ᠭᠣᠣᠯ ᠰᠡᠳᠦᠪᠲᠦ ᠮᠡᠳᠡᠭᠡᠯᠡᠯ > ᠮᠠᠨ᠎ᠤ᠋ ᠳᠡᠷᠭᠡᠳᠡᠬᠢ ᠯᠸᠢ ᠹᠸᠩ

2023-03-17 11:04:02

ᠵᠣᠬᠢᠶᠠᠭ᠍ᠴᠢ᠄ ​ ᠸ·ᠭᠡᠷᠡᠯᠲᠦ᠍ ᠣᠩᠱᠢᠭ᠍ᠰᠠᠨ ᠣᠳᠠᠭ᠎ᠠ᠄ 3

《ᠬᠠᠢᠷ᠎ᠠ ᠪᠠᠷ ᠴᠠᠮᠬᠠᠭ ᠪᠤᠯᠭᠠᠨ ᠬᠠᠮᠳᠤ᠎ᠳᠠᠭᠠᠨ ᠠᠶᠠᠯᠠᠶ᠎ᠠ᠃ ᠰᠤᠨᠤᠰᠤᠬᠴᠢ ᠲᠠ ᠪᠦᠬᠦᠨ ᠤ᠋ FM 100.1 ᠪᠠᠷ ᠲᠠᠮᠵᠢᠨ ᠮᠠᠨ ᠤ᠋ ᠡᠨᠡ ᠵᠢᠯ ᠤ᠋ᠨ ᠬᠠᠪᠰᠤᠷᠤᠨ ᠲᠡᠳᠬᠦᠬᠦ᠌ ᠡᠲᠡᠭᠡᠳ᠎ᠲᠦ᠍ ᠠᠡᠭᠬᠠᠷᠤᠯ᠎ᠵᠢᠡᠨ ᠬᠠᠨᠳᠤᠭᠤᠯᠬᠤ᠎ᠵᠢ ᠪᠠᠶᠠᠷᠯᠠᠨ ᠤᠭ᠍ᠲᠤᠵᠤ ᠪᠠᠢᠨ᠎ᠠ᠃ ᠡᠨᠡ ᠡᠳᠦᠷ ᠎ᠤᠨ ᠦᠳᠡ ᠵᠢᠨ ᠡᠮᠦᠨᠡᠬᠢ 8 ᠴᠠᠭ 50 ᠮᠢᠨᠦ᠋ᠲ᠎ᠲᠦ᠂ ᠺᠠᠩ ᠺᠠᠩ ᠡᠵᠢ᠎ᠲᠡᠶ᠎ᠪᠡᠨ ᠪᠤᠭᠤᠲᠤ ᠬᠣᠲᠠ ᠵᠢᠨ ᠬᠡᠦᠬᠡᠳ ᠤ᠋ᠨ ᠲᠠᠷᠢᠬᠢᠨ ᠤ᠋ ᠰᠠ ᠡᠪᠡᠳᠴᠢᠨ ᠤ᠋ ᠡᠷᠡᠭᠦᠯᠵᠢᠯ ᠤ᠋ᠨ ᠲᠥᠪ᠎ᠲᠦ ᠬᠦᠷᠴᠦ ᠢᠷᠡᠯ᠎ᠠ᠃ ᠡᠨᠡ ᠪᠣᠯ ᠺᠠᠩ ᠺᠠᠩ ᠤ᠋ᠨ ᠬᠡᠷ ᠪᠦᠯᠢ᠎ᠶ᠋ᠢᠨ᠎ᠬᠢᠨ᠎ᠦ ᠤᠷᠠᠳ ᠤ᠋ᠨ ᠡᠮᠦᠨᠡᠲᠦ ᠬᠣᠱᠢᠭᠤ᠎ᠠᠴᠠ ᠪᠤᠭᠤᠲᠤ᠎ᠳᠤ ᠢᠷᠡᠵᠤ ᠡᠷᠡᠭᠦᠯᠵᠢᠯ ᠤ᠋ᠨ ᠡᠮᠴᠢᠯᠡᠭᠡ ᠬᠢᠯᠭᠡᠵᠤ ᠪᠠᠢᠭ᠎ᠠ ᠬᠣᠶᠠᠳᠠᠬᠢ ᠵᠢᠯ ᠪᠣᠯᠬᠤ ᠶᠤᠮ ᠁》 ᠬᠡᠵᠦ ᠤᠢᠷ᠎ᠠ᠎ᠳᠦ ᠪᠤᠭᠤᠲᠤ ᠵᠢᠨ ᠷᠠᠳᠢᠣ᠋ ᠲᠧᠯᠸᠢᠰ ᠬᠣᠷᠢᠶ᠎ᠠ᠎ᠵᠢᠨ FM 100.1 《ᠬᠠᠢᠷ᠎ᠠ ᠪᠠᠷ ᠴᠠᠮᠬᠠᠭ ᠪᠤᠯᠭᠠᠨ ᠬᠠᠮᠳᠤ᠎ᠳᠠᠭᠠᠨ ᠠᠶᠠᠯᠠᠶ᠎ᠠ》 ᠨᠡᠢᠲᠡ ᠵᠢᠨ ᠠᠰᠠᠷᠠᠮᠵᠢ ᠵᠢᠨ ᠫᠷᠤᠭ᠌ᠷᠠᠮ ᠤ᠋ᠨ ᠪᠤᠭᠤᠲᠤ ᠬᠣᠲᠠ ᠵᠢᠨ ᠬᠡᠦᠬᠡᠳ ᠤ᠋ᠨ ᠲᠠᠷᠢᠬᠢᠨ ᠤ᠋ ᠰᠠ ᠡᠪᠡᠳᠴᠢᠨ ᠤ᠋ ᠡᠷᠡᠭᠦᠯᠵᠢᠯ ᠤ᠋ᠨ ᠲᠥᠪ᠎ᠤᠨ ᠬᠠᠪᠰᠤᠷᠤᠨ ᠳᠡᠳᠬᠦᠬᠦ ᠡᠲᠡᠭᠡᠳ ᠢ᠋ ᠰᠤᠷᠪᠤᠯᠵᠢᠯᠠᠬᠰᠡᠨ ᠬᠡᠰᠡᠭ ᠰᠢᠡᠭᠭᠡᠭᠡᠯᠳᠠ ᠪᠤᠯᠬᠤ ᠶᠤᠮ᠃

《ᠮᠠᠶ ᠴᠢ》 ᠪᠣᠯ ᠪᠤᠭᠤᠲᠤ ᠵᠢᠨ ᠷᠠᠳᠢᠣ᠋ ᠲᠧᠯᠸᠢᠰ ᠬᠣᠷᠢᠶ᠎ᠠ᠎ᠵᠢᠨ FM 100.1᠎ᠵᠢᠨ ᠰᠤᠷᠪᠤᠯᠵᠢᠯᠠᠭ᠍ᠴᠢ᠂ ᠬᠥᠲᠥᠯᠥᠭ᠌ᠴᠢ ᠴᠢ ᠵᠢᠩ ᠱᠢᠶᠠᠨ ᠪᠣᠯᠤᠨ᠎ᠠ᠃ ᠲᠡᠷᠡ 《ᠬᠠᠢᠷ᠎ᠠ ᠪᠠᠷ ᠴᠠᠮᠬᠠᠭ ᠪᠤᠯᠭᠠᠨ ᠬᠠᠮᠳᠤ᠎ᠳᠠᠭᠠᠨ ᠠᠶᠠᠯᠠᠶ᠎ᠠ》 ᠨᠡᠢᠲᠡ ᠵᠢᠨ ᠠᠰᠠᠷᠠᠮᠵᠢ ᠵᠢᠨ ᠫᠷᠤᠭ᠌ᠷᠠᠮ ᠤ᠋ᠨ ᠵᠤᠬᠢᠶᠠᠨ ᠪᠠᠢᠭᠤᠯᠤᠭᠴᠢ ᠶᠤᠮ᠃

《ᠬᠠᠢᠷ᠎ᠠ ᠪᠠᠷ ᠴᠠᠮᠬᠠᠭ ᠪᠤᠯᠭᠠᠨ ᠬᠠᠮᠳᠤ᠎ᠳᠠᠭᠠᠨ ᠠᠶᠠᠯᠠᠶ᠎ᠠ》 ᠭᠡᠳᠡᠭ ᠨᠢ ᠪᠤᠭᠤᠲᠤ ᠵᠢᠨ ᠷᠠᠳᠢᠣ᠋ ᠲᠧᠯᠸᠢᠰ ᠬᠣᠷᠢᠶ᠎ᠠ᠎ᠵᠢᠨ ᠳᠠᠭᠤᠤ ᠬᠥᠭ᠌ᠵᠢᠮ ᠤ᠋ᠨ ᠨᠡᠪᠲᠡᠷᠡᠭᠦᠯᠭᠡ FM 100.1 ᠵᠢᠨ 2013 ᠣᠨ᠎ᠠᠴᠠ ᠡᠬᠢᠯᠡᠨ ᠨᠡᠪᠲᠡᠷᠡᠭᠦᠯᠦᠭ᠌ᠰᠡᠨ ᠨᠡᠢᠲᠡ ᠵᠢᠨ ᠠᠰᠠᠷᠠᠮᠵᠢ ᠵᠢᠨ ᠬᠠᠷᠢᠯᠴᠠᠨ ᠦᠢᠯᠡᠳᠦᠯᠴᠡᠬᠦ᠌ ᠲᠥᠷᠥᠯ ᠤ᠋ᠨ ᠫᠷᠤᠭ᠌ᠷᠠᠮ ᠪᠠᠢᠵᠤ᠂ ᠬᠣᠵᠢᠮ ᠨᠢ ᠨᠡᠢᠲᠡ ᠵᠢᠨ ᠠᠰᠠᠷᠠᠮᠵᠢ ᠵᠢᠨ ᠨᠡᠷᠡᠲᠦ ᠲᠡᠮᠳᠡᠭ ᠪᠣᠯᠵᠤ ᠬᠥᠭ᠌ᠵᠢᠭ᠌ᠰᠡᠨ ᠪᠠᠢᠨ᠎ᠠ᠃ ᠲᠡᠷᠡ ᠦᠶ᠎ᠡ᠎ᠡᠴᠡ ᠡᠬᠢᠯᠡᠨ ᠴᠢ ᠵᠢᠩ ᠱᠢᠶᠠᠨ ᠲᠤᠰ ᠫᠷᠤᠭ᠌ᠷᠠᠮ᠎ᠤᠨ ᠬᠥᠲᠥᠯᠥᠭ᠌ᠴᠢ ᠮᠥᠷᠲᠡᠭᠡᠨ ᠰᠤᠷᠪᠤᠯᠵᠢᠯᠠᠭ᠍ᠴᠢ ᠪᠤᠯᠤᠭᠰᠠᠨ ᠪᠠᠢᠯ᠎ᠠ ᠃

ᠲᠤᠰ ᠤᠳᠠᠭ᠎ᠠ᠎ᠵᠢᠨ ᠨᠡᠪᠲᠡᠷᠡᠭᠦᠯᠭᠡ᠎ᠳᠦ ᠳᠤᠷᠠᠳᠤᠭ᠍ᠰᠠᠨ《 ᠺᠠᠩ ᠺᠠᠩ》 ᠢ᠋ ᠺᠠᠩ ᠵᠢᠨ ᠴᠧᠩ ᠭᠡᠳᠡᠭ᠂ ᠡᠨᠡ ᠵᠢᠯ 4 ᠨᠠᠰᠤᠲᠠᠶ᠃ ᠡᠨᠡ ᠪᠢᠴᠢᠬᠠᠨ ᠬᠦᠦ 7 ᠰᠠᠷ᠎ᠠ ᠢᠯᠡᠭᠦᠦ᠍ ᠪᠠᠢᠬᠤ ᠳ᠋ᠠᠭᠠᠨ ᠱᠠᠹᠠ ᠳᠡᠭᠡᠷ᠎ᠡ᠎ᠡᠴᠡ ᠤᠨᠠᠭᠠᠳ ᠲᠣᠯᠣᠭᠠᠢ᠎ᠪᠠᠨ ᠰᠢᠷᠬᠠᠳᠤᠭᠤᠯᠵᠤ᠂ ᠲᠠᠯ᠎ᠠ ᠪᠡᠶ᠎ᠡ᠎ᠨᠢ ᠲᠠᠮᠪᠠᠷᠠᠵᠠᠢ᠃ ᠲᠡᠭᠦᠨ᠎ᠦ ᠡᠵᠢ ᠨᠢ ᠠᠵᠢᠯ ᠦᠭᠡᠢ ᠪᠥᠭᠡᠳ ᠠᠪᠤ ᠨᠢ ᠲᠦᠷ ᠴᠠᠭ ᠤ᠋ᠨ ᠠᠵᠢᠯᠴᠢᠨ᠃ ᠤᠳᠤ ᠺᠠᠡᠭ ᠵᠢᠨ ᠴᠸᠡᠭ ᠡᠵᠢ ᠲᠠᠢ ᠪᠠᠨ ᠬᠤᠶᠠᠭᠤᠯᠠ ᠡᠷᠡᠭᠦᠯᠵᠢᠯ ᠤ᠋ᠨ ᠲᠥᠪ᠎ᠤᠨ ᠡᠷᠡᠭᠦᠯᠵᠢᠯ ᠤ᠋ᠨ ᠪᠤᠯᠪᠠᠰᠤᠷᠠᠯ ᠎ᠳᠤ ᠤᠷᠤᠯᠴᠠᠵᠤ ᠪᠠᠢᠭ᠎ᠠ ᠠᠵᠢ ᠃

ᠺᠠᠩ ᠵᠢᠨ ᠴᠧᠩ ᠪᠣᠯ ᠴᠢ ᠵᠢᠩ ᠱᠢᠶᠠᠨ ᠤ᠋ 《ᠬᠠᠢᠷ᠎ᠠ ᠪᠠᠷ ᠴᠠᠮᠬᠠᠭ ᠪᠤᠯᠭᠠᠨ ᠬᠠᠮᠳᠤ᠎ᠳᠠᠭᠠᠨ ᠠᠶᠠᠯᠠᠶ᠎ᠠ》 ᠨᠡᠢᠲᠡ ᠵᠢᠨ ᠠᠰᠠᠷᠠᠮᠵᠢ ᠵᠢᠨ ᠲᠦᠷᠦᠯ ᠵᠦᠢᠯ᠎ᠵᠢᠡᠷ ᠬᠠᠪᠰᠤᠷᠤᠨ ᠲᠡᠳᠬᠦᠭᠰᠡᠨ 329 ᠬᠡᠦᠬᠡᠳ ᠤ᠋ᠨ ᠨᠢᠭᠡ ᠨᠢ ᠪᠣᠯᠤᠨ᠎ᠠ᠃ ᠡᠭᠦᠨ᠎ᠡᠴᠡ ᠭᠠᠳᠠᠨ᠎ᠠ᠂ 《ᠬᠠᠢᠷ᠎ᠠ ᠪᠠᠷ ᠴᠠᠮᠬᠠᠭ ᠪᠤᠯᠭᠠᠨ ᠬᠠᠮᠳᠤ᠎ᠳᠠᠭᠠᠨ ᠠᠶᠠᠯᠠᠶ᠎ᠠ》 ᠨᠢ ᠮᠥᠨ ᠪᠤᠭᠤᠳᠤ ᠬᠣᠲᠠ ᠵᠢᠨ ᠱᠠ ᠾᠸ ᠲᠠᠪᠤᠳᠤᠭᠠᠷ ᠰᠤᠷᠭᠠᠭᠤᠯᠢ᠂ ᠪᠤᠭᠤᠳᠤ ᠬᠣᠲᠠ ᠵᠢᠨ ᠬᠡᠦᠬᠡᠳ ᠤ᠋ᠨ ᠲᠠᠷᠢᠬᠢᠨ ᠤ᠋ ᠰᠠ ᠡᠪᠡᠳᠴᠢᠨ ᠤ᠋ ᠡᠷᠡᠭᠦᠯᠵᠢᠯ ᠤ᠋ᠨ ᠲᠥᠪ᠂ ᠢ ᠵᠢᠶᠸ ᠺᠠᠩ ᠬᠡᠦᠬᠡᠳ ᠤ᠋ᠨ ᠡᠷᠡᠭᠦᠯᠵᠢᠯ ᠤ᠋ᠨ ᠲᠥᠪ ᠵᠡᠷᠭᠡ ᠬᠠᠮᠲᠤ ᠨᠡᠢᠲᠡ ᠵᠢ ᠲᠤᠰᠠᠯᠠᠵᠤ᠂ 180 ᠲᠦᠮᠡᠨ ᠲᠦᠭᠦᠷᠢᠭ ᠤ᠋ᠨ ᠰᠠᠭᠤᠷᠢ ᠮᠦᠩᠬᠦ ᠵᠢ ᠬᠤᠷᠠᠮᠳᠤᠭᠤᠯᠤᠨ ᠴᠤᠬᠯᠠᠭᠤᠯᠵᠤ᠂ 4000 ᠰᠢᠬᠠᠮ ᠬᠡᠦᠬᠡᠳ ᠢ᠋ ᠬᠠᠪᠰᠤᠷᠤᠨ ᠲᠡᠳᠬᠦᠭ᠌ᠰᠡᠨ ᠪᠠᠢᠨ᠎ᠠ᠃

ᠠᠡᠭᠬ᠎ᠠ ᠡᠬᠢᠯᠡᠵᠦ᠍ ᠨᠡᠪᠲᠡᠷᠡᠭᠦᠯᠬᠦ᠌ ᠦᠶᠡᠰ᠂ 《ᠬᠠᠢᠷ᠎ᠠ ᠪᠠᠷ ᠴᠠᠮᠬᠠᠭ ᠪᠤᠯᠭᠠᠨ ᠬᠠᠮᠳᠤ᠎ᠳᠠᠭᠠᠨ ᠠᠶᠠᠯᠠᠶ᠎ᠠ》 ᠨᠠᠢᠳᠠ᠎ᠵᠢᠨ ᠠᠰᠠᠷᠠᠮᠵᠢ᠎ᠵᠢᠨ ᠫᠷᠤᠭ᠌ᠷᠠᠮ ᠤ᠋ᠨ ᠨᠡᠪᠲᠡᠷᠡᠭᠦᠯᠬᠦ᠌ ᠴᠠᠭ ᠨᠢ ᠭᠠᠷᠠᠭ ᠪᠦᠷᠢ ᠵᠢᠨ ᠭᠠᠷᠠᠭ ᠤ᠋ᠨ ᠨᠢᠭᠡᠨ᠎ᠡᠴᠡ ᠭᠠᠷᠠᠭ ᠤ᠋ᠨ ᠵᠢᠷᠭᠤᠭᠠᠨ ᠤ᠋ ᠦᠳᠡ ᠵᠢᠨ 12᠄ 20 - 13᠄ 00 ᠲᠦ᠍ ᠪᠠᠢᠪᠠ᠃ ᠲᠤᠬᠠᠶ ᠵᠢᠨ ᠦᠶ᠎ᠡ᠎ᠳᠦ ᠫᠷᠤᠭ᠌ᠷᠠᠮ᠎ᠨᠢ ᠪᠤᠭᠤᠲᠤ ᠬᠣᠲᠠ ᠵᠢᠨ ᠡᠮᠡᠭ᠌ᠲᠡᠢᠴᠦᠳ ᠤ᠋ᠨ ᠬᠣᠯᠪᠣᠭ᠎ᠠ ᠂ ᠵᠡᠮᠳᠡᠭ᠌ᠴᠦᠳ ᠤ᠋ᠨ ᠬᠣᠯᠪᠣᠭ᠎ᠠ ᠵᠡᠷᠭᠡ ᠪᠠᠢᠭᠤᠯᠤᠮᠵᠢ ᠲᠠᠢ ᠬᠠᠮᠲᠤᠷᠠᠨ ᠠᠮᠢᠳᠤᠷᠠᠯ ᠨᠢ ᠬᠦᠴᠢᠷᠳᠡᠯᠳᠡᠢ ᠨᠢᠭᠡ ᠬᠡᠦᠬᠡᠳ ᠢ᠋ ᠰᠣᠩᠭᠣᠨ ᠬᠠᠯᠠᠮᠵᠢᠯᠠᠨ ᠬᠠᠢᠷᠠᠯᠠᠬᠤ ᠡᠲᠡᠭᠡᠳ ᠵᠢᠡᠨ ᠪᠣᠯᠭᠠᠵᠤ ᠬᠠᠪᠰᠤᠷᠤᠨ ᠲᠡᠳᠬᠦᠳᠡᠭ ᠪᠠᠢᠪᠠ᠃

FM 100.1 ᠵᠢᠨ ᠪᠦᠬᠦᠯᠢ ᠡᠳᠦᠷ ᠤ᠋ᠨ ᠷᠠᠳᠢᠣ᠋ ᠨᠡᠪᠲᠡᠷᠡᠭᠦᠯᠭᠡ ᠵᠢᠴᠢ ᠪᠢᠴᠢᠯ ᠪᠦᠷᠭᠡ᠂ ᠵᠢᠷᠬᠢᠶ᠎ᠠ᠎ᠵᠢᠨ ᠤᠯᠠᠨ ᠨᠡᠢᠲᠡ ᠵᠢᠨ ᠲᠠᠪᠴᠠᠡᠭ᠂ ᠣᠬᠣᠷ ᠸᠢᠳᠢᠣ᠋ ᠵᠡᠷᠭᠡ ᠱᠢᠨ᠎ᠡ ᠵᠠᠭᠤᠴᠢᠯᠠᠭᠤᠷ ᠤ᠋ᠨ ᠤᠬᠠᠭᠤᠯᠭ᠎ᠠ ᠰᠤᠷᠳᠠᠯᠴᠢᠯᠠᠭ᠎ᠠ ᠵᠢ ᠠᠱᠢᠭ᠍ᠯᠠᠨ᠂ 《 ᠬᠠᠢᠷ᠎ᠠ ᠪᠠᠷ ᠴᠠᠮᠬᠠᠭ ᠪᠤᠯᠭᠠᠨ ᠬᠠᠮᠳᠤ᠎ᠳᠠᠭᠠᠨ ᠠᠶᠠᠯᠠᠶ᠎ᠠ》 ᠨᠡᠪᠳᠡᠷᠡᠭᠦᠯᠭᠡ ᠵᠢᠨ ᠨᠥᠯᠥᠭᠡᠯᠡᠬᠦ᠌ ᠬᠦᠴᠦᠨ ᠤᠯᠠᠮ᠎ᠵᠢᠡᠷ ᠶᠡᠬᠡ ᠪᠣᠯᠵᠣ᠂ ᠠᠩᠬᠠᠷᠤᠯ ᠤ᠋ᠨ ᠬᠡᠮᠵᠢᠶ᠎ᠡ ᠨᠢ ᠴᠦ᠍ ᠤᠯᠠᠮ᠎ᠵᠢᠡᠷ ᠳᠡᠭᠡᠭᠰᠢᠯᠡᠵᠤ ᠪᠠᠢᠨ᠎ᠠ᠃ ᠡᠭᠦᠨ᠎ᠦ ᠬᠠᠮᠳᠤ᠂ ᠴᠢ ᠵᠢᠩ ᠱᠢᠶᠠᠨ ᠥᠪᠡᠷ ᠤ᠋ᠨ ᠳᠠᠭᠤ ᠬᠤᠭᠤᠯᠠᠢ ᠪᠣᠯᠤᠨ ᠦᠢᠯᠡ ᠠᠵᠢᠯᠯᠠᠭ᠎ᠠ ᠪᠡᠷ ᠵᠢᠠᠨ ᠶᠠᠳᠠᠭᠤ ᠬᠦᠴᠢᠷᠳᠡᠯᠲᠡᠢ ᠬᠡᠦᠬᠡᠳ ᠪᠣᠯᠤᠨ ᠬᠠᠯᠠᠭᠤᠨ ᠰᠡᠳᠬᠢᠯᠳᠦ ᠰᠣᠨᠣᠰᠤᠭ᠍ᠴᠢᠳ ᠤ᠋ᠨ ᠬᠣᠭᠣᠷᠣᠨᠳᠣᠬᠢ ᠬᠥᠭᠥᠷᠭᠡ ᠬᠤᠯᠪᠤᠭᠠᠰᠤ ᠪᠤᠯᠤᠭᠰᠠᠨ᠎ᠢᠶᠠᠷ ᠪᠠᠷᠠᠬᠤ ᠦᠭᠡᠢ᠂ ᠨᠡᠩ ᠴᠢᠬᠤᠯᠠ ᠨᠢ ᠴᠢᠨᠭ ᠦᠨᠡᠨᠴᠢ ᠰᠡᠳᠬᠢᠯ ᠵᠢᠡᠷ ᠵᠢᠠᠨ ᠬᠠᠪᠰᠤᠷᠤᠯᠭ᠎ᠠ ᠬᠦᠰᠡᠵᠤ ᠪᠦᠬᠦᠢ ᠬᠡᠦᠬᠡᠳ ᠤ᠋ᠨ ᠰᠡᠳᠭᠢᠯ ᠎ᠢ᠋ ᠲᠤᠯᠠᠭᠠᠴᠠᠭᠤᠯᠵᠤ᠂ ᠬᠠᠢᠷ᠎ᠠ ᠬᠠᠯᠠᠮᠵᠢ ᠪᠡᠷ ᠵᠢᠠᠨ ᠡᠳᠡᠭᠡᠷ ᠬᠡᠦᠬᠡᠳ ᠤ᠋ᠨ ᠰᠡᠳᠭᠢᠯ ᠤ᠋ᠨ ᠵᠣᠪᠠᠭᠤᠷᠢ ᠵᠢ ᠠᠷᠢᠯᠭᠠᠵᠤ᠂ ᠲᠡᠳᠡᠨ᠎ᠦ ᠠᠮᠢᠳᠤᠷᠠᠯ᠎ᠳᠤ ᠬᠦᠰᠡᠯ ᠡᠷᠡᠮᠡᠯᠵᠡᠯ ᠤ᠋ᠨ ᠬᠡᠷᠡᠯ ᠬᠡᠬᠡ ᠵᠢ ᠣᠯᠭᠣᠭ᠍ᠰᠠᠨ ᠶᠤᠮ᠃

ᠲᠡᠷᠡ ᠬᠢᠭᠡᠳ ᠫᠷᠤᠭ᠌ᠷᠠᠮ ᠤ᠋ᠨ ᠬᠢᠨ ᠤ᠋ ᠬᠠᠮᠳᠤ ᠵᠢᠨ ᠴᠢᠷᠮᠠᠢᠯᠭ᠎ᠠ ᠪᠡᠷ᠂ ᠪᠤᠭᠤᠳᠤ ᠬᠣᠲᠠ ᠵᠢᠨ ᠮᠠᠰᠢ ᠣᠯᠠᠨ ᠬᠠᠯᠠᠭᠤᠨ ᠰᠡᠳᠭᠢᠯᠲᠦ ᠰᠣᠨᠣᠰᠤᠭ᠍ᠴᠢᠳ 《ᠬᠠᠢᠷ᠎ᠠ ᠪᠠᠷ ᠴᠠᠮᠬᠠᠭ ᠪᠤᠯᠭᠠᠨ ᠬᠠᠮᠳᠤ᠎ᠳᠠᠭᠠᠨ ᠠᠶᠠᠯᠠᠶ᠎ᠠ》 ᠨᠠᠢᠳᠠ᠎ᠵᠢᠨ ᠠᠰᠠᠷᠠᠮᠵᠢ᠎ᠵᠢᠨ ᠫᠷᠤᠭ᠌ᠷᠠᠮ᠎ᠤᠨ ᠬᠠᠪᠰᠤᠷᠤᠨ ᠳᠡᠳᠬᠦᠬᠦ ᠡᠳᠡᠭᠡᠳ ᠲᠠᠢ ᠬᠠᠷᠢᠭᠤᠴᠠᠨ ᠬᠠᠪᠰᠤᠷᠬᠤ ᠬᠠᠷᠢᠴᠠᠭ᠎ᠠ ᠪᠠᠢᠭᠤᠯᠵᠤ᠂ ᠤᠷᠲᠤ ᠬᠤᠭᠤᠴᠠᠭ᠎ᠠ᠎ᠪᠠᠷ ᠲᠤᠰᠠᠯᠠᠮᠵᠢ ᠦᠵᠡᠭᠦᠯᠵᠤ ᠪᠠᠢᠨ᠎ᠠ᠃

  • ᠨᠠᠢᠷᠠᠭᠤᠯᠤᠭ᠍ᠴᠢ᠄

  • ᠨᠡᠪᠲᠡᠷᠡᠭᠦᠯᠦᠭᠴᠢ᠄

  • ᠮᠡᠷᠭᠡᠵᠢᠯ᠄

ᠨᠠᠢᠷᠠᠭᠤᠯᠤᠭ᠍ᠴᠢ᠄ ᠣᠷᠬᠢᠯ

ᠣᠷᠴᠢᠭᠤᠯᠤᠭ᠍ᠴᠢ᠄

ᠢᠷᠡᠯᠲᠡ᠄ ᠳᠤᠮᠳᠠᠳᠤ ᠤᠯᠤᠰ᠎ᠤ᠋ᠨ ᠮᠣᠩᠭᠣᠯ ᠬᠡᠯᠡᠨ᠎ᠦ᠌ ᠰᠣᠨᠢᠨ ᠮᠡᠳᠡᠭᠡ᠎ᠶ᠋ᠢᠨ ᠰᠦᠯᠵᠢᠶ᠎ᠡ
兼容浏览器的HTML页面