2022-03-15 15:52:04
ᠬᠥᠬᠡᠬᠣᠲᠠ᠎ᠶᠢᠨ ᠲᠡᠮᠦᠷ ᠵᠠᠮ᠎ᠤᠨ ᠲᠣᠪᠴᠢᠶ᠎ᠠ᠎ᠶᠢᠨ ᠦᠬᠠᠶ᠎ᠶᠢᠨ ᠲᠡᠷᠭᠡᠨ᠎ᠦ ᠶᠠᠪᠤᠳᠠᠯ᠎ᠤᠨ ᠬᠡᠰᠡᠭ᠎ᠦᠨ ᠪᠠᠶᠠᠨᠭᠣᠣᠯ ᠲᠡᠷᠭᠡᠨ ᠥᠷᠲᠡᠭᠡᠨ᠎ᠦ ᠤᠤᠯ᠎ᠤᠨ ᠠᠶᠠᠨᠴᠢᠳ᠎ᠤᠨ ᠵᠦᠬᠡᠬᠡᠪᠦᠷᠢ᠎ᠶᠢᠨ ᠡᠷᠬᠢᠯᠡᠭᠴᠢ ᠵᠧᠩ ᠵᠢᠶᠠ ᠴᠢᠩ ᠠᠶᠠᠨᠴᠢᠳ ᠲᠡᠬᠢ ᠲᠤᠳᠤᠨᠤ ᠥᠢᠯᠡᠴᠢᠯᠡᠬᠡ ᠪᠡᠷ 29 ᠵᠢᠯ᠎ᠢ ᠨᠢᠭᠡ ᠡᠳᠦᠷ ᠮᠡᠲᠦ ᠦᠩᠬᠡᠷᠡᠬᠦᠯᠤᠯᠠ᠃ ᠠᠯᠪᠠᠨ ᠬᠤᠪᠴᠠᠰᠤ ᠡᠮᠦᠰᠴᠦ ᠥᠷᠲᠡᠭᠡᠨ᠎ᠦ ᠲᠠᠪᠴᠠᠩ᠂ ᠪᠢᠯᠧᠲ ᠬᠤᠳᠠᠯᠳᠤᠬᠤ ᠲᠢᠩᠬᠢᠮ ᠪᠣᠯᠤᠨ ᠲᠡᠷᠭᠡ ᠬᠦᠯᠢᠶᠡᠬᠦ ᠲᠠᠰᠤᠭ᠎ᠢᠶᠡᠷ ᠨᠠᠭᠠᠰᠢ ᠴᠠᠭᠠᠰᠢ ᠵᠣᠷᠴᠢᠬᠤ ᠪᠣᠯ ᠲᠡᠭᠦᠨ᠎ᠦ ᠬᠠᠮᠤᠭ᠎ᠤᠨ ᠣᠮᠣᠭᠰᠢᠯ ᠲᠠᠢ ᠴᠠᠭ ᠮᠥᠴᠡ ᠪᠠᠢᠵᠥ᠂ ᠨᠡᠢᠲᠡ ᠲᠦᠮᠡ ᠭᠠᠷᠤᠶ ᠭᠤᠤᠯᠳᠠᠯᠭ᠎ᠠ᠎ᠲᠠᠶ ᠠᠶᠠᠨᠴᠢᠳ᠎ᠢ ᠬᠠᠪᠰᠤᠷᠤᠨ ᠲᠡᠳᠬᠦᠵᠦ᠂ 21 ᠬᠡᠮᠡᠷᠯᠢᠭ ᠲᠣᠭ ᠪᠠ 1000 ᠭᠠᠷᠤᠶ ᠲᠠᠯᠠᠷᠬᠠᠯ᠎ᠤᠨ ᠵᠠᠬᠢᠳᠠᠯ ᠲᠤᠰᠤᠬᠰᠠᠨ ᠨᠢ ᠲᠡᠬᠦᠨ᠎ᠤ ᠬᠠᠮᠤᠬ ᠤ᠋ᠨ ᠪᠠᠶᠠᠷᠯᠠᠭᠤᠰᠢᠳᠠᠢ ᠶᠠᠪᠤᠳᠠᠯ ᠪᠤᠯᠬᠤ ᠶᠤᠮᠰᠠᠨ᠃
1985 ᠣᠨ᠎ᠳᠤ᠂ 17 ᠨᠠᠰᠤᠲᠠᠢ ᠵᠧᠩ ᠵᠢᠶᠠ ᠴᠢᠩ ᠠᠩᠬ᠎ᠠ ᠤᠳᠠᠭ᠎ᠠ ᠭᠠᠭᠴᠠᠭᠠᠷ᠎ᠢᠶᠠᠨ ᠭᠠᠯᠲᠤ ᠲᠡᠷᠭᠡᠨ᠎ᠳᠦ ᠰᠠᠭᠤᠵᠤ ᠪᠤᠭᠤᠲᠤ᠎ᠳᠤ ᠬᠦᠷᠴᠦ ᠡᠪᠡᠳᠴᠢᠯᠡᠭᠰᠡᠨ ᠨᠠᠭᠠᠴᠤ ᠡᠮᠡᠭᠡ᠎ᠪᠡᠨ ᠪᠣᠯᠭᠣᠭᠠᠨ ᠦᠵᠡᠬᠦ ᠪᠡᠷ ᠶᠠᠪᠤᠪᠠ᠃ ᠭᠡᠪᠡᠴᠦ ᠪᠢᠯᠧᠲ ᠠᠪᠬᠤ᠎ᠳᠤ ᠵᠣᠭᠣᠰ᠎ᠨᠢ ᠬᠦᠷᠦᠯᠴᠡᠬᠦ ᠦᠭᠡᠢ ᠪᠤᠯᠵᠤ᠂ ᠬᠡᠷ ᠲᠡᠭᠡᠨ ᠬᠠᠷᠢᠬᠤ ᠬᠡᠬᠦ᠎ᠳᠤ ᠪᠠᠰᠠ ᠬᠠᠮᠤᠭ᠎ᠤᠨ ᠰᠡᠭᠦᠯᠴᠢ᠎ᠶᠢᠨ ᠭᠠᠯᠲᠤ ᠲᠡᠷᠭᠡᠨ᠎ᠡᠴᠡ ᠬᠣᠴᠣᠷᠬᠤ᠎ᠠᠴᠠ ᠪᠠᠨ ᠠᠶᠤᠵᠤ᠂ ᠲᠡᠷᠭᠡ ᠬᠦᠯᠢᠶᠡᠬᠦ ᠲᠠᠰᠤᠭ᠎ᠲᠦ ᠮᠠᠰᠢ ᠪᠠᠴᠢᠮᠳᠠᠨ ᠭᠠᠷ᠎ᠢᠶᠡᠨ ᠨᠤᠬᠤᠯᠠᠨ ᠭᠠᠴᠢᠬᠳᠠᠨ ᠰᠠᠭᠤᠵᠤ ᠪᠠᠢᠬᠤ ᠦᠶ᠎ᠡ᠎ᠳᠦ᠂ ᠲᠡᠮᠦᠷ ᠵᠠᠮ᠎ᠤᠨ ᠨᠢᠬᠡᠨ ᠠᠵᠢᠯᠲᠠᠨ ᠡᠭᠡᠴᠢ ᠳᠡᠷᠭᠡᠳᠡ ᠨᠢ ᠬᠦᠷᠴᠦ ᠢᠷᠡᠭᠡᠳ᠂ ᠲᠡᠭᠦᠨ᠎ᠢ ᠬᠠᠯᠠᠭᠤᠨ ᠲᠤᠳᠤᠨᠤᠰᠤᠭ᠎ᠢᠶᠡᠷ ᠲᠠᠢᠳᠬᠤᠷᠠᠭᠤᠯᠤᠨ᠂ ᠪᠠᠰᠠ ᠥᠪᠡᠷ᠎ᠤᠨ ᠵᠣᠭᠣᠰ᠎ᠢᠶᠡᠨ ᠭᠠᠷᠭᠠᠵᠤ ᠲᠡᠭᠦᠨ᠎ᠳᠦ ᠭᠠᠯᠲᠤ ᠲᠡᠷᠭᠡᠨ᠎ᠦ ᠪᠢᠯᠧᠲ ᠬᠤᠳᠠᠯᠳᠤᠨ ᠠᠪᠴᠤ ᠥᠭᠴᠡᠢ᠃ ᠵᠧᠩ ᠵᠢᠶᠠ ᠴᠢᠩ ᠮᠠᠰᠢ ᠪᠠᠶᠠᠷᠯᠠᠵᠤ᠂ ᠲᠡᠭᠦᠨ᠎ᠦ ᠰᠡᠳᠬᠢᠯ᠎ᠳᠤ ᠡᠨᠡ ᠬᠦ᠌ ᠠᠵᠢᠯ ᠨᠢ ᠲᠤᠢᠯ᠎ᠤᠨ ᠡᠷᠬᠢᠮ ᠲᠡᠬᠡᠳᠤ ᠠᠵᠢᠯ ᠪᠣᠯᠤᠨ᠎ᠠ ᠬᠡᠮᠡᠨ ᠰᠠᠨᠠᠭᠳᠠᠵᠠᠢ᠃ ᠳᠠᠷᠠᠭ᠎ᠠ ᠵᠢᠯ᠎ᠦᠨ ᠬᠢᠨᠢ 5 ᠰᠠᠷ᠎ᠠ᠎ᠳᠤ᠂ ᠲᠡᠷᠡ ᠶᠡᠬᠡ ᠳᠡᠭᠡᠳᠦ ᠰᠤᠷᠭᠠᠭᠤᠯᠢ᠎ᠳᠤ ᠰᠤᠷᠤᠭᠴᠢ ᠡᠯᠰᠡᠬᠦ ᠤᠯᠤᠰ᠎ᠤᠨ ᠨᠢᠭᠡᠳᠦᠯᠲᠡᠢ ᠰᠢᠯᠭᠠᠯᠲᠠ᠎ᠶᠢᠨ ᠲᠥᠯᠥᠪᠯᠡᠭᠡ᠎ᠪᠡᠨ ᠲᠠᠶᠠᠭᠳᠠᠵᠤ᠂ ᠲᠡᠮᠦᠷ ᠵᠠᠮ᠎ᠤᠨ ᠠᠵᠢᠯᠴᠢᠨ ᠡᠯᠰᠡᠬᠦ ᠰᠢᠯᠭᠠᠯᠲᠠ᠎ᠳᠤ ᠣᠷᠣᠯᠴᠠᠨ᠂ ᠦᠪᠡᠷ᠎ᠤᠨ ᠬᠦᠰᠡᠯ ᠵᠡᠭᠦᠳᠦ᠎ᠪᠡᠨ ᠲᠡᠷᠭᠡᠯᠰᠢᠭᠦᠯᠵᠦ᠂ ᠬᠥᠬᠡᠬᠣᠲᠠ᠎ᠶᠢᠨ ᠲᠡᠮᠦᠷ ᠵᠠᠮ᠎ᠤᠨ ᠠᠶᠠᠨᠴᠢᠳ᠎ᠤᠨ ᠲᠡᠭᠡᠭᠡᠪᠦᠷᠢ᠎ᠶᠢᠨ ᠨᠢᠭᠡᠨ ᠠᠵᠢᠯᠲᠠᠨ ᠪᠣᠯᠵᠠᠢ᠃
ᠠᠵᠢᠯ᠎ᠤᠨ ᠪᠠᠢᠷᠢ᠎ᠳᠠᠭᠠᠨ ᠭᠠᠷᠤᠭᠰᠠᠨ ᠡᠳᠦᠷ᠎ᠡᠴᠡ᠎ᠪᠡᠨ ᠡᠬᠢᠯᠡᠨ᠂ ᠠᠶᠠᠨᠴᠢᠳ᠎ᠤᠨ ᠵᠦᠬᠡᠬᠡᠪᠦᠷᠢ᠎ᠶᠢᠨ ᠬᠤᠭᠤᠴᠠᠭᠠᠨ᠎ᠳᠤ ᠠᠶᠠᠨᠴᠢᠨ ᠨᠢᠬᠡᠪᠦᠷᠢ ᠳ᠋ᠤ ᠬᠠᠯᠠᠭᠤᠮᠰᠤᠬ ᠲᠤᠳᠤᠨᠤ ᠪᠡᠷ ᠦᠢᠯᠡᠴᠢᠯᠡᠬᠦ ᠬᠡᠷᠡᠭᠲᠡᠶ ᠭᠡᠳᠡᠭ᠎ᠢ ᠲᠡᠷᠡ ᠭᠦᠨ ᠤᠬᠠᠵᠥ᠂ ᠤᠬᠠᠭᠠᠨ ᠲᠠᠮᠢᠷ᠎ᠢᠶᠡᠨ ᠰᠢᠪᠬᠠᠨ ᠠᠵᠢᠯᠯᠠᠬᠰᠠᠨ ᠶᠤᠮ᠃ ᠠᠶᠠᠨᠴᠢᠳ᠎ᠤᠨ ᠵᠦᠬᠡᠬᠡᠪᠦᠷᠢ᠎ᠶᠢᠨ ᠠᠵᠢᠯ ᠬᠡᠵᠤ ᠮᠠᠰᠢ ᠶᠠᠷᠰᠢᠭᠪᠤᠳᠤᠯᠢᠶᠠᠨᠳᠠᠢ᠃ ᠠᠶᠠᠨᠴᠢᠳ᠎ᠤᠨ ᠵᠦᠬᠡᠬᠡᠪᠦᠷᠢ᠎ᠶᠢᠨ ᠠᠵᠢᠯᠲᠠᠳ ᠡᠳᠦᠷ ᠪᠦᠷᠢ ᠬᠢᠬᠡᠳ ᠪᠠᠷᠠᠰᠢ ᠦᠬᠡᠢ ᠠᠷᠰᠠᠷ ᠶᠠᠪᠤᠳᠠᠯ ᠳ᠋ᠤ ᠶᠠᠭᠠᠷᠠᠵᠤ᠂ ᠵᠠᠷᠢᠮ᠎ᠳᠠᠭᠠᠨ ᠲᠡᠷᠭᠡ ᠬᠦᠯᠢᠶᠡᠬᠦ ᠲᠠᠰᠤᠭ᠎ᠢᠶᠠᠷ ᠲᠣᠭᠣᠷᠢᠨ ᠪᠠᠢᠴᠠᠭᠠᠵᠤ᠂ ᠵᠠᠷᠢᠮ᠎ᠳᠠᠭᠠᠨ ᠠᠶᠠᠨᠴᠢᠳ᠎ᠢ ᠬᠠᠪᠰᠤᠷᠤᠨ ᠬᠡᠦᠬᠡᠳ ᠰᠢᠤᠬᠠᠳᠢ ᠨᠢ ᠲᠡᠪᠡᠷᠢᠵᠤ ᠦᠭᠬᠦ ᠪᠤᠶᠤ ᠶᠠᠭᠤᠮ᠎ᠠ ᠬᠡᠦᠮ᠎ᠡ᠎ᠶᠢ ᠨᠢ ᠡᠷᠭᠦᠵᠦ ᠲᠠᠮᠨᠠᠨ᠂ ᠵᠠᠷᠢᠮ᠎ᠳᠠᠭᠠᠨ ᠵᠡᠮᠳᠡᠭ ᠠᠶᠠᠨᠴᠢᠳ᠎ᠢ ᠬᠠᠷᠠᠭᠠᠯᠵᠠᠵᠤ ᠪᠠᠢᠳᠠᠭ᠃ ᠭᠡᠪᠡᠴᠦ ᠲᠡᠷᠡ ᠶᠡᠷᠦ᠎ᠡᠴᠡ ᠬᠣᠢᠷᠭᠣᠰᠢᠳᠠᠭ ᠦᠭᠡᠢ᠂ ᠠᠶᠠᠨᠴᠢᠨ ᠨᠢᠬᠡᠪᠦᠷᠢ ᠳ᠋ᠤ ᠰᠠᠢᠳᠤᠷ ᠦᠢᠯᠡᠴᠢᠯᠡᠨ᠎ᠠ ᠬᠡᠰᠡᠨ ᠭᠠᠬᠴᠠ ᠰᠡᠳᠬᠢᠯ᠎ᠢᠶᠡᠷ ᠨᠠᠷᠢᠨ ᠵᠦᠢᠯᠡᠰ ᠪᠦᠬᠦᠨ᠎ᠢ ᠨᠢᠮᠪᠠᠢ ᠬᠦᠢᠴᠡᠳᠬᠡᠳᠡᠭ᠃ ᠠᠶᠠᠨᠴᠢᠳ᠎ᠤᠨ ᠳᠤᠷᠠᠳᠤᠭᠰᠠᠨ ᠠᠰᠠᠭᠤᠯᠲᠠ᠎ᠶᠢ ᠵᠥᠪ ᠬᠠᠷᠢᠭᠤᠯᠵᠤ ᠦᠭᠬᠦ᠎ᠶᠢᠨ ᠲᠥᠯᠥᠭᠡ᠂ ᠲᠡᠷᠡ ᠪᠡᠶ᠎ᠡ᠎ᠳᠡᠭᠡᠨ ᠠᠪᠴᠤ ᠶᠠᠪᠤᠭ᠎ᠠ ᠲᠡᠮᠳᠡᠭᠯᠡᠯ᠎ᠦᠨ ᠳᠡᠪᠲᠡᠷᠲᠡᠬᠡᠨ ᠪᠦᠬᠦ ᠤᠯᠤᠰ᠎ᠤᠨ ᠲᠡᠮᠦᠷ ᠵᠠᠮ᠎ᠤᠨ ᠠᠶᠠᠨᠴᠢᠳ᠎ᠤᠨ ᠵᠥᠭᠡᠭᠡᠪᠦᠷᠢ᠎ᠶᠢᠨ ᠥᠷᠲᠡᠭᠡᠨ᠎ᠦ ᠲᠠᠢᠯᠪᠤᠷᠢ ᠵᠢᠷᠤᠭ᠂ ᠠᠶᠠᠨᠴᠢᠳ᠎ᠤᠨ ᠰᠤᠯᠢᠵᠤ ᠰᠠᠭᠤᠬᠤ ᠲᠡᠷᠭᠡᠨ᠎ᠤ ᠳ᠋ᠤᠭᠠᠷ᠂ ᠪᠢᠯᠧᠲ᠎ᠦᠨ ᠦᠨ᠎ᠡ᠂ ᠭᠠᠷᠤᠭᠠᠨᠤ ᠦᠷᠳᠡᠭᠡ᠂ ᠲᠡᠭᠦᠰᠬᠡᠯ᠎ᠦᠨ ᠴᠠᠭ ᠵᠡᠷᠭᠡ ᠮᠡᠳᠡᠭᠡ ᠵᠠᠩᠭᠢ᠎ᠵᠢ ᠳᠦᠭᠦᠷᠲᠡᠯ᠎ᠡ ᠲᠡᠮᠳᠡᠭᠯᠡᠵᠦ᠂ ᠲᠡᠷᠡ ᠪᠠᠰᠠ ᠳ᠋ᠸᠩᠺᠸᠤ ᠰᠢᠶᠠᠨ᠎ᠤ ᠬᠢᠯᠢ ᠳᠣᠲᠣᠷᠠᠬᠢ ᠮᠠᠰᠢ ᠤᠯᠠᠨ ᠲᠣᠰᠬᠣᠨ᠎ᠤ ᠪᠣᠳᠠᠲᠠᠢ ᠪᠠᠢᠷᠢᠯᠠᠯᠢ ᠨᠠᠷᠢᠯᠢᠭ ᠵᠢᠷᠤᠵᠤ᠂ ᠰᠠᠨᠠᠭᠠᠴᠢᠯᠠᠭ᠎ᠠ᠎ᠠᠴᠠ᠎ᠪᠠᠨ ᠠᠶᠠᠨᠴᠢᠳ᠎ᠲᠤ ᠵᠠᠮ ᠬᠠᠷᠢᠯᠴᠠᠭᠠᠨ᠎ᠤ ᠵᠦᠭᠯᠡᠭᠦᠷ ᠬᠠᠩᠭᠠᠳᠠᠬ᠃
《ᠥᠪᠡᠷ᠎ᠦᠨ ᠪᠡᠶ᠎ᠡ᠎ᠳᠡᠭᠡᠨ ᠵᠥᠪ᠎ᠢᠶᠡᠷ ᠬᠠᠨᠳᠤᠪᠠᠯ᠂ ᠡᠩ᠎ᠦᠨ ᠠᠵᠢᠯ᠎ᠤᠨ ᠪᠠᠢᠷᠢᠳᠤᠴᠤ ᠬᠥᠮᠦᠨ᠎ᠦ ᠠᠮᠢᠳᠤᠷᠠᠯ᠎ᠤᠨ ᠦᠨ᠎ᠡ ᠥᠷᠲᠡᠭ᠎ᠢ ᠪᠡᠶᠡᠯᠡᠭᠦᠯᠵᠦ ᠴᠢᠳᠠᠨ᠎ᠠ᠃ ᠪᠦᠬᠦ ᠰᠡᠳᠬᠢᠯ ᠪᠦᠬᠦ ᠵᠣᠷᠢᠭ᠎ᠢᠶᠠᠷ᠎ᠢᠶᠠᠨ ᠬᠠᠷᠢᠭᠤᠴᠠᠯᠭ᠎ᠠ᠎ᠪᠠᠨ ᠭᠦᠢᠴᠡᠳᠬᠡᠳᠡᠭ ᠯᠡ ᠶᠤᠮ ᠪᠣᠯ ᠡᠭᠡᠯ ᠵᠢᠷ᠎ᠦᠨ ᠠᠵᠢᠯ᠎ᠤᠨ ᠪᠠᠢᠷᠢᠳᠤᠴᠤ ᠭᠡᠷᠡᠯ ᠭᠢᠯᠪᠠᠭ᠎ᠠ᠎ᠪᠠᠨ ᠰᠠᠴᠤᠷᠠᠭᠤᠯᠵᠤ ᠪᠤᠯᠤᠨ᠎ᠠ᠂ ᠡᠨᠡ ᠪᠣᠯ ᠳᠠᠷᠤᠢ ᠪᠢᠲᠡᠨ᠎ᠤ ᠦᠨ᠎ᠡ ᠦᠷᠲᠡᠭ ᠮᠥᠨ》 ᠭᠡᠵᠦ ᠵᠧᠩ ᠵᠢᠶᠠ ᠴᠢᠩ ᠪᠠᠢᠡᠭᠭᠤ ᠪᠡᠶ᠎ᠠ ᠰᠡᠳᠬᠢᠯ᠎ᠢᠶᠡᠨ ᠴᠢᠡᠭᠭᠠᠯᠠᠵᠥ ᠶᠠᠪᠤᠳᠠᠬ᠃
ᠲᠡᠷᠡ ᠵᠢᠯ᠎ᠦᠨ ᠵᠤᠨ᠂ ᠵᠧᠩ ᠵᠢᠶᠠ ᠴᠢᠩ ᠠᠵᠢᠯ᠎ᠤᠨ ᠪᠠᠢᠷᠢ᠎ᠠᠴᠠ᠎ᠪᠠᠨ ᠪᠠᠭᠤᠬᠤ ᠵᠠᠮ᠎ᠳᠠᠭᠠᠨ᠂ ᠨᠢᠭᠡᠨ ᠨᠠᠰᠤᠲᠠᠨ ᠥᠷᠲᠡᠭᠡᠨ᠎ᠦ ᠶᠡᠨᠳᠡᠷ᠎ᠦᠨ ᠳ᠋ᠧᠩ᠎ᠦᠨ ᠳᠣᠣᠷ᠎ᠠ ᠭᠠᠬᠴᠠᠭᠠᠷ᠎ᠢᠶᠡᠨ ᠰᠠᠭᠤᠵᠤ ᠪᠠᠢᠬᠤ ᠵᠢ ᠣᠯᠵᠤ ᠬᠠᠷᠠᠭᠠᠳ᠂ ᠲᠡᠷᠡ ᠳᠠᠷᠤᠢᠳᠤᠨᠢ ᠡᠮᠦᠨ᠎ᠡ ᠨᠢ ᠬᠦᠷᠴᠦ ᠨᠠᠰᠤᠲᠠᠨ᠎ᠤ ᠪᠠᠢᠳᠠᠯ᠎ᠢ ᠯᠠᠪᠯᠠᠨ ᠠᠰᠠᠭᠤᠵᠤ᠂ ᠵᠢᠷᠦᠬᠡ ᠨᠢ ᠡᠪ ᠦᠬᠡᠢ ᠪᠠᠢᠬᠤ ᠵᠢ ᠮᠡᠳᠡᠭᠡᠳ᠂ ᠨᠠᠰᠤᠲᠠᠨ᠎ᠳᠤ ᠵᠢᠷᠦᠬᠡᠨ᠎ᠦ ᠡᠮ ᠤᠤᠭᠤᠯᠭᠠᠵᠥ᠂ ᠨᠠᠰᠤᠲᠠᠨ᠎ᠢ ᠲᠦᠰᠢᠨ ᠲᠡᠭᠰᠢᠬᠡᠨ ᠬᠡᠪᠲᠡᠭᠦᠯᠵᠦ᠂ ᠥᠪᠡᠷ᠎ᠦᠨ ᠬᠣᠶᠠᠷ ᠭᠠᠷ᠎ᠢᠶᠠᠷ᠎ᠢᠶᠠᠨ ᠳᠡᠷᠡ ᠪᠣᠯᠭᠠᠵᠤ᠂ ᠬᠠᠮᠲᠤ ᠠᠵᠢᠯᠯᠠᠬᠰᠠᠳ᠎ᠲᠠᠭᠠᠨ ᠲᠦᠷᠭᠡᠨ ᠠᠪᠤᠷᠠᠯᠲᠠ᠎ᠶᠢᠨ ᠮᠠᠰᠢᠨ ᠲᠡᠷᠭᠡ ᠤᠲᠠᠰᠤᠳᠠᠭᠠᠷᠠᠶ ᠭᠡᠵᠦ ᠵᠠᠬᠢᠭᠠᠳ ᠬᠠᠮᠳᠤ ᠠᠵᠢᠯᠯᠠᠬᠰᠠᠳ ᠲᠠᠢ ᠪᠠᠨ ᠨᠠᠰᠤᠲᠠᠨ᠎ᠢ ᠡᠮᠨᠡᠯᠬᠡ ᠵᠢᠨ ᠭᠠᠵᠠᠷ ᠬᠦᠷᠬᠡᠵᠤ᠂ ᠨᠠᠰᠤᠲᠠᠨ᠎ᠳᠤ ᠪᠠᠷ᠎ᠠ ᠪᠣᠯᠵᠤ ᠦᠷ᠎ᠡ ᠬᠡᠦᠬᠡᠳ ᠨᠢ ᠬᠠᠷᠢᠵᠤ ᠢᠷᠡᠭᠰᠡᠨ᠎ᠦ ᠳᠠᠷᠠᠭ᠎ᠠ ᠰᠠᠶᠢ ᠪᠤᠴᠠᠵᠤ ᠶᠠᠪᠤᠵᠠᠶ᠃
《ᠠᠶᠠᠨᠴᠢᠳᠲᠤ᠌ ᠦᠢᠯᠡᠴᠢᠯᠡᠬᠦ ᠠᠵᠢᠯᠡᠭᠡᠯ ᠵᠢᠷ᠎ᠦᠨ ᠪᠦᠬᠡᠳ ᠶᠠᠷᠰᠢᠭ ᠲᠠᠢ ᠪᠤᠯᠪᠠᠴᠤ ᠨᠠᠳᠠ ᠬᠢᠵᠠᠭᠠᠯᠠᠰᠢ ᠦᠬᠡᠢ ᠪᠠᠶᠠᠷ ᠪᠠᠶᠠᠰᠤᠯ᠎ᠢ ᠡᠳ᠋ᠯᠡᠬᠦᠯᠦᠭᠰᠡᠨ ᠶᠤᠮ》ᠬᠡᠵᠤ ᠵᠧᠩ ᠵᠢᠶᠠ ᠴᠢᠩ ᠶᠡᠷᠢᠨ᠎ᠠ᠃ ᠲᠡᠷᠨ ᠣᠯᠠᠨ ᠵᠢᠯᠠᠶᠠᠨᠴᠢᠳ ᠲᠤ᠌ ᠬᠠᠢᠷ᠎ᠠ ᠬᠠᠯᠠᠮᠵᠢ ᠵᠢ ᠬᠦᠷᠬᠡᠵᠤ᠂ ᠤᠳᠠᠭ᠎ᠠ ᠲᠠᠷᠠᠭᠠᠯᠠᠨ ᠮᠠᠭᠲᠠᠭᠠᠯ ᠰᠠᠢᠰᠢᠶᠠᠯ᠎ᠢ ᠤᠯᠵᠤ ᠠᠶᠠᠨᠴᠢᠳ᠎ᠤᠨ ᠵᠢᠩᠬᠢᠨᠢ ᠰᠡᠳᠬᠢᠯ᠎ᠤᠨ ᠨᠠᠢᠵᠠ ᠪᠤᠯᠤᠬᠰᠠᠨ᠎ᠢᠶᠡᠷ᠎ᠢᠶᠡᠨ《ᠰᠢᠯᠢᠳᠡᠭ ᠡᠮᠡᠭᠲᠡᠶ ᠠᠵᠢᠯᠲᠠᠨ》᠂《ᠪᠦᠬᠦ ᠤᠯᠤᠰ᠎ᠤᠨ ᠠᠵᠢᠯ᠎ᠤᠨ ᠪᠠᠢᠷᠢ᠎ᠳᠤ ᠯᠧᠶ ᠹᠧᠩ᠎ᠡᠴᠡ ᠰᠤᠷᠤᠯᠴᠠᠭᠰᠠᠨ ᠵᠢᠱ᠌ᠢᠶᠡᠴᠢ》 ᠵᠡᠷᠭᠡ ᠢᠷᠠᠭᠤ ᠠᠯᠳᠠᠷ᠎ᠢ ᠤᠯᠠᠨᠳᠠ ᠬᠦᠷᠲᠡᠵᠤ ᠪᠢᠯᠡ᠃
- ᠨᠠᠢᠷᠠᠭᠤᠯᠤᠭ᠍ᠴᠢ᠄
- ᠨᠡᠪᠲᠡᠷᠡᠭᠦᠯᠦᠭᠴᠢ᠄
- ᠮᠡᠷᠭᠡᠵᠢᠯ᠄
ᠨᠠᠢᠷᠠᠭᠤᠯᠤᠭ᠍ᠴᠢ᠄ ᠤᠶᠤᠨᠲᠠᠨ᠎ᠠ
ᠣᠷᠴᠢᠭᠤᠯᠤᠭ᠍ᠴᠢ᠄




ᠰᠢᠭᠦᠮᠵᠢ ᠠᠯᠠᠭ᠎ᠠ ᠂ ᠬᠤᠷᠳᠤᠨ ᠨᠢᠭᠡᠳᠦᠭᠡᠷ ᠵᠤᠷᠪᠤᠰ ᠰᠢᠭᠦᠮᠵᠢ ᠨᠡᠢ᠌ᠲᠡᠯᠡᠭᠡᠷᠡᠢ᠃