬᠡᠷᠡᠭᠴᠡᠭᠡ ᠲᠠᠢ ᠵᠦᠢᠯ ᠪᠦᠷᠢᠨ ᠬᠦᠢᠴᠡᠳ ᠪᠠᠢᠯ᠎ᠠ᠃
ᠨᠢᠭᠡᠨ ᠡᠳᠦᠷ᠂ ᠯᠢᠦ ᠬᠠᠢ ᠶᠠᠨ ᠵᠤᠷᠰᠢᠯ ᠶᠤᠰᠤᠭᠠᠷ ᠲᠡᠷᠭᠡ ᠪᠠᠨ ᠵᠢᠯᠤᠭᠤᠳᠴᠤ ᠶᠠᠪᠤᠳᠠᠯ᠎ᠠ᠂ ᠨᠢᠭᠡ ᠪᠦᠰᠡᠭᠦᠢ ᠭᠡᠨᠡᠳᠲᠡ ᠲᠡᠷᠭᠡᠨ ᠲᠡᠭᠡᠷ᠎ᠡ ᠮᠠᠨᠠᠷᠠᠨ ᠤᠢᠴᠢᠪᠠ᠃ ᠯᠢᠦ ᠬᠠᠢ ᠶᠠᠨ ᠪᠠᠯᠢᠳᠠᠵᠤ ᠰᠠᠮᠭᠠᠷᠳᠠᠬᠰᠠᠨ ᠦᠭᠡᠢ ᠂ ᠲᠡᠷᠭᠡ᠎ᠪᠡᠨ ᠳᠠᠷᠤᠢᠬᠠᠨ ᠵᠠᠮ᠎ᠤᠨ ᠬᠠᠵᠠᠭᠤ᠎ᠳᠠᠬᠢ ᠠᠮᠤᠷ ᠲᠦᠪᠱᠢᠨ ᠭᠠᠵᠠᠷ᠎ᠲᠤ ᠵᠣᠭ᠍ᠰᠣᠭᠠᠵᠤ᠂ 《120 》 ᠪᠠᠴᠢᠮ ᠠᠪᠤᠷᠠᠯᠳᠠ᠎ᠶ᠋ᠢᠨ ᠤᠲᠠᠰᠤ ᠵᠢ ᠤᠳᠠᠰᠤᠳᠠᠭᠰᠠᠨ ᠪᠥᠭᠡᠳ ᠪᠤᠰᠤᠳ ᠠᠶᠠᠨᠴᠢᠳ᠎ᠢ ᠬᠠᠮᠲᠤ ᠠᠵᠢᠯᠲᠠᠨ᠎ᠤ ᠪᠠᠨ ᠵᠢᠯᠣᠭᠣᠳᠴᠤ᠌ ᠪᠠᠢᠭ᠍ᠰᠠᠨ ᠠᠷᠤ᠎ᠶ᠋ᠢᠨ ᠲᠡᠷᠭᠡᠨ ᠳ᠋ᠤ ᠱᠢᠯᠵᠢᠭᠦᠯᠪᠡ᠃ ᠯᠢᠦ ᠬᠠᠢ ᠶᠠᠨ᠎ᠤ ᠨᠠᠷᠢᠨ ᠨᠢᠮᠪᠠᠢ ᠬᠠᠷᠠᠭᠠᠯᠵᠠᠯ ᠵᠢᠡᠷ ᠮᠠᠨᠠᠷᠠᠭᠰᠠᠨ ᠪᠦᠰᠡᠭᠦᠢ ᠠᠭᠠᠵᠢᠮ᠎ᠢᠶᠠᠷ ᠰᠡᠷᠭᠦᠵᠦ᠍᠂ ᠪᠠᠴᠢᠮ ᠠᠪᠤᠷᠠᠯᠳᠠ᠎ᠶ᠋ᠢᠨ ᠲᠡᠷᠭᠡ ᠲᠤᠬᠠᠢ᠎ᠶ᠋ᠢᠨ ᠲᠠᠯᠠᠪᠠᠢ᠎ᠳᠤ ᠬᠦᠷᠴᠦ ᠢᠷᠡᠭᠰᠡᠨ᠎ᠦ ᠳᠠᠷᠠᠭ᠎ᠠ᠂ ᠯᠢᠦ ᠬᠠᠢ ᠶᠠᠨ ᠪᠠᠰᠠ ᠪᠡᠶ᠎ᠡ ᠳᠡᠭᠡᠷᠡᠬᠢ 200 ᠲᠥᠭᠥᠷᠢᠭ᠎ᠦᠨ ᠪᠡᠯᠡᠨ ᠵᠣᠭᠣᠰ᠎ᠢᠶᠠᠨ ᠭᠠᠷᠭᠠᠵᠤ᠂ ᠪᠠᠴᠢᠮ ᠠᠪᠤᠷᠠᠯᠳᠠ᠎ᠶ᠋ᠢᠨ ᠲᠡᠷᠭᠡᠨ᠎ᠤ ᠡᠮᠴᠢᠯᠡᠭᠡᠨ᠎ᠦ ᠰᠦᠢᠳᠭᠡᠯ᠎ᠢ ᠣᠷᠣᠯᠠᠨ ᠲᠤᠱᠢᠶᠠᠵᠤ ᠦᠭᠪᠠ᠃《ᠶᠣᠰᠣᠲᠠᠶ 〈ᠨᠠᠮ᠎ᠤᠨ ᠭᠡᠱᠢᠭᠦᠨ᠎ᠦ ᠵᠢᠱ᠌ᠢᠶ᠎ᠡ ᠦᠵᠡᠭᠦᠯᠬᠦ᠌ ᠠᠵᠢᠯ᠎ᠤᠨ ᠪᠠᠢᠷᠢ〉 ᠪᠠᠢᠨ᠎ᠠ᠂ ᠡᠪ ᠬᠠᠮᠲᠤ ᠨᠠᠮ᠎ᠤᠨ ᠭᠡᠱᠢᠭᠦᠨ᠎ᠦ ᠪᠠᠢᠪᠠᠰᠤ ᠵᠣᠬᠢᠬᠤ ᠶᠠᠩᠵᠤ᠎ᠶ᠋ᠢ ᠪᠢᠳᠡ ᠣᠯᠵᠤ ᠬᠠᠷᠠᠯ᠎ᠠ! 》 ᠭᠡᠵᠦ ᠠᠶᠠᠨᠴᠢᠳ ᠶᠠᠷᠢᠵᠠᠭᠠᠨ᠎ᠠ᠃
ᠵᠢᠯᠣᠭᠣᠴᠢ ᠵᠢᠨ ᠠᠵᠢᠯ ᠭᠡᠵᠦ ᠮᠡᠷᠭᠡᠵᠢᠯ᠎ᠦᠨ ᠠᠵᠢᠯ᠂ ᠪᠠᠰᠠ ᠴᠤ᠌ ᠬᠥᠮᠦᠨ᠎ᠲᠡᠶ ᠬᠠᠷᠢᠯᠴᠠᠬᠤ ᠠᠵᠢᠯ ᠪᠤᠯᠤᠨ᠎ᠠ᠃ ᠤᠳᠠᠭᠠᠨ᠎ᠳᠠᠭᠠᠨ ᠯᠢᠦ ᠬᠠᠢ ᠶᠠᠨ᠂ ᠬᠠᠢᠷ᠎ᠠ ᠬᠠᠯᠠᠮᠵᠢ ᠪᠣᠯ ᠴᠢᠨᠠᠷ ᠰᠠᠢᠳᠠᠢ ᠦᠢᠯᠡᠴᠢᠯᠡᠭᠡᠨ᠎ᠦ ᠰᠠᠭᠤᠷᠢ ᠮᠥᠨ᠂ ᠪᠤᠰᠤᠳ᠎ᠤᠨ ᠬᠠᠷᠠᠭᠠᠰᠤ ᠡᠴᠡ ᠪᠤᠰᠤᠳ᠎ᠤᠨ ᠲᠥᠯᠥᠭᠡ ᠢᠯᠡᠬᠦᠦ ᠪᠣᠳᠣᠯᠬᠢᠯᠠᠬᠤ ᠨᠢ ᠠᠶᠠᠨᠴᠢᠳ᠎ᠤᠨ ᠬᠠᠨᠤᠮᠵᠢ ᠦᠭᠡᠢ ᠰᠡᠳᠬᠢᠭᠳᠡᠯ᠎ᠢ ᠪᠠᠭᠠᠰᠬᠠᠵᠤ᠂ ᠵᠥᠷᠢᠴᠡᠯ᠎ᠢ ᠠᠷᠢᠯᠭᠠᠵᠤ ᠴᠢᠳᠠᠨ᠎ᠠ ᠭᠡᠰᠡᠨ ᠲᠤᠷᠰᠢᠯᠭ᠎ᠠ ᠵᠢ ᠳ᠋ᠦᠩᠨᠡᠵᠦ ᠭᠠᠷᠭᠠᠯ᠎ᠠ᠃ ᠨᠠᠰᠤ ᠠᠬᠢᠭ᠍ᠰᠠᠨ ᠠᠶᠠᠨᠴᠢᠳ ᠪᠠᠢᠪᠠᠯ ᠯᠢᠦ ᠬᠠᠢ ᠶᠠᠨ ᠯᠠᠪᠳᠠᠭᠤᠨ ᠰᠠᠭᠤᠭ᠍ᠰᠠᠨᠤ ᠬᠢᠨᠢ ᠳᠠᠷᠠᠭ᠎ᠠ ᠶᠠᠪᠤᠵᠤ ᠡᠬᠢᠯᠡᠨ᠎ᠠ; ᠵᠠᠮ ᠲᠦᠭ᠌ᠵᠢᠷᠡᠵᠦ ᠥᠷᠲᠡᠭᠡᠨ᠎ᠳᠦ ᠣᠷᠣᠢᠲᠠᠵᠤ ᠬᠦᠷᠬᠦ ᠪᠡᠷ ᠲᠡᠷᠡ᠌ ᠠᠶᠠᠨᠴᠢᠳ᠎ᠲᠤ ᠪᠤᠷᠤᠭᠤ ᠬᠦᠯᠢᠶᠡᠨ᠎ᠡ; ᠪᠣᠷᠣᠭᠠᠨ᠎ᠲᠠᠶ ᠡᠳᠦᠷ ᠲᠣᠬᠢᠶᠠᠯᠳᠤᠪᠠᠯ ᠲᠡᠷᠡ ᠠᠶᠠᠨᠴᠢᠳ᠎ᠲᠤ ᠪᠣᠷᠣᠭᠠᠨ᠎ᠤ ᠱᠢᠬᠦᠷ ᠬᠠᠩᠭᠠᠨ᠎ᠠ ᠁ ᠠᠭᠠᠵᠢᠮ᠎ᠢᠶᠠᠷ᠂ ᠮᠠᠰᠢ ᠣᠯᠠᠨ ᠬᠥᠮᠦᠨ 98 ᠳ᠋ᠤᠭᠠᠷ ᠵᠠᠮ᠎ᠤᠨ ᠨᠡᠢᠲᠡ᠎ᠶ᠋ᠢᠨ ᠮᠠᠱᠢᠨ ᠲᠡᠷᠭᠡᠨ ᠳᠡᠭᠡᠷᠡᠬᠢ ᠨᠢᠭᠡ ᠡᠮᠡᠭ᠌ᠲᠡᠢ ᠵᠢᠯᠣᠭᠣᠴᠢ ᠵᠢᠨᠦᠢᠯᠡᠴᠢᠯᠡᠭᠡ ᠣᠨᠴᠠᠭᠠᠢ ᠰᠠᠢᠨ ᠪᠠᠢᠳᠠᠭ ᠭᠡᠳᠡᠭ᠎ᠢ ᠮᠡᠳᠡᠪᠡ᠃
ᠯᠧᠢ ᠹᠧᠩ᠎ᠦᠨ ᠵᠣᠷᠢᠭ ᠰᠠᠨᠠᠭ᠎ᠠ᠎ᠶ᠋ᠢ ᠪᠠᠳᠠᠷᠠᠭᠤᠯᠬᠤ᠎ᠶ᠋ᠢᠨ ᠲᠥᠯᠥᠭᠡ᠂ 2020 ᠣᠨ᠎ᠳᠤ ᠺᠣᠮᠫᠠᠨᠢ᠎ᠨᠢ ᠯᠢᠦ ᠬᠠᠶ ᠶᠠᠨ᠎ᠤ ᠳᠤᠭᠤᠢᠯᠠᠩ᠎ᠳᠤ 《ᠯᠧᠢ ᠹᠧᠩ᠎ᠡᠴᠡ ᠰᠤᠷᠤᠯᠴᠠᠬᠤ》 ᠭᠤᠤᠯ ᠰᠡᠳᠦᠪᠲᠦ ᠲᠡᠷᠭᠡᠨ ᠲᠠᠰᠤᠭ ᠢ᠋ ᠪᠠᠢᠭᠤᠯᠵᠤ᠂ ᠨᠡᠢᠳᠡ ᠵᠢᠨ ᠮᠠᠰᠢᠨ ᠲᠡᠷᠭᠡᠨ ᠳᠣᠲᠣᠷ᠎ᠠ ᠯᠧᠢ ᠹᠧᠩ᠎ᠦᠨ ᠬᠥᠷᠥᠭ᠂ ᠯᠧᠢ ᠹᠧᠩ᠎ᠦᠨ ᠥᠯᠢᠭᠡᠷ᠎ᠤᠨ ᠨᠣᠮ ᠪᠢᠴᠢᠭ ᠪᠤᠯᠤᠨ《ᠯᠧᠢ ᠹᠧᠩ᠎ᠦᠨ ᠡᠳᠦᠷ᠎ᠦᠨ ᠲᠡᠮᠳᠡᠭ᠌ᠯᠡᠯ》᠎ᠤ᠋ᠨ ᠬᠡᠰᠡᠭ ᠠᠭᠤᠯᠭ᠎ᠠ ᠵᠢ ᠪᠠᠢᠷᠢᠯᠠᠭᠤᠯᠵᠤ᠂ ᠨᠡᠢᠲᠡ ᠵᠢᠨ ᠮᠠᠰᠢᠨ ᠲᠡᠷᠭᠡ ᠵᠢ ᠯᠧᠢ ᠹᠧᠩ᠎ᠦᠨ ᠵᠣᠷᠢᠭ ᠰᠠᠨᠠᠭᠠᠨ᠎ᠤ ᠬᠥᠮᠦᠵᠢᠯ᠎ᠤᠨ ᠰᠢᠨ᠎ᠡ ᠠᠴᠢᠶᠠᠯᠠᠪᠤᠷᠢ ᠪᠣᠯᠭᠠᠭᠰᠠᠨ ᠪᠠᠢᠨ᠎ᠠ᠃ ᠨᠢᠭᠡᠨ ᠤᠳᠠᠭ᠎ᠠ᠂ ᠨᠡᠢᠳᠡ ᠵᠢᠨ ᠮᠠᠰᠢᠨ ᠲᠡᠷᠭᠡᠨ ᠳᠡᠭᠡᠷᠡᠬᠢ 《ᠯᠧᠢ ᠹᠧᠩ᠎ᠦᠨ ᠡᠳᠦᠷ᠎ᠦᠨ ᠲᠡᠮᠳᠡᠭ᠌ᠯᠡᠯ》 ᠢ᠋ ᠡᠵᠢ ᠨᠢ ᠤᠩᠱᠢᠵᠤ ᠥᠭ᠌ᠭᠦᠭ᠌ᠰᠡᠨᠤ ᠲᠠᠷᠠᠭ᠎ᠠ᠂ ᠨᠢᠭᠡᠨ ᠪᠢᠴᠢᠬᠠᠨ ᠬᠦᠦ ᠰᠠᠨᠠᠭᠠᠴᠢᠯᠠᠭ᠎ᠠ᠎ᠠᠴᠠ᠎ᠪᠠᠨ ᠨᠠᠰᠤᠲᠠᠨ᠎ᠳᠤ ᠣᠷᠣ ᠪᠠᠨ ᠶᠡᠭᠦᠯᠡᠵᠦ ᠥᠭ᠌ᠪᠡ᠃ ᠡᠨᠡ ᠬᠦ᠌ ᠦᠵᠡᠭ᠌ᠳᠡᠯ᠎ᠢ ᠬᠠᠷᠠᠭᠰᠠᠨ ᠯᠢᠦ ᠬᠠᠢ ᠶᠠᠨ ᠶᠡᠭᠡᠭᠡᠨ ᠰᠡᠳᠭᠢᠯ ᠳᠣᠭ᠍ᠳᠣᠯᠵᠤ᠄ 《ᠨᠡᠢᠲᠡ ᠵᠢᠨ ᠮᠠᠰᠢᠨ ᠲᠡᠷᠭᠡᠨ ᠳᠡᠭᠡᠷ᠎ᠠ ᠰᠣᠶᠣᠯ᠎ᠤᠨ ᠤᠬᠠᠭᠤᠯᠭ᠎ᠠ ᠪᠤᠯᠤᠨ ᠥᠪᠡᠷ᠎ᠦᠨ ᠦᠭᠡ ᠶᠠᠷᠢᠶ᠎ᠠ ᠦᠢᠯᠡ ᠠᠵᠢᠯᠯᠠᠭ᠎ᠠ᠎ᠪᠠᠷ᠎ᠢᠶᠠᠨ ᠯᠸᠢ ᠹᠸᠩ᠎ᠤᠨ ᠵᠣᠷᠢᠭ ᠰᠠᠨᠠᠭ᠎ᠠ᠎ᠶ᠋ᠢ ᠤᠯᠠᠮᠵᠢᠯᠠᠨ᠎ᠠ》 ᠭᠡᠵᠦ ᠵᠤᠷᠢᠭ ᠰᠢᠭᠤᠳᠤᠭᠰᠠᠨ ᠪᠠᠢᠯ᠎ᠠ᠃
2015 ᠣᠨ᠎ᠳᠤ ᠺᠣᠮᠫᠠᠨᠢ ᠡᠴᠡ《ᠯᠢᠦ ᠬᠠᠶ ᠶᠠᠨ᠎ᠤ ᠱᠢᠨ᠎ᠡ᠎ᠶ᠋ᠢ ᠡᠭᠦᠳᠬᠦ᠌ ᠠᠵᠢᠯᠯᠠᠬᠤ ᠲᠠᠰᠤᠭ》 ᠢ᠋ ᠡᠬᠦᠳᠦᠨ ᠪᠠᠢᠭᠤᠯᠤᠭᠰᠠᠨ᠎ᠠᠴᠠ ᠨᠠᠭᠠᠰᠢ᠂ ᠺᠣᠮᠫᠠᠨᠢ᠎ᠶ᠋ᠢᠨ ᠱᠢᠯᠢᠳᠡᠭ ᠵᠢᠯᠣᠭᠣᠴᠢ ᠨᠠᠷ ᠦᠷᠭᠦᠯᠵᠢ ᠠᠵᠢᠯ᠎ᠤᠨ ᠲᠤᠷᠱᠢᠯᠭ᠎ᠠ᠎ᠪᠠᠨ ᠰᠣᠯᠢᠯᠴᠠᠬᠤ ᠪᠤᠶᠤ ᠠᠵᠢᠯ᠎ᠤᠨ ᠠᠷᠭ᠎ᠠ᠎ᠪᠠᠨ ᠰᠤᠳᠤᠯᠤᠨ ᠶᠠᠷᠢᠯᠴᠠᠬᠤ ᠵᠢᠨ ᠬᠠᠮᠲᠤ᠂ ᠵᠠᠯᠠᠭᠤ ᠠᠵᠢᠯᠲᠠᠨ ᠠᠵᠢᠯᠴᠢᠨ᠎ᠳᠤ ᠪᠣᠯᠪᠠᠰᠤᠷᠠᠯ ᠬᠦᠷᠳᠡᠭᠡᠵᠦ᠂ ᠡᠯ᠎ᠡ ᠵᠠᠮ ᠱᠤᠭᠤᠮ᠎ᠤᠨ ᠦᠶ᠋ᠯᠡᠴᠢᠯᠡᠭᠡᠨ᠎ᠦ ᠶᠠᠰᠤ ᠴᠢᠨᠠᠷ᠎ᠢ ᠪᠥᠬᠥ᠌ ᠲᠠᠯ᠎ᠠ᠎ᠪᠠᠷ ᠳᠡᠭᠡᠭ᠌ᠰᠢᠯᠡᠭᠦᠯᠪᠡ᠃
ᠯᠢᠦ ᠬᠠᠢ ᠶᠠᠨ ᠬᠡᠳᠦᠢᠪᠡᠷ ᠲᠩᠷᠢ ᠭᠠᠵᠠᠷ᠎ᠢ ᠳᠣᠩᠰᠣᠯᠭᠠᠮ᠎ᠠ ᠠᠤᠭ᠎ᠠ ᠠᠵᠢᠯᠯᠠᠭ᠎ᠠ ᠬᠢᠭᠰᠡᠨ ᠦᠭᠡᠢ ᠪᠣᠯᠪᠠᠴᠤ᠌ ᠲᠡᠭᠦᠨ᠎ᠦ ᠳᠣᠲᠣᠨᠣ ᠦᠢᠯᠡᠴᠢᠯᠡᠭᠡ᠂ ᠬᠠᠷᠠᠮ ᠦᠭᠡᠢ ᠵᠢᠳᠬᠦᠯ ᠨᠢ ᠤᠯᠠᠨ ᠲᠦᠮᠡᠨ᠎ᠦ ᠮᠠᠭ᠍ᠲᠠᠭᠠᠯ ᠰᠠᠢᠱᠢᠶᠠᠯ᠎ᠢ ᠣᠯᠵᠤ᠂ ᠤᠯᠠᠨ ᠢᠷᠠᠭᠤ ᠠᠯᠳᠠᠷ᠎ᠢ ᠬᠦᠷᠲᠡᠵᠡᠢ᠄ ᠪᠦᠬᠦ᠌ ᠤᠯᠤᠰ᠎ᠤᠨ ᠠᠵᠢᠯ᠎ᠤᠨ ᠪᠠᠢᠷᠢ ᠳᠡᠭᠡᠷ᠎ᠡ ᠪᠠᠨ ᠯᠸᠢ ᠹᠸᠩ ᠡᠴᠡ ᠰᠤᠷᠤᠯᠴᠠᠭ᠍ᠰᠠᠨ ᠪᠢᠶᠤᠤᠪᠢᠩ᠂ ᠥᠪᠡᠷᠲᠡᠭᠡᠨ ᠵᠠᠰᠠᠬᠤ ᠣᠷᠣᠨ᠎ᠤ ᠱᠢᠯᠢᠳᠡᠭ ᠡᠪ ᠬᠠᠮᠲᠤ ᠨᠠᠮ᠎ᠤᠨ ᠭᠡᠱᠢᠭᠦᠨ᠂ ᠬᠥᠬᠡᠬᠣᠲᠠ᠎ᠶ᠋ᠢᠨ ᠭᠤᠷᠪᠠᠳᠤᠭᠠᠷ ᠬᠤᠭᠤᠴᠠᠭᠠᠨ᠎ᠤ ᠬᠠᠮᠤᠭ᠎ᠤᠨ ᠭᠤᠶᠤ ᠨᠡᠢᠲᠡ᠎ᠶ᠋ᠢᠨ ᠮᠠᠱᠢᠨ ᠲᠡᠷᠭᠡᠨ᠎ᠦ ᠦᠢᠯᠡᠴᠢᠯᠡᠭ᠌ᠴᠢ᠂ ᠠᠷᠪᠠᠳᠤᠭᠠᠷ ᠬᠤᠭᠤᠴᠠᠭᠠᠨ᠎ᠤ ᠬᠥᠬᠡᠬᠣᠲᠠ᠎ᠶ᠋ᠢᠨ ᠶᠣᠰᠣ ᠰᠤᠷᠲᠠᠬᠤᠨ᠎ᠤ ᠵᠢᠱ᠌ᠢᠶᠡᠴᠢ ᠁ ᠡᠳᠡᠭᠡᠷ ᠨᠢ ᠯᠢᠦ ᠬᠠᠢ ᠶᠠᠨ᠎ᠳᠤ ᠠᠪᠴᠤ᠌ ᠬᠡᠯᠡᠪᠡᠯ ᠢᠷᠠᠭᠤ ᠠᠯᠳᠠᠷ ᠪᠤᠯᠬᠤ ᠪᠡᠷ ᠦᠯᠦ ᠪᠠᠷᠠᠮ ᠨᠡᠩ ᠴᠤ᠌ ᠬᠦᠳᠡᠯᠭᠡᠭᠴᠢ ᠬᠦᠴᠦᠨ ᠪᠤᠯᠤᠨ᠎ᠠ᠃《ᠬᠣᠲᠠ᠎ᠶ᠋ᠢᠨ ᠨᠡᠢᠲᠡ᠎ᠶ᠋ᠢᠨ ᠮᠠᠱᠢᠨ ᠲᠡᠷᠭᠡ ᠪᠣᠯ ᠬᠣᠲᠠ᠎ᠶ᠋ᠢᠨ〈ᠨᠡᠭᠦᠳᠡᠯ ᠨᠡᠷ᠎ᠡ᠎ᠶ᠋ᠢᠨ ᠬᠠᠭᠤᠳᠠᠰᠤ〉 ᠮᠥᠨ᠂ ᠪᠢ ᠨᠡᠢᠲᠡ᠎ᠶ᠋ᠢᠨ ᠮᠠᠱᠢᠨ ᠲᠡᠷᠭᠡᠨ᠎ᠦ ᠵᠢᠯᠣᠭᠣᠴᠢ ᠪᠣᠯᠤᠭ᠍ᠰᠠᠨ᠎ᠤ ᠬᠤᠪᠢ᠎ᠳᠤ᠂ ᠯᠸᠢ ᠹᠸᠩ᠎ᠤᠨ ᠵᠣᠷᠢᠭ ᠰᠠᠨᠠᠭ᠎ᠠ ᠶ᠋ᠢ ᠰᠠᠨᠠᠭᠠᠴᠢᠯᠠᠭ᠎ᠠ ᠡᠴᠡ ᠪᠠᠨ ᠢᠳᠡᠪᠬᠢᠳᠡᠢ ᠪᠡᠷ ᠤᠯᠠᠮᠵᠢᠯᠠᠨ ᠪᠠᠳᠠᠷᠠᠭᠤᠯᠵᠤ᠂ ᠡᠭᠡᠯ ᠵᠢᠷ᠎ᠦᠨ ᠠᠵᠢᠯ᠎ᠤᠨ ᠪᠠᠢᠷᠢ ᠳᠡᠭᠡᠷ᠎ᠡ ᠪᠠᠨ ᠨᠠᠩ ᠴᠢᠨᠠᠷ ᠰᠠᠢᠲᠠᠶ ᠦᠶ᠋ᠯᠡᠴᠢᠯᠡᠭᠡ᠎ᠪᠡᠷ᠎ᠢᠶᠡᠨ ᠡᠨᠡ ᠬᠦ᠌ 〈ᠨᠡᠷ᠎ᠡ᠎ᠶ᠋ᠢᠨ ᠬᠠᠭᠤᠳᠠᠰᠤ〉 ᠵᠢ ᠨᠡᠩ ᠭᠡᠷᠡᠯ ᠰᠠᠴᠤᠷᠠᠩᠭᠤᠢ ᠪᠤᠯᠭᠠᠨ᠎ᠠ》 ᠭᠡᠵᠦ ᠯᠢᠦ ᠬᠠᠢ ᠶᠠᠨ ᠢᠲᠡᠭᠡᠯ ᠲᠡᠭᠦᠯᠳᠡᠷ ᠶᠠᠷᠢᠨ᠎ᠠ᠃
- ᠨᠠᠢᠷᠠᠭᠤᠯᠤᠭ᠍ᠴᠢ᠄
- ᠨᠡᠪᠲᠡᠷᠡᠭᠦᠯᠦᠭᠴᠢ᠄
- ᠮᠡᠷᠭᠡᠵᠢᠯ᠄
ᠨᠠᠢᠷᠠᠭᠤᠯᠤᠭ᠍ᠴᠢ᠄ ᠤᠶᠤᠨᠲᠠᠨ᠎ᠠ
ᠣᠷᠴᠢᠭᠤᠯᠤᠭ᠍ᠴᠢ᠄




ᠰᠢᠭᠦᠮᠵᠢ ᠠᠯᠠᠭ᠎ᠠ ᠂ ᠬᠤᠷᠳᠤᠨ ᠨᠢᠭᠡᠳᠦᠭᠡᠷ ᠵᠤᠷᠪᠤᠰ ᠰᠢᠭᠦᠮᠵᠢ ᠨᠡᠢ᠌ᠲᠡᠯᠡᠭᠡᠷᠡᠢ᠃