2023-03-19 17:18:31
ᠥᠷᠯᠥᠭᠡ ᠡᠷᠲᠡ᠂ ᠪᠠᠶᠠᠨᠨᠠᠭᠤᠷ ᠬᠤᠳᠠ᠎ᠶᠢᠨ ᠯᠢᠨ ᠾᠧ ᠲᠣᠭᠣᠷᠢᠭ᠎ᠤᠨ ᠮᠢᠩ ᠵᠦ᠍ ᠴᠧᠩ ᠰᠠᠭᠤᠭᠠᠯᠢ ᠠᠷᠠᠳ᠎ᠤᠨ ᠲᠣᠭᠣᠷᠢᠭ᠎ᠤᠨ ᠰᠠᠭᠤᠭᠠᠯᠢ ᠠᠷᠠᠳ ᠯᠦᠸᠧ ᠨᠠᠰᠤᠲᠠᠨ ᠭᠡᠷ᠎ᠲᠡᠬᠡᠨ ᠴᠤᠭᠯᠠᠭᠤᠯᠤᠭᠰᠠᠨ ᠲᠦᠷᠭᠡᠨ ᠭᠤᠪᠢᠭᠤᠯᠭ᠎ᠠ᠎ᠶᠢᠨ ᠬᠠᠢᠷᠴᠠᠭ᠂ ᠰᠦ ᠵᠢᠨ ᠬᠠᠢᠷᠴᠠᠭ ᠵᠡᠷᠭᠡ ᠬᠠᠶᠠᠭᠳᠠᠮᠠᠯ ᠡᠳ᠋᠎ᠢᠶᠡᠨ ᠰᠠᠭᠤᠭᠠᠯᠢ ᠠᠷᠠᠳ᠎ᠤᠨ ᠲᠣᠭᠣᠷᠢᠭ᠎ᠤᠨ ᠣᠷᠴᠢᠨ ᠠᠬᠤᠶ᠎ᠶᠢᠨ ᠬᠠᠮᠠᠭᠠᠯᠠᠯᠲᠠ᠎ᠶᠢᠨ ᠬᠤᠷᠢᠶᠠᠨ ᠠᠪᠬᠤ ᠦᠷᠳᠡᠭᠡᠨ ᠳ᠋ᠤ ᠠᠪᠴᠢᠷᠠᠵᠤ᠂ ᠨᠢᠭᠡ ᠯᠣᠩᠬᠣ ᠬᠤᠪᠴᠠᠰᠤ ᠤᠬᠢᠶᠠᠬᠤ ᠰᠢᠩᠭᠡᠨ ᠰᠣᠯᠢᠵᠤ ᠠᠪᠤᠪᠠ᠃ 《ᠴᠢᠦᠶ ᠱᠦᠵᠢ ᠰᠠᠭᠤᠭᠠᠯᠢ ᠠᠷᠠᠳ᠎ᠤᠨ ᠲᠣᠭᠣᠷᠢᠭ᠎ᠲᠤ ᠣᠷᠴᠢᠨ ᠠᠬᠤᠶ᠎ᠶᠢᠨ ᠬᠠᠮᠠᠭᠠᠯᠠᠯᠲᠠ᠎ᠶᠢᠨ ᠬᠣᠷᠢᠶᠠᠨ ᠠᠪᠬᠤ ᠥᠷᠲᠡᠭᠡ ᠪᠠᠢᠭᠤᠯᠤᠭᠰᠠᠨ᠎ᠠᠴᠠ ᠨᠠᠭᠠᠰᠢ ᠪᠢᠳᠡ ᠳᠠᠭᠢᠵᠤ ᠬᠠᠶᠠᠭᠳᠠᠮᠠᠯ ᠡᠳ᠋ ᠬᠣᠷᠢᠶᠠᠨ ᠠᠪᠬᠤ ᠥᠷᠲᠡᠭᠡᠨ᠎ᠳᠦ ᠣᠴᠢᠵᠤ ᠬᠠᠶᠠᠭᠳᠠᠮᠠᠯ ᠡᠳ᠋ ᠬᠤᠳᠠᠯᠳᠤᠬᠤ ᠬᠡᠷᠡᠭ ᠥᠬᠡᠶ ᠪᠣᠯᠵᠠᠶ᠃ ᠬᠠᠶᠠᠭᠳᠠᠮᠠᠯ ᠡᠳ᠋᠎ᠢ ᠣᠷᠴᠢᠨ ᠠᠬᠤᠶ᠎ᠶᠢᠨ ᠬᠠᠮᠠᠭᠠᠯᠠᠯᠲᠠ᠎ᠶᠢᠨ ᠬᠣᠷᠢᠶᠠᠨ ᠠᠪᠬᠤ ᠥᠷᠲᠡᠭᠡᠨ ᠳ᠋ᠤ ᠬᠦᠷᠭᠡᠭᠰᠡᠨ᠎ᠦ ᠳᠠᠷᠠᠭ᠎ᠠ ᠪᠠᠰᠠ ᠬᠤᠪᠢ ᠬᠤᠷᠠᠮᠳᠤᠭᠤᠯᠵᠤ ᠪᠣᠯᠤᠨ᠎ᠠ᠂ ᠬᠤᠷᠠᠮᠳᠤᠯ ᠬᠤᠪᠢ᠎ᠪᠠᠷ ᠠᠳᠠᠯ ᠠᠬᠤᠶ᠎ᠶᠢᠨ ᠰᠦᠢᠳᠬᠡᠯ᠎ᠢ ᠲᠤᠯᠭᠠᠨ ᠬᠠᠰᠤᠬᠤ ᠪᠤᠶᠤ ᠴᠠᠬᠢᠯᠭᠠᠨ ᠬᠥᠳᠡᠯᠭᠡᠭᠦᠷᠲᠦ ᠲᠡᠷᠭᠡ᠎ᠶᠢᠨ ᠴᠠᠬᠢᠯᠭᠠᠨ ᠴᠡᠨᠡᠭᠯᠡᠬᠦ ᠺᠠᠷᠲ ᠰᠣᠯᠢᠵᠤ ᠪᠤᠯᠤᠨ᠎ᠠ᠂ ᠦᠨᠡᠬᠡᠷ ᠲᠥᠬᠥᠮ ᠪᠣᠯᠵᠠᠶ》 ᠬᠡᠵᠦ ᠯᠦᠸᠧ ᠨᠠᠰᠤᠲᠠᠨ ᠪᠠᠶᠠᠷᠯᠠᠨ᠎ᠠ᠃
ᠯᠦᠸᠧ ᠨᠠᠰᠤᠲᠠᠨ᠎ᠤ ᠶᠠᠷᠢᠵᠤ ᠪᠠᠢᠭ᠎ᠠ ᠴᠢᠦᠶ ᠱᠦᠵᠢ ᠪᠣᠯ ᠯᠢᠨ ᠾᠧ ᠲᠣᠭᠣᠷᠢᠭ᠎ᠤᠨ ᠵᠢᠨᠴᠤᠸᠠᠨ ᠵᠡᠭᠡᠯᠢ ᠭᠤᠳᠤᠮᠵᠢ᠎ᠶᠢᠨ ᠮᠢᠩ ᠵᠦ᠍ ᠨᠡᠢᠭᠡᠮ ᠲᠣᠭᠣᠷᠢᠭ᠎ᠤᠨ ᠨᠠᠮ᠎ᠤᠨ ᠡᠭᠦᠷ᠎ᠦᠨ ᠱᠦᠵᠢ ᠴᠢᠦᠶ ᠷᠦᠩ ᠪᠣᠯᠤᠨ᠎ᠠ᠃ ᠴᠢᠦᠶ ᠷᠦᠩ᠎ᠢ ᠳᠤᠷᠠᠳᠬᠤ᠎ᠳᠤ ᠰᠠᠭᠤᠭᠠᠯᠢ ᠠᠷᠠᠳ ᠪᠦᠷ ᠡᠷᠡᠬᠡᠶ ᠬᠤᠷᠤᠭᠤᠭᠠᠷᠭᠠᠳᠠᠭ᠃
2021 ᠣᠨ᠎ᠳᠤ ᠴᠢᠦᠶ ᠷᠦᠩ ᠡᠷᠦᠬᠡ ᠪᠡᠷ ᠲᠤᠭᠤᠷᠢᠵᠤ ᠰᠤᠷᠪᠤᠯᠵᠢᠯᠠᠯ ᠬᠢᠵᠦ ᠶᠠᠪᠤᠬᠤ᠎ᠳᠠᠭᠠᠨ᠂ ᠵᠠᠷᠢᠮ ᠰᠠᠭᠤᠭᠠᠯᠢ ᠠᠷᠠᠳ᠎ᠤᠨ ᠲᠣᠭᠣᠷᠢᠭ᠎ᠲᠤ ᠳᠡᠪᠢᠰᠦᠭᠰᠡᠨ ᠵᠠᠮ᠎ᠤᠨ ᠲᠣᠭᠣᠰᠬ᠎ᠠ ᠨᠢ ᠠᠳᠠᠯᠢ ᠪᠤᠰᠤ ᠬᠡᠮᠵᠢᠶ᠎ᠡ᠎ᠪᠡᠷ ᠰᠦᠢᠳᠴᠦ ᠰᠤᠯᠠᠷᠠᠬᠤ ᠦᠵᠡᠭᠳᠡᠯ ᠭᠠᠷᠤᠭᠰᠠᠨ᠎ᠢ ᠤᠯᠵᠤ ᠬᠠᠷᠠᠵᠠᠢ᠃ ᠡᠨᠡ ᠨᠢ ᠬᠦᠮᠦᠰ᠎ᠤᠨ ᠬᠥᠯᠢᠠᠮᠠᠷᠬᠠᠨ ᠪᠤᠯᠵᠠᠭᠠᠬᠤ ᠪᠤᠶᠤ ᠭᠡᠮᠳᠦᠭᠡᠬᠦ ᠠᠶᠤᠯ ᠲᠠᠢ᠂ ᠬᠡᠷᠪᠡ ᠪᠣᠷᠣᠭᠠᠨ᠎ᠲᠠᠶ ᠡᠳᠦᠷ ᠲᠣᠬᠢᠶᠠᠯᠳᠤᠪᠠᠯ ᠰᠦᠢᠳᠦᠭᠰᠡᠨ ᠭᠠᠵᠠᠷ ᠲᠤᠨᠢ ᠠᠮᠠᠷᠬᠠᠨ ᠤᠰᠤ ᠬᠤᠷᠠᠵᠤ᠂ ᠠᠮᠤᠷ ᠲᠦᠪᠰᠢᠨ᠎ᠦ ᠬᠡᠮ ᠰᠤᠭᠤᠭ ᠣᠷᠣᠰᠢᠬᠤ᠎ᠪᠠᠷ ᠪᠠᠷᠠᠬᠤ ᠦᠬᠡᠢ᠂ ᠪᠠᠰᠠ ᠰᠠᠭᠤᠭᠠᠯᠢ ᠠᠷᠠᠳ᠎ᠤᠨ ᠲᠣᠭᠣᠷᠢᠭ᠎ᠤᠨ ᠣᠷᠴᠢᠨ ᠲᠣᠭᠣᠷᠢᠨ᠎ᠢ ᠨᠦᠯᠦᠭᠡᠯᠡᠵᠦ ᠪᠠᠢᠳᠠᠭ᠃ ᠴᠢᠦᠶ ᠷᠦᠩ ᠲᠡᠷᠡ ᠳᠠᠷᠤᠢ ᠬᠠᠷᠢᠢᠠ ᠲᠤᠭᠤᠷᠢᠬ᠎ᠤᠨ ᠨᠠᠮ᠎ᠤᠨ ᠭᠡᠰᠢᠭᠦᠳ᠎ᠢᠶᠡᠨ ᠳᠠᠭᠠᠭᠤᠯᠤᠨ ᠠᠷᠭ᠎ᠠ ᠪᠤᠳᠤᠵᠤ᠂ 2 ᠲᠦᠮᠡᠨ ᠲᠣᠭᠣᠰᠬ᠎ᠠ ᠴᠤᠭᠯᠠᠭᠤᠯᠬᠤ ᠵᠢᠨ ᠬᠠᠮᠲᠤ ᠠᠳᠠᠯ ᠠᠬᠤᠶ᠎ᠶᠢᠨ ᠺᠣᠮᠫᠠᠨᠢ᠎ᠲᠠᠶ ᠬᠠᠷᠢᠯᠴᠠᠵᠤ ᠵᠥᠪᠳᠡᠯᠴᠡᠨ᠂ ᠵᠠᠮ ᠵᠠᠰᠠᠬᠤ ᠪᠣᠳᠠᠲᠠᠶ ᠲᠥᠰᠦᠯ᠎ᠢ ᠲᠣᠭᠲᠠᠭᠠᠵᠤ᠂ ᠰᠦᠢᠲᠦᠭᠰᠡᠨ ᠲᠣᠭᠣᠰᠬ᠎ᠠ᠎ᠶᠢ ᠰᠣᠯᠢᠵᠤ᠂ ᠨᠡᠢᠭᠡᠮ ᠲᠣᠭᠣᠷᠢᠭ᠎ᠤᠨ ᠵᠠᠮ᠎ᠢ 1.2 ᠲᠦᠮᠡᠨ ᠲᠡᠭᠰᠢ ᠳᠥᠷᠪᠡᠯᠵᠢᠨ ᠮᠧᠲ᠋ᠷ ᠵᠠᠰᠠᠨ ᠰᠢᠨᠡᠳᠬᠡᠪᠡ᠃
ᠤᠤᠯ ᠨᠢ ᠡᠩᠬᠦᠯ ᠳᠤᠩᠬᠤᠯ ᠪᠠᠢᠭᠰᠠᠨ ᠵᠠᠮ ᠲᠡᠭᠰᠢ ᠲᠠᠷᠳᠠᠩ ᠪᠤᠯᠵᠤ᠂ ᠰᠠᠭᠤᠭᠠᠯᠢ ᠠᠷᠠᠳ᠎ᠤᠨ ᠭᠠᠳᠠᠭᠰᠢ ᠭᠠᠷᠬᠤ᠎ᠳᠤ ᠲᠦᠬᠦᠮ ᠦᠵᠡᠭᠦᠯᠵᠦ᠂ ᠤᠯᠠᠨ᠎ᠢᠶᠠᠷ᠎ᠢᠶᠠᠨ᠄ 《ᠵᠠᠮ᠎ᠢ ᠰᠠᠢᠬᠠᠨ ᠵᠠᠰᠠᠭᠠᠳ ᠦᠭᠴᠢᠬᠡᠯᠠ᠂ ᠤᠳᠤ ᠵᠠᠮ ᠶᠠᠪᠤᠬᠤ᠎ᠳᠤ ᠰᠠᠨᠠᠭ᠎ᠠ ᠠᠮᠤᠷ ᠪᠤᠯᠤᠭᠰᠠᠨ ᠪᠦᠭᠡᠳ ᠦᠵᠡᠬᠦᠳᠤᠴᠤ ᠰᠠᠢᠬᠠᠨ ᠪᠤᠯᠵᠠᠢ᠂ ᠴᠢᠦᠢ ᠱᠦᠵᠢ ᠪᠣᠯ ᠮᠠᠨ᠎ᠤ ᠨᠡᠢᠭᠡᠮ ᠲᠣᠭᠣᠷᠢᠭ᠎ᠤᠨ ᠰᠠᠭᠤᠭᠠᠯᠢ ᠠᠷᠠᠳ᠎ᠤᠨ 〈ᠰᠡᠳᠬᠢᠯ᠎ᠢ ᠮᠡᠳᠡᠭᠴᠢ〉 ᠰᠢᠦ 》 ᠬᠡᠵᠦ ᠪᠠᠶᠠᠷᠯᠠᠨ ᠬᠡᠯᠡᠨ᠎ᠡ᠃
ᠤᠢᠷ᠎ᠠ᠎ᠶᠢᠨ ᠬᠡᠳᠦᠨ ᠵᠢᠯ᠎ᠳᠦ᠂ ᠮᠢᠩ ᠵᠦ᠍ ᠨᠡᠢᠭᠡᠮ ᠲᠣᠭᠣᠷᠢᠭ᠎ᠤᠨ ᠵᠠᠷᠢᠮ ᠤᠷᠤᠨ ᠰᠠᠭᠤᠴᠠ ᠠᠳᠠᠯᠢ ᠪᠤᠰᠤ ᠬᠡᠮᠵᠢᠢ᠎ᠡ᠎ᠪᠡᠷ ᠬᠠᠭᠤᠴᠢᠷᠠᠵᠤ᠂ ᠴᠥᠭᠡᠨ ᠪᠤᠰᠤ ᠰᠠᠭᠤᠭᠠᠯᠢ ᠠᠷᠠᠳ᠎ᠤᠨ ᠠᠰᠠᠷ᠎ᠤᠨ ᠤᠷᠤᠢ᠎ᠨᠢ ᠴᠤᠭᠤᠷᠤᠵᠤ ᠤᠰᠤ ᠭᠤᠭᠤᠵᠢᠵᠤ ᠪᠠᠢᠬᠤᠠᠰᠠᠭᠤᠳᠠᠯᠢ ᠴᠢᠤᠢ ᠷᠦᠩ ᠳ᠋ᠤ ᠲᠤᠰᠬᠠᠪᠠ᠃ ᠴᠢᠦᠶ ᠷᠦᠩ ᠲᠡᠷᠡ ᠳᠠᠷᠤᠶ᠎ᠳᠤᠨᠢ ᠨᠡᠢᠭᠡᠮ ᠲᠣᠭᠣᠷᠢᠭ᠎ᠤᠨ 《 ᠭᠤᠷᠪᠠ᠎ᠶᠢ ᠵᠠᠰᠠᠵᠤ ᠠᠭᠤᠰᠤᠯᠴᠠᠭᠤᠯᠬᠤ 》 ᠨᠠᠮ᠎ᠤᠨ ᠡᠭᠦᠷ᠎ᠦᠨ ᠬᠠᠷᠢᠭᠤᠴᠠᠯᠭᠠᠲᠠᠨ᠎ᠲᠠᠶ ᠲᠤᠬᠠᠶ᠎ᠶᠢᠨ ᠲᠠᠯᠠᠪᠠᠶ᠎ᠳᠤ ᠬᠦᠷᠴᠦ ᠪᠠᠢᠴᠠᠭᠠᠨ ᠦᠵᠡᠭᠰᠡᠨ ᠪᠥᠭᠡᠳ ᠬᠣᠯᠪᠣᠭᠳᠠᠯ ᠪᠥᠬᠥᠶ ᠵᠠᠰᠠᠨ ᠰᠡᠯᠪᠢᠬᠦ ᠠᠵᠢᠯ᠎ᠢ ᠭᠠᠷᠳᠠᠨ ᠬᠢᠵᠡᠶ᠃ ᠨᠡᠯᠢᠶᠡᠳ ᠣᠯᠠᠨ ᠰᠠᠭᠤᠭᠠᠯᠢ ᠠᠷᠠᠳ᠎ᠲᠠᠢ ᠬᠣᠯᠪᠣᠭᠳᠠᠬᠤ ᠤᠴᠢᠷ᠎ᠠᠴᠠ ᠡᠷᠬᠡᠪᠰᠢ ᠰᠠᠭᠤᠭᠠᠯᠢ ᠠᠷᠠᠳ᠎ᠤᠨ ᠵᠥᠪᠰᠢᠶᠡᠷᠡᠯ᠎ᠢ ᠣᠯᠵᠤ᠂ ᠰᠡᠯᠪᠢᠨ ᠵᠠᠰᠠᠬᠤ ᠰᠠᠭᠤᠷᠢ ᠮᠥᠩᠭᠥ᠎ᠶᠢ ᠬᠦᠳᠡᠯᠭᠡᠬᠦ ᠴᠢᠬᠤᠯᠠᠲᠠᠢ᠃ ᠴᠢᠦᠶ ᠷᠦᠩ ᠥᠮᠴᠢᠲᠡᠨ᠎ᠦ ᠲᠥᠯᠥᠭᠡᠯᠡᠭᠴᠢ᠎ᠶᠢ ᠣᠯᠠᠨᠲᠠ ᠴᠤᠭᠯᠠᠭᠤᠯᠤᠨ ᠬᠤᠷᠠᠯ ᠬᠢᠵᠦ᠂ ᠬᠦᠯᠢᠴᠡᠩᠭᠦᠶᠤᠬᠠᠭᠤᠯᠵᠠᠢ᠃ ᠬᠡᠳᠦᠢᠪᠡᠷ ᠤᠯᠠᠨᠲᠠ ᠰᠠᠭᠠᠳ ᠲᠤᠳᠬᠠᠷ ᠲᠦ᠍ ᠤᠴᠠᠷᠠᠭᠰᠠᠨᠴᠤ ᠠᠯᠬᠤᠮ ᠠᠯᠬᠤᠮ᠎ᠢᠶᠠᠷ ᠬᠦᠴᠢᠷ ᠪᠡᠷᠬᠡᠰᠢᠶᠡᠯ᠎ᠢ ᠢᠯᠠᠨ ᠲᠠᠪᠠᠵᠤ ᠠᠵᠢᠯ᠎ᠢᠶᠡᠨ ᠠᠬᠢᠭᠤᠯᠪᠠ᠃ ᠦᠨᠦ᠂ ᠨᠡᠢᠭᠡᠮ ᠲᠤᠭᠤᠷᠢᠭ᠎ᠤᠨ ᠤᠰᠤ ᠭᠣᠭᠣᠵᠢᠭᠰᠠᠨ ᠠᠰᠠᠷ᠎ᠤᠨ ᠣᠯᠠᠩᠬᠢ᠎ᠶᠢ ᠨᠢ ᠨᠢᠭᠡᠨᠲᠡ ᠵᠠᠰᠠᠵᠤ᠂ ᠦᠯᠡᠳᠡᠭᠰᠡᠨ ᠬᠡᠰᠡᠭ᠎ᠢ ᠨᠢ ᠡᠨᠡ ᠵᠢᠯ ᠦᠷᠭᠦᠯᠵᠢᠯᠡᠨ ᠵᠠᠰᠠᠵᠦ ᠳᠠᠭᠤᠰᠬᠠᠬᠤ ᠪᠡᠷ ᠪᠤᠢ᠃
ᠨᠡᠢᠭᠡᠮ ᠲᠣᠭᠣᠷᠢᠭ᠎ᠤᠨ ᠠᠵᠢᠯ᠎ᠳᠤ ᠰᠦᠷ ᠳᠠᠯᠠᠢᠴᠠᠲᠠᠢ ᠠᠤᠭ᠎ᠠ ᠠᠵᠢᠯᠯᠠᠭ᠎ᠠ ᠭᠡᠵᠦ ᠪᠠᠢᠬᠤ ᠦᠭᠡᠢ᠂ ᠵᠥᠪᠬᠡᠨ ᠡᠭᠡᠯ ᠵᠢᠷ᠎ᠦᠨ ᠪᠥᠭᠡᠳ ᠵᠢᠵᠢᠭ ᠰᠠᠵᠢᠬ ᠶᠠᠪᠤᠳᠠᠯ ᠪᠠᠢᠳᠠᠭ᠂ ᠬᠡᠬᠦ᠎ᠳᠡᠭᠡᠨ ᠡᠳᠡᠭᠡᠷ ᠵᠢᠵᠢᠭ ᠰᠠᠵᠢᠬ ᠠᠵᠢᠯ ᠨᠢ ᠤᠯᠠᠨ ᠲᠦᠮᠡᠨ᠎ᠦ ᠵᠣᠯ ᠵᠢᠷᠭᠠᠯ᠎ᠲᠠᠶ ᠬᠣᠯᠪᠣᠭᠳᠠᠵᠤ ᠪᠠᠢᠳᠠᠭ᠃ ᠨᠡᠢᠭᠡᠮ ᠲᠣᠭᠣᠷᠢᠭ᠎ᠤᠨ ᠨᠠᠮ᠎ᠤᠨ ᠡᠭᠦᠷ᠎ᠦᠨ ᠱᠦᠵᠢ ᠪᠣᠯᠤᠭᠰᠠᠨ᠎ᠠᠴᠠ ᠨᠠᠭᠠᠰᠢ᠂ ᠴᠢᠦᠶ ᠷᠦᠩ ᠣᠯᠠᠨ ᠲᠦᠮᠡᠨ᠎ᠦ ᠲᠥᠯᠥᠭᠡ ᠬᠡᠳᠦᠶ ᠠᠵᠢᠯ ᠬᠢᠵᠦ᠂ ᠨᠡᠢᠭᠡᠮ ᠲᠣᠭᠣᠷᠢᠭ᠎ᠢ ᠬᠠᠪᠰᠤᠷᠤᠨ ᠬᠡᠳᠦᠶ ᠬᠦᠴᠢᠷᠳᠡᠯ᠎ᠢ᠎ᠨᠢ ᠰᠢᠢᠳᠪᠦᠷᠢᠯᠡᠵᠦ ᠥᠭᠭᠦᠭᠰᠡᠨ᠎ᠢᠶᠡᠨ ᠥᠪᠡᠷ᠎ᠢᠶᠡᠨ᠎ᠴᠦ ᠲᠣᠳᠣᠷᠬᠠᠶ ᠴᠡᠭᠡᠵᠢᠯᠡᠵᠦ ᠳᠡᠢᠯᠬᠦ ᠥᠬᠡᠶ ᠪᠤᠯᠵᠠᠢ᠃ 《ᠪᠢ ᠵᠥᠪᠬᠡᠨ ᠡᠭᠡᠯ ᠵᠢᠷ᠎ᠦᠨ ᠪᠠᠭ᠎ᠠ ᠶᠠᠪᠤᠳᠠᠯ ᠬᠢᠵᠦ᠂ ᠡᠪ ᠬᠠᠮᠲᠤ ᠨᠠᠮ᠎ᠤᠨ ᠭᠡᠰᠢᠭᠦᠨ᠎ᠦ ᠡᠭᠦᠷᠭᠡ ᠪᠠᠨ ᠭᠦᠢᠴᠡᠳᠬᠡᠵᠡᠢ᠃ ᠨᠡᠢᠭᠡᠮ ᠲᠣᠭᠣᠷᠢᠭ ᠡᠶ᠎ᠡ ᠵᠤᠬᠢᠴᠠᠩᠭᠤᠢ ᠪᠠᠢᠪᠠᠯ ᠨᠡᠢᠭᠡᠮᠴᠦ ᠡᠶ᠎ᠡ ᠵᠣᠬᠢᠴᠠᠩᠭᠤᠢ ᠪᠣᠯᠤᠨ᠎ᠠ᠃ ᠣᠯᠠᠨ ᠲᠦᠮᠡᠨ᠎ᠳᠦ ᠤᠴᠢᠷ ᠶᠠᠪᠤᠳᠠᠯ ᠰᠢᠢᠳᠪᠦᠷᠢᠯᠡᠵᠦ ᠥᠭᠬᠦ ᠪᠤᠯᠭᠠᠨ ᠪᠢ ᠮᠠᠰᠢ ᠪᠠᠶᠠᠷᠯᠠᠳᠠᠭ》 ᠬᠡᠵᠦ ᠴᠢᠦᠶ ᠷᠦᠩ ᠢᠨᠢᠶᠡᠮᠰᠦᠭᠯᠡᠨ ᠶᠠᠷᠢᠯ᠎ᠠ᠃
- ᠨᠠᠢᠷᠠᠭᠤᠯᠤᠭ᠍ᠴᠢ᠄
- ᠨᠡᠪᠲᠡᠷᠡᠭᠦᠯᠦᠭᠴᠢ᠄
- ᠮᠡᠷᠭᠡᠵᠢᠯ᠄
ᠨᠠᠢᠷᠠᠭᠤᠯᠤᠭ᠍ᠴᠢ᠄ ᠣᠷᠬᠢᠯ
ᠣᠷᠴᠢᠭᠤᠯᠤᠭ᠍ᠴᠢ᠄




ᠰᠢᠭᠦᠮᠵᠢ ᠠᠯᠠᠭ᠎ᠠ ᠂ ᠬᠤᠷᠳᠤᠨ ᠨᠢᠭᠡᠳᠦᠭᠡᠷ ᠵᠤᠷᠪᠤᠰ ᠰᠢᠭᠦᠮᠵᠢ ᠨᠡᠢ᠌ᠲᠡᠯᠡᠭᠡᠷᠡᠢ᠃