ᠭᠣᠣᠯ ᠰᠡᠳᠦᠪᠲᠦ ᠮᠡᠳᠡᠭᠡᠯᠡᠯ > ᠮᠠᠨ᠎ᠤ᠋ ᠳᠡᠷᠭᠡᠳᠡᠬᠢ ᠯᠸᠢ ᠹᠸᠩ

2022-05-05 09:33:45

ᠵᠣᠬᠢᠶᠠᠭ᠍ᠴᠢ᠄ ᠯᠢ ᠢᠦᠶ ᠵᠦᠸᠸ ᠹᠠᠨ ᠬᠤᠸᠠ ᠣᠩᠱᠢᠭ᠍ᠰᠠᠨ ᠣᠳᠠᠭ᠎ᠠ᠄ 3

ᠪᠤᠳᠠᠳᠤ ᠦᠶ᠋ᠯᠡ ᠠᠵᠢᠯᠯᠠᠭ᠎ᠠ᠎ᠪᠠᠷ᠎ᠢᠶᠠᠨ 《ᠰᠠᠢᠨ ᠳᠤᠷᠠᠴᠤᠤᠯ》 ᠎ᠳ᠋ᠤ ᠥᠩᠭᠡ ᠪᠤᠳᠤᠭ ᠨᠡᠮᠡᠷᠢᠯᠡᠨ᠎ᠡ

ᠰᠠᠢᠨ ᠲᠤᠷᠠᠴᠤᠤᠯ ᠤ᠋ᠨ ᠤᠯᠠᠭᠠᠨ ᠤᠤᠵᠢ ᠡᠮᠦᠰᠴᠦ᠍᠂ ᠭᠠᠷ᠎ᠲᠠᠭᠠᠨ ᠠᠯᠴᠢᠭᠤᠷ ᠪᠠᠷᠢᠠ᠂ ᠭᠤᠤᠨᠢ ᠨᠠᠰᠤᠲᠠᠨ᠎ᠤ ᠭᠡᠷ᠎ᠲᠦ ᠬᠦᠷᠴᠤ ᠠᠷᠴᠢᠵᠤ ᠠᠷᠢᠯᠭᠠᠨ᠂ ᠨᠢᠭᠤᠷ ᠳᠦᠭᠦᠷᠡᠩ ᠬᠥᠯᠥᠰᠥ᠍ ᠠᠰᠭᠠᠷᠠᠭᠤᠯᠤᠨ᠎ᠠ ᠁ ᠡᠨᠡ ᠪᠣᠯ ᠡᠸᠡᠩᠬᠢ ᠦᠨᠳᠦᠰᠦᠲᠡᠨ᠎ᠦ ᠥᠪᠡᠷᠲᠡᠭᠡᠨ ᠵᠠᠰᠠᠬᠤ ᠬᠣᠱᠢᠭᠤᠨ᠎ᠤ ᠠᠷᠠᠳ᠎ᠤᠨ ᠵᠠᠰᠠᠭ᠎ᠤᠨ ᠣᠷᠳᠣᠨ᠎ᠤ ᠪᠠᠢᠭᠤᠯᠭ᠎ᠠ᠎ᠶ᠋ᠢᠨ ᠰᠤᠷᠲᠠᠯ᠎ᠤᠨ ᠪᠠᠢᠭᠤᠯᠤᠯᠲᠠ᠎ᠶ᠋ᠢᠨ ᠠᠯᠪᠠᠨ ᠭᠡᠷ᠎ᠦᠨ ᠬᠠᠷᠢᠭᠤᠴᠠᠯᠭᠠᠲᠠᠨ ᠬᠠᠰᠭ᠋ᠤᠤ᠎ᠠ ᠪᠣᠯᠤᠨ᠎ᠠ᠃

2012 ᠣᠨ᠎ᠤ ᠰᠡᠭᠦᠯᠴᠢ᠎ᠪᠡᠷ᠂ ᠬᠠᠰᠭ᠋ᠤᠤ᠎ᠠ ᠡᠸᠡᠩᠬᠢ ᠬᠣᠱᠢᠭᠤᠨ᠎ᠤ ᠠᠯᠪᠠᠨ ᠵᠢᠷᠤᠮ᠎ᠤᠨ ᠠᠵᠢᠯᠯᠠᠬᠰᠠᠳ᠎ᠤᠨ ᠬᠣᠯᠪᠣᠭ᠎ᠠ ᠵᠢ ᠵᠣᠬᠢᠶᠠᠨ ᠪᠠᠢᠭᠤᠯᠪᠠ᠃ ᠡᠨᠡ ᠪᠣᠯ ᠪᠦᠬᠦ᠌ ᠣᠷᠣᠨ᠎ᠤ ᠱᠢᠶᠠᠨ᠎ᠤ ᠲᠡᠰ᠎ᠤᠨ ᠭᠠᠵᠠᠷ ᠣᠷᠣᠨ᠎ᠳᠤ ᠪᠠᠢᠭᠤᠯᠤᠭ᠍ᠳᠠᠭ᠍ᠰᠠᠨ ᠠᠩᠬᠠᠳᠠᠭ᠍ᠴᠢ ᠠᠯᠪᠠᠨ ᠵᠢᠷᠤᠮ᠎ᠤᠨ ᠠᠵᠢᠯᠯᠠᠬᠰᠠᠳ᠎ᠤᠨ ᠬᠣᠯᠪᠣᠭ᠎ᠠ ᠪᠣᠯᠤᠨ᠎ᠠ᠃ ᠡᠸᠡᠩᠬᠢ ᠬᠣᠱᠢᠭᠤᠨ᠎ᠤ ᠠᠯᠪᠠᠨ ᠵᠢᠷᠤᠮ᠎ᠤᠨ ᠠᠵᠢᠯᠯᠠᠬᠰᠠᠳ᠎ᠤᠨ ᠬᠣᠯᠪᠣᠭ᠎ᠠ᠎ᠨᠢ ᠬᠤᠢ ᠳ᠋ᠤᠤ ᠭᠠᠴᠠᠭᠠᠨ᠎ᠤ 《ᠭᠠᠷ ᠭᠠᠷ᠎ᠢᠶᠠᠨ ᠬᠣᠯᠪᠣᠯᠴᠠᠬᠤ》 ᠠᠯᠪᠠᠨ ᠵᠢᠷᠤᠮ᠎ᠤᠨ ᠠᠵᠢᠯᠯᠠᠬᠰᠠᠳ᠎ᠤᠨ ᠬᠤᠪᠢᠶᠠᠷᠢ ᠠᠩᠭᠢ᠂ ᠵᠡᠭᠦᠨ ᠰᠤᠮᠤ᠎ᠶ᠋ᠢᠨ ᠣᠢᠳᠬᠡᠨ ᠭᠠᠴᠠᠭᠠᠨ᠎ᠤ ᠠᠯᠪᠠᠨ ᠵᠢᠷᠤᠮ᠎ᠤᠨ ᠠᠵᠢᠯᠯᠠᠬᠰᠠᠳ᠎ᠤᠨ ᠬᠤᠪᠢᠶᠠᠷᠢ ᠠᠩᠭᠢ ᠵᠢᠴᠢ ᠤᠯᠠᠭᠠᠨᠪᠤᠯᠠᠭ ᠭᠠᠴᠠᠭᠠᠨ᠎ᠤ 《ᠬᠠᠢᠷ᠎ᠠ》ᠠᠯᠪᠠᠨ ᠵᠢᠷᠤᠮ᠎ᠤᠨ ᠠᠵᠢᠯᠯᠠᠬᠰᠠᠳ᠎ᠤᠨ ᠬᠤᠪᠢᠶᠠᠷᠢ ᠠᠩᠭᠢ ᠵᠡᠷᠭᠡ 3 ᠬᠤᠪᠢᠶᠠᠷᠢ ᠠᠩᠭᠢ ᠪᠠᠢᠵᠤ᠂ ᠣᠳᠣᠬᠠᠨ᠎ᠳᠤ ᠨᠢᠬᠡᠨᠳᠡ 200 ᠭᠠᠷᠤᠶ ᠪᠦᠷᠢᠯᠳᠦᠬᠦᠨ᠎ᠲᠡᠶ ᠪᠣᠯᠵᠠᠶ᠃

9 ᠵᠢᠯ ᠭᠠᠷᠤᠢ᠎ᠶ᠋ᠢᠨ ᠬᠤᠭᠤᠴᠠᠭᠠᠨ᠎ᠳᠤ᠂ ᠬᠠᠰᠭ᠋ᠤᠤ᠎ᠠ ᠡᠸᠡᠩᠬᠢ ᠬᠣᠱᠢᠭᠤᠨ᠎ᠤ ᠠᠯᠪᠠᠨ ᠵᠢᠷᠤᠮ᠎ᠤᠨ ᠠᠵᠢᠯᠯᠠᠬᠰᠠᠳ᠎ᠤᠨ ᠬᠣᠯᠪᠣᠭ᠎ᠠ ᠵᠢᠨ ᠠᠯᠪᠠᠨ ᠵᠢᠷᠤᠮ᠎ᠤᠨ ᠠᠵᠢᠯᠯᠠᠬᠰᠠᠳ ᠵᠢᠡᠨ ᠵᠣᠬᠢᠶᠠᠨ ᠪᠠᠢᠭᠤᠯᠵᠦ᠂ ᠡᠯ᠎ᠡ ᠵᠦᠢᠯ᠎ᠦᠨ ᠨᠡᠢᠲᠡ᠎ᠶ᠋ᠢᠨ ᠠᠰᠠᠷᠠᠮᠵᠢ᠎ᠶ᠋ᠢᠨ ᠠᠵᠢᠯᠯᠠᠭ᠎ᠠ᠎ᠶ᠋ᠢ ᠮᠢᠩᠭ᠎ᠠ ᠱᠢᠬᠠᠮ ᠤᠳᠠᠭ᠎ᠠ ᠥᠷᠨᠢᠭᠦᠯᠵᠦ᠍᠂ ᠬᠡᠳᠦᠨ ᠮᠢᠩᠭᠠᠨ ᠤᠯᠠᠨ ᠲᠦᠮᠡᠨ᠎ᠳᠦ ᠠᠱᠢᠭ ᠬᠦᠷᠲᠡᠭᠡᠪᠡ᠃ ᠬᠠᠰᠭ᠋ᠤᠤ᠎ᠠ᠎ᠶ᠋ᠢᠨ ᠳᠠᠭᠠᠭᠤᠯᠭ᠎ᠠ ᠳᠤᠤᠷ᠎ᠠ᠂ ᠰᠠᠢᠨ ᠳᠤᠷᠠᠴᠤᠤᠯ ᠤ᠋ᠨ ᠠᠵᠢᠯᠯᠠᠬᠰᠠᠳ ᠣᠯᠠᠨ ᠨᠡᠢᠲᠡ᠎ᠶ᠋ᠢᠨ ᠲᠠᠯᠠᠪᠤᠷ᠎ᠤᠨ ᠡᠷᠡᠭᠦᠯ ᠬᠠᠮᠠᠭᠠᠯᠠᠯ ᠵᠢᠴᠢ ᠵᠢᠵᠢᠭ ᠵᠠᠷ ᠮᠡᠳᠡᠭᠡ᠎ᠶ᠋ᠢ ᠴᠡᠪᠡᠷᠯᠡᠵᠦ᠍᠂ 《ᠡᠵᠢ ᠭᠤᠤᠯ᠎ᠢ ᠬᠠᠮᠠᠭᠠᠯᠠᠬᠤ》 ᠠᠵᠢᠯᠯᠠᠭ᠎ᠠ᠎ᠳᠤ ᠣᠷᠣᠯᠴᠠᠡ᠂ ᠣᠷᠴᠢᠨ ᠲᠣᠭᠣᠷᠢᠨ᠎ᠤ ᠬᠠᠮᠠᠭᠠᠯᠠᠯᠲᠠ᠎ᠳᠤ ᠬᠦᠴᠦᠨ ᠴᠢᠳᠠᠯ᠎ᠢᠶᠠᠨ ᠡᠷᠭᠦᠪᠡ; ᠡᠸᠡᠩᠬᠢ ᠬᠣᠱᠢᠭᠤᠨ᠎ᠤ ᠵᠡᠮᠳᠡᠭ᠌ᠴᠦᠳ᠎ᠦᠨ ᠬᠣᠯᠪᠣᠭ᠎ᠠ᠎ᠯᠤᠭ᠎ᠠ ᠬᠠᠮᠳᠤᠷᠠᠵᠦ᠂ ᠵᠡᠮᠳᠡᠭ᠌ᠴᠦᠳ᠎ᠲᠦ ᠪᠡᠯᠡᠭ᠌ᠯᠡᠨ ᠬᠦᠷᠭᠡᠬᠦ᠌ ᠵᠢᠴᠢ ᠦᠢᠯᠡᠴᠢᠯᠡᠬᠦ ᠡᠯ᠎ᠠ ᠲᠦᠷᠦᠯ᠎ᠤᠨ ᠠᠵᠢᠯᠯᠠᠭ᠎ᠠ᠎ᠳᠤ ᠣᠯᠠᠨᠲᠠ ᠣᠷᠣᠯᠴᠠᠵᠠᠢ; ᠠᠯᠪᠠᠨ ᠵᠢᠷᠤᠮ᠎ᠤᠨ ᠠᠵᠢᠯᠯᠠᠬᠰᠠᠳ ᠵᠢᠡᠨ ᠵᠣᠬᠢᠶᠠᠨ ᠪᠠᠢᠭᠤᠯᠵᠤ᠂ ᠡᠯ᠎ᠡ ᠲᠦᠷᠦᠯ᠎ᠦᠨ ᠤᠷᠤᠯᠳᠤᠭᠠᠨ᠎ᠤ ᠠᠵᠢᠯᠯᠠᠭ᠎ᠠ ᠳᠤᠮᠳᠠ ᠰᠠᠢ᠌ᠨ ᠳᠤᠷ᠎ᠠ᠎ᠶ᠋ᠢᠨ ᠦᠢᠯᠡᠴᠢᠯᠡᠭᠡ ᠥᠷᠨᠢᠭᠦᠯᠵᠦ᠍᠂ ᠤᠯᠠᠨ ᠲᠦᠮᠡᠨ᠎ᠦ ᠰᠣᠶᠣᠯ ᠲᠠᠮᠢᠷ᠎ᠤᠨ ᠠᠵᠢᠯᠯᠠᠭ᠎ᠠ᠎ᠳᠤ ᠠᠮᠤᠷ ᠲᠦᠪᠱᠢᠨ᠎ᠦ ᠪᠠᠲᠤᠯᠠᠭ᠎ᠠ ᠬᠠᠩᠭᠠᠪᠠ ᠁ 2017 ᠣᠨ᠎ᠳᠤ᠂ ᠲᠡᠷᠡ 《 ᠪᠦᠬᠦ᠌ ᠤᠯᠤᠰ᠎ᠤᠨ ᠠᠵᠢᠯ᠎ᠤᠨ ᠪᠠᠢᠷᠢ᠎ᠳᠡᠭᠡᠷ᠎ᠡ ᠪᠠᠨ ᠯᠸᠢ ᠹᠸᠩ ᠡᠴᠡ ᠰᠤᠷᠤᠯᠴᠠᠬᠰᠠᠨ ᠪᠢᠶᠤᠤᠪᠢᠩ》 ᠎ᠤ᠋ᠨ ᠢᠷᠠᠭᠤ ᠠᠯᠳᠠᠷ᠎ᠤᠨ ᠴᠣᠯᠠ᠎ᠶ᠋ᠢ ᠬᠦᠷᠳᠡᠪᠠ᠃

ᠨᠠᠰᠤ ᠠᠬᠢᠭ᠍ᠰᠠᠨ ᠪᠠᠢ᠎ᠶ᠋ᠢᠨ ᠱᠠᠨ ᠲᠠᠷᠢᠬᠢᠨ᠎ᠳᠤᠨᠢ ᠴᠢᠰᠤ ᠬᠠᠷᠪᠤᠭ᠍ᠰᠠᠨ ᠠᠷᠬᠠᠭ᠎ᠲᠠᠶ ᠡᠴᠡ ᠪᠤᠯᠵᠦ᠂ ᠬᠥᠳᠡᠯᠵᠦ᠍ ᠪᠠᠷᠢᠬᠤ ᠨᠢ ᠳᠥᠭᠥᠮ ᠦᠭᠡᠢ ᠪᠠᠢᠪᠠ᠂ ᠡᠬᠡᠨᠡᠷ᠎ᠨᠢ ᠪᠠᠰᠠ ᠡᠯᠢᠭᠡᠨ ᠡᠪᠠᠳᠴᠢᠨ ᠳ᠋ᠤ ᠨᠠᠷᠪᠡᠭᠲᠠᠨ᠂ ᠡᠮᠨᠡᠯᠭᠡ ᠡᠴᠠ ᠡᠪᠡᠳᠴᠢᠨ ᠬᠦᠨᠳᠦᠷᠦᠭᠰᠡᠨ ᠮᠡᠳᠡᠭ᠌ᠳᠡᠯ᠎ᠦᠨ ᠪᠢᠴᠢᠭ᠎ᠢ ᠬᠡᠲᠤᠨᠲᠠ ᠪᠠᠭᠤᠯᠭᠠᠵᠠᠢ᠃ ᠬᠠᠰᠭ᠋ᠤᠤ᠎ᠠ ᠪᠠᠢ᠎ᠶ᠋ᠢᠨ ᠱᠠᠨ᠎ᠤ ᠭᠡᠷ᠎ᠦᠨ ᠪᠠᠢᠳᠠᠯ᠎ᠢ ᠮᠡᠳᠡᠭ᠌ᠰᠡᠨ᠎ᠦ ᠳᠠᠷᠠᠭ᠎ᠠ᠂ ᠠᠯᠪᠠᠨ ᠵᠢᠷᠤᠮ᠎ᠤᠨ ᠠᠵᠢᠯᠯᠠᠬᠰᠠᠳ ᠵᠢᠡᠨ ᠳᠠᠭᠠᠭᠤᠯᠤᠨ ᠨᠠᠰᠤᠲᠠᠨ᠎ᠳᠤ ᠬᠥᠪᠥᠩ ᠬᠤᠪᠴᠠᠰᠤ᠂ ᠬᠥᠪᠥᠩ ᠬᠥᠨᠵᠢᠯᠡ ᠪᠠ ᠠᠮᠤ ᠲᠣᠰᠣ ᠵᠡᠷᠭᠡ ᠠᠮᠢᠳᠤᠷᠠᠯ᠎ᠤᠨ ᠴᠢᠬᠤᠯᠠ ᠬᠡᠷᠡᠭ᠌ᠴᠡᠭᠡᠨ᠎ᠦ ᠵᠦᠢᠯᠡᠰ ᠬᠠᠩᠭᠠᠵᠤ᠂ ᠨᠠᠰᠤᠲᠠᠨ ᠎ᠢ ᠳᠠᠭᠠᠭᠤᠯᠤᠨ ᠡᠮᠨᠡᠯᠭᠡ᠎ᠳᠦ ᠬᠦᠷᠴᠦ᠍ ᠡᠮᠨᠡᠬᠦᠯᠤᠨ᠂ ᠣᠯᠠᠨ ᠲᠠᠯ᠎ᠠ᠎ᠠᠴᠠ ᠲᠡᠭᠦᠨ᠎ᠳᠦ ᠡᠮ ᠡᠮᠨᠡᠯᠭᠡ᠎ᠶ᠋ᠢᠨ ᠵᠠᠷᠤᠳᠠᠯ ᠴᠤᠭ᠍ᠯᠠᠭᠤᠯᠵᠤ ᠥᠭ᠌ᠪᠡ᠃

ᠬᠠᠰᠭ᠋ᠤᠤ᠎ᠠ ᠪᠠᠰᠠ ᠭᠡᠷ᠎ᠲᠠᠬᠡᠨ ᠬᠣᠴᠣᠷᠤᠭ᠍ᠰᠠᠨ ᠬᠡᠦᠬᠡᠳ᠎ᠢ ᠮᠠᠰᠢ ᠬᠠᠯᠠᠮᠵᠢᠯᠠᠲᠠᠭ᠃ 2013 ᠣᠨ᠎ᠳᠤ᠂ ᠵᠢᠷᠭᠤᠭᠠᠬᠠᠨ ᠨᠠᠰᠤᠲᠠᠢ ᠪᠦᠦ ᠵᠢᠶᠠ ᠱᠢᠤᠢ ᠡᠪᠦᠭᠡ ᠡᠮᠡᠭᠡ᠎ᠶ᠋ᠢᠨ᠎ᠢᠶᠡᠨ ᠳᠡᠷᠭᠡᠳᠡ ᠠᠮᠢᠳᠤᠷᠠᠭ᠍ᠰᠠᠭᠠᠷ ᠢᠷᠡᠪᠡ᠃ ᠲᠥᠷᠥᠯᠬᠢ᠎ᠶ᠋ᠢᠨ ᠱᠢᠮ᠎ᠡ ᠲᠡᠵᠢᠭᠡᠯ ᠲᠤᠳᠠᠬᠳᠠᠵᠦ᠂ ᠬᠠᠢᠷ᠎ᠠ ᠬᠠᠷᠠᠭᠠᠯᠵᠠᠯ ᠳᠤᠲᠠᠮᠠᠭ᠎ᠠᠴᠠ ᠪᠤᠯᠵᠤ᠂ ᠪᠦᠦ ᠵᠢᠶᠠ ᠱᠢᠤᠢ ᠬᠦᠨᠳᠦ ᠨᠣᠴᠢᠲᠠᠢ ᠱᠢᠮ᠎ᠡ ᠲᠡᠵᠢᠭᠡᠯ ᠳᠤᠲᠠᠭ᠍ᠳᠠᠬᠤ ᠡᠪᠡᠳᠴᠢᠨ ᠳ᠋ᠤ ᠨᠡᠷᠪᠡᠭᠳᠡᠵᠡᠢ᠃ ᠬᠠᠰᠭ᠋ᠤᠤ᠎ᠠ ᠪᠠᠢᠳᠠᠯ᠎ᠢ ᠮᠡᠳᠡᠭ᠌ᠰᠡᠨ᠎ᠦ ᠳᠠᠷᠠᠭ᠎ᠠ᠂ ᠠᠯᠪᠠᠨ ᠵᠢᠷᠤᠮ᠎ᠤᠨ ᠠᠵᠢᠯᠯᠠᠬᠰᠠᠳ ᠵᠢᠡᠨ ᠵᠣᠬᠢᠶᠠᠨ ᠪᠠᠢᠭᠤᠯᠵᠦ ᠡᠨᠡ ᠬᠡᠦᠬᠡᠳ᠎ᠢ ᠪᠣᠯᠭᠣᠭᠠᠵᠤ ᠦᠵᠡᠭ᠌ᠰᠡᠨ ᠪᠥᠭᠡᠳ ᠡᠮᠨᠡᠯᠭᠡ᠎ᠳᠦ ᠲᠠᠭᠠᠭᠤᠯᠤᠨ ᠬᠦᠷᠴᠤ ᠪᠡᠶ᠎ᠡ᠎ᠶ᠋ᠢᠨ ᠪᠠᠢᠴᠠᠭᠠᠯᠲᠠ ᠬᠢᠯᠭᠡᠪᠡ᠃ ᠲᠡᠳᠡᠨ᠎ᠦ ᠬᠠᠪᠰᠤᠷᠤᠯᠭ᠎ᠠ ᠳᠣᠣᠷ᠎ᠠ᠂ ᠪᠦᠦ ᠵᠢᠶᠠ ᠱᠢᠤᠢ ᠵᠢᠨ ᠪᠠᠢᠳᠠᠯ ᠮᠡᠳᠡᠭ᠌ᠳᠡᠮ᠎ᠡ ᠰᠠᠢᠵᠢᠷᠠᠵᠠᠢ᠃

2019 ᠣᠨ᠎ᠤ 5 ᠰᠠᠷ᠎ᠠ᠎ᠶ᠋ᠢᠨ 1 ᠤ᠋ ᠡᠳᠦᠷ᠂ ᠪᠦᠦ ᠵᠢᠶᠠ ᠱᠢᠤᠢ ᠵᠢᠨ ᠬᠢᠮᠤᠷᠠᠭ᠎ᠠ ᠨᠢ ᠬᠦᠨᠳᠦᠷᠡᠵᠦ᠂ ᠠᠮᠢᠰᠭᠤᠬᠤ ᠳ᠋ᠤ ᠬᠦᠴᠢᠷᠳᠡᠬᠦ ᠵᠡᠷᠭᠡ ᠤᠯᠠᠨ ᠵᠦᠢᠯ᠎ᠦᠨ ᠬᠦᠨᠳᠦ ᠡᠪᠡᠳᠴᠢᠨ ᠳᠠᠪᠬᠤᠴᠠᠭ᠍ᠰᠠᠨ ᠭᠡᠵᠦ᠍ ᠣᠨᠣᠱᠢᠯᠠᠵᠠᠢ᠃ ᠬᠠᠰᠭ᠋ᠤᠤ᠎ᠠ ᠡᠸᠡᠩᠬᠢ ᠬᠣᠱᠢᠭᠤᠨ᠎ᠤ ᠠᠯᠪᠠᠨ ᠵᠢᠷᠤᠮ᠎ᠤᠨ ᠠᠵᠢᠯᠯᠠᠬᠰᠠᠳ᠎ᠤᠨ ᠬᠣᠯᠪᠣᠭ᠎ᠠ ᠵᠢᠨ ᠬᠢᠨ ᠵᠢᠡᠨ ᠵᠤᠬᠢᠶᠠᠨ ᠪᠠᠢᠭᠤᠯᠵᠦ ᠮᠦᠩᠬᠦ ᠬᠠᠨᠳᠢᠪᠯᠠᠵᠤ᠂ ᠬᠣᠶᠠᠷ ᠡᠳᠦᠷ᠎ᠲᠦ 10730 ᠲᠥᠭᠥᠷᠢᠭ᠎ᠦᠨ ᠨᠢᠬᠦᠯᠠᠰᠤᠡᠭᠬᠦᠢ ᠵᠢᠨ ᠮᠦᠡᠭᠬᠦ ᠴᠤᠭ᠍ᠯᠠᠭᠤᠯᠵᠤ᠂ ᠬᠡᠦᠬᠡᠳ᠎ᠦᠨ ᠡᠮᠨᠡᠯᠭᠡ᠎ᠳᠦ ᠰᠠᠭᠤᠬᠤ ᠵᠠᠷᠤᠳᠠᠯ᠎ᠢ ᠪᠦᠬᠦᠨ᠎ᠢ ᠲᠤᠱᠢᠶᠠᠪᠠ᠃ 5 ᠰᠠᠷ᠎ᠠ᠎ᠶ᠋ᠢᠨ 28 ᠤ᠋ ᠡᠳᠦᠷ᠂ ᠪᠦᠦ ᠵᠢᠶᠠ ᠱᠢᠤᠢ ᠪᠡᠭᠡᠵᠢᠩ᠎ᠦᠨ ᠬᠡᠦᠬᠡᠳ᠎ᠦᠨ ᠡᠮᠨᠡᠯᠭᠡ᠎ᠶ᠋ᠢᠨ ᠬᠣᠷᠢᠶ᠎ᠠ᠎ᠪᠠᠷ ᠲᠠᠮᠵᠢᠨ ᠬᠥᠯᠥᠨ ᠪᠤᠢ᠌ᠷ ᠬᠤᠳᠠ᠎ᠶ᠋ᠢᠨ ᠠᠷᠠᠳ᠎ᠤᠨ ᠡᠮᠨᠡᠯᠭᠡ᠎ᠶ᠋ᠢᠨ ᠬᠣᠷᠢᠶ᠎ᠠ᠎ᠳᠤ ᠱᠢᠯᠵᠢᠨ ᠢᠷᠡᠬᠦ᠌᠎ᠳᠦ᠂ ᠬᠠᠰᠭ᠋ᠤᠤ᠎ᠠ ᠠᠯᠪᠠᠨ ᠵᠢᠷᠤᠮ᠎ᠤᠨ ᠠᠵᠢᠯᠯᠠᠬᠰᠠᠳ᠎ᠢᠶᠠᠨ ᠳᠠᠭᠠᠭᠤᠯᠤᠨ ᠲᠡᠳᠡᠨ᠎ᠳᠦ ᠡᠳᠦᠷ ᠲᠤᠳᠤᠮ᠎ᠤᠨ ᠬᠡᠷᠡᠭ᠌ᠰᠡᠯ᠂ ᠡᠮ ᠬᠤᠳᠠᠯᠳᠤᠨ ᠠᠪᠴᠤ ᠦᠭᠴᠤ᠂ ᠡᠯ᠎ᠡ ᠵᠦᠢᠯ᠎ᠦᠨ ᠭᠠᠷ ᠭᠦᠢᠴᠡᠳᠭᠡᠯ᠎ᠢ ᠨᠢ ᠬᠢᠵᠦ ᠦᠭᠬᠦ᠌᠎ᠶ᠋ᠢᠨ ᠬᠠᠮᠲᠤ ᠪᠦᠦ ᠵᠢᠶᠠ ᠱᠢᠤᠢ ᠵᠢᠨ ᠡᠪᠦᠭᠡ ᠡᠮᠡᠭᠡ᠎ᠶ᠋ᠢᠨ ᠬᠢᠨᠢ ᠠᠮᠢᠳᠤᠷᠠᠯ᠎ᠢ ᠬᠠᠷᠠᠭᠠᠯᠵᠠᠪᠠ᠃

ᠣᠳᠣᠬᠠᠨ ᠪᠤᠯᠳᠠᠯ᠎ᠠ ᠡᠸᠡᠩᠬᠢ ᠬᠣᠱᠢᠭᠤᠨ᠎ᠤ ᠠᠯᠪᠠᠨ ᠵᠢᠷᠤᠮ᠎ᠤᠨ ᠠᠵᠢᠯᠯᠠᠬᠰᠠᠳ᠎ᠤᠨ ᠬᠤᠯᠪᠤᠭ᠎ᠠ ᠵᠢᠨ 《ᠬᠠᠪᠤᠷ᠎ᠤᠨ ᠴᠢᠬᠢ ᠪᠣᠢᠵᠢᠭᠤᠯᠬᠤ ᠲᠥᠯᠥᠪᠯᠡᠭᠡ》 ᠨᠢᠭᠡᠨᠲᠡ ᠮᠢᠩᠭ᠎ᠠ ᠭᠠᠷᠤᠶ ᠶᠠᠳᠠᠭᠤ ᠬᠦᠴᠢᠷᠳᠡᠯᠲᠡᠶ ᠰᠣᠷᠣᠭ᠍ᠴᠢ᠎ᠶ᠋ᠢ ᠬᠠᠪᠰᠤᠷᠪᠠ᠃ ᠲᠡᠳᠡ ᠬᠡᠦᠬᠡᠳ᠎ᠦᠳ᠎ᠲᠦ ᠨᠣᠮ ᠪᠢᠴᠢᠭ᠂ ᠪᠢᠴᠢᠭ᠎ᠦᠨ ᠬᠡᠷᠡᠭ᠌ᠰᠡᠯ᠂ ᠬᠥᠪᠥᠩ ᠱᠠᠬᠠᠢ᠂ ᠬᠤᠪᠴᠠᠰᠤ ᠬᠤᠨᠠᠷ᠂ ᠪᠡᠭᠡᠯᠡᠢ ᠵᠡᠷᠭᠡ ᠵᠢ ᠬᠦᠷᠭᠡᠵᠦ᠍᠂ ᠬᠠᠢᠷ᠎ᠠ ᠬᠠᠯᠠᠮᠵᠢ᠎ᠪᠠᠷ ᠨᠢᠯᠬ᠎ᠠ ᠪᠠᠯᠴᠢᠷ ᠬᠡᠤᠬᠡᠳ ᠤ᠋ᠨ ᠰᠡᠳᠬᠢᠯ᠎ᠢ ᠳᠤᠯᠠᠭᠠᠴᠠᠭᠤᠯᠤᠬᠰᠠᠭᠠᠷ᠃ ᠲᠡᠳᠡ ᠵᠢᠯ ᠲᠤᠵᠢ ᠬᠣᠶᠠᠷ ᠶᠠᠳᠠᠭᠤ ᠬᠦᠴᠢᠷᠳᠡᠯᠲᠡᠢ ᠰᠤᠷᠤᠭ᠍ᠴᠢ᠎ᠶ᠋ᠢ ᠲᠤᠰᠠᠯᠠᠵᠤ᠂ ᠲᠡᠳᠡᠨ᠎ᠢ ᠪᠤᠰᠤᠳ ᠬᠡᠦᠬᠡᠳ᠎ᠲᠡᠶ ᠠᠳᠠᠯᠢ᠎ᠪᠠᠷ ᠰᠤᠷᠭᠠᠭᠤᠯᠢ᠎ᠶ᠋ᠢᠨ ᠬᠦᠷᠢᠶᠡᠨ᠎ᠳᠦ ᠡᠷᠡᠭᠦᠯ ᠴᠢᠭᠢᠷᠠᠭ ᠪᠠᠶᠠᠷ ᠬᠦᠷ᠎ᠲᠡᠶ ᠦᠰᠦᠨ ᠪᠣᠢᠵᠢᠭᠤᠯᠤᠨ᠎ᠠ᠃

2020 ᠣᠨ᠎ᠤ 2 ᠰᠠᠷ᠎ᠠ᠎ᠶ᠋ᠢᠨ 2 ᠤ᠋ᠨ ᠡᠳᠦᠷ᠂ ᠬᠠᠰᠭ᠋ᠤᠤ᠎ᠠ ᠵᠢᠨ ᠰᠠᠨᠠᠭᠠᠴᠢᠯᠠᠭ᠎ᠠ᠎ᠪᠠᠷ 70 ᠭᠠᠷᠤᠢ ᠬᠥᠮᠦᠨ᠎ᠲᠡᠶ ᠡᠸᠡᠩᠬᠢ ᠬᠣᠱᠢᠭᠤᠨ᠎ᠤ ᠠᠯᠪᠠᠨ ᠵᠢᠷᠤᠮ᠎ᠤᠨ ᠠᠵᠢᠯᠯᠠᠬᠰᠠᠳ᠎ᠤᠨ ᠬᠣᠯᠪᠣᠭ᠎ᠠ᠎ᠶ᠋ᠢᠨ ᠬᠢᠵᠢᠭ᠎ᠦᠨ ᠪᠠᠢᠳᠠᠯ᠎ᠢ ᠰᠡᠷᠭᠡᠢᠯᠡᠨ ᠡᠵᠡᠮᠳᠡᠬᠦ᠌ ᠬᠣᠱᠢᠭᠤᠴᠢ ᠠᠩᠬᠢ ᠦᠳᠲᠡᠷ ᠲᠦᠷᠭᠡᠨ ᠪᠠᠢᠭᠤᠯᠤᠭ᠍ᠳᠠᠪᠠ᠃ ᠬᠢᠵᠢᠭ᠎ᠦᠨ ᠪᠠᠢᠳᠠᠯ᠎ᠤᠨ ᠬᠤᠭᠤᠴᠠᠭᠠᠨ᠎ᠳᠤ᠂ ᠡᠸᠡᠩᠬᠢ ᠬᠣᠱᠢᠭᠤᠨ᠎ᠤ ᠠᠯᠪᠠᠨ ᠵᠢᠷᠤᠮ᠎ᠤᠨ ᠠᠵᠢᠯᠯᠠᠬᠰᠠᠳ᠎ᠤᠨ ᠬᠣᠯᠪᠣᠭ᠎ᠠ 63 ᠬᠥᠮᠦᠨ ᠎ᠢ ᠲᠠᠢᠴᠢᠯᠠᠨ᠂ ᠬᠢᠵᠢᠭ᠎ᠦᠨ ᠪᠠᠢᠳᠠᠯ᠎ᠢ ᠰᠡᠷᠭᠡᠢᠯᠡᠨ ᠡᠵᠡᠮᠳᠡᠬᠦ᠌ 15 ᠴᠡᠭ᠎ᠲᠦ 4275 ᠴᠠᠭ ᠵᠢᠵᠢᠭᠦᠷᠯᠡᠵᠦ᠍᠂ ᠵᠠᠷᠢᠮ ᠬᠥᠮᠦᠨ 306 ᠴᠠᠭ ᠠᠵᠢᠯᠯᠠᠪᠠ᠃ ᠵᠢᠵᠢᠭᠦᠷᠯᠡᠬᠦ᠌᠎ᠡᠴᠡ ᠭᠠᠳᠠᠨ᠎ᠠ᠂ ᠠᠯᠪᠠᠨ ᠵᠢᠷᠤᠮ᠎ᠤᠨ ᠠᠵᠢᠯᠯᠠᠬᠰᠠᠳ᠎ᠤᠨ ᠬᠣᠯᠪᠣᠭ᠎ᠠ 16 ᠬᠥᠮᠦᠨ᠎ᠢ ᠲᠠᠢᠴᠢᠯᠠᠨ᠂ ᠬᠢᠵᠢᠭ᠎ᠲᠡᠶ ᠲᠡᠮᠡᠴᠡᠬᠦ᠌ ᠡᠮᠦᠨ᠎ᠡ ᠹᠷᠣᠨᠲ᠎ᠲᠤ ᠬᠠᠢᠷ᠎ᠠ ᠬᠠᠯᠠᠮᠵᠢ᠂ ᠡᠳ᠋ ᠪᠣᠳᠠᠰ ᠬᠦᠷᠭᠡᠵᠦ᠍᠂ ᠬᠠᠨᠳᠢᠪᠯᠠᠭ᠍ᠰᠠᠨ ᠡᠳ᠋ ᠪᠣᠳᠠᠰ᠎ᠤᠨ ᠥᠷᠲᠡᠭ ᠨᠢ ᠨᠡᠢᠲᠡ 13116 ᠲᠥᠭᠥᠷᠢᠭ᠎ᠲᠦ ᠬᠦᠷᠴᠡᠶ᠃

ᠬᠠᠰᠭ᠋ᠤᠤ᠎ᠠ᠄ 《ᠡᠷᠬᠢ ᠱᠤᠷᠠᠭ ᠵᠢᠵᠢᠭ ᠪᠣᠯᠪᠠᠴᠤ᠌ ᠦᠢᠯᠡᠳᠦᠯ ᠨᠢ ᠬᠡᠮᠵᠢᠶᠡᠯᠡᠰᠢ ᠤᠢ᠍ᠭᠡᠢ ᠪᠠᠢᠳᠠᠭ᠂ ᠪᠢ ᠨᠢᠭᠡᠨ ᠡᠷᠭᠢ ᠱᠤᠷᠠᠭ ᠪᠣᠯᠬᠤ ᠳᠤᠷᠠᠲᠠᠶ᠃ ᠡᠷᠭᠢ ᠱᠤᠷᠠᠭ᠎ᠢ ᠦᠷᠭᠦᠯᠵᠢ ᠠᠷᠠᠴᠢᠯᠠᠵᠦ ᠤᠬᠢᠶᠠᠪᠠᠯ ᠰᠠᠶᠢ ᠵᠢᠪᠡᠷᠡᠬᠦ᠌ ᠦᠭᠡᠢ ᠶᠤᠮ᠃ ᠪᠢ ᠪᠠᠰᠠ ᠨᠢᠭᠡᠨ᠎ᠵᠢᠪᠡᠷᠡᠬᠦ᠌᠎ᠥᠬᠡᠶ ᠡᠷᠬᠢ ᠱᠤᠷᠠᠭ ᠪᠣᠯᠬᠤ ᠪᠡᠷ ᠴᠢᠷᠮᠠᠢᠨ᠎ᠠ᠂ ᠦᠷᠬᠦᠯᠵᠢ ᠰᠤᠷᠤᠯᠴᠠᠨ᠂ ᠰᠠᠢᠨ ᠳᠤᠷ᠎ᠠ᠎ᠶ᠋ᠢᠨ ᠦᠶ᠋ᠯᠡᠴᠢᠯᠡᠭᠡ᠎ᠪᠡᠨ ᠰᠠᠢᠵᠢᠷᠠᠭᠤᠯᠵᠦ᠂ ᠦᠶ᠋ᠯᠡ ᠠᠵᠢᠯᠯᠠᠭ᠎ᠠ᠎ᠪᠠᠷ᠎ᠢᠶᠠᠨ 〈ᠰᠠᠢᠨ ᠳᠤᠷᠠᠴᠤᠤᠯ〉 ᠎ᠳ᠋ᠤ ᠥᠩᠭᠡ ᠪᠤᠳᠤᠭ ᠨᠡᠮᠡᠷᠢᠯᠡᠨ᠎ᠡ》 ᠬᠡᠵᠦ ᠬᠡᠯᠡᠪᠠ᠃

  • ᠨᠠᠢᠷᠠᠭᠤᠯᠤᠭ᠍ᠴᠢ᠄

  • ᠨᠡᠪᠲᠡᠷᠡᠭᠦᠯᠦᠭᠴᠢ᠄

  • ᠮᠡᠷᠭᠡᠵᠢᠯ᠄

ᠨᠠᠢᠷᠠᠭᠤᠯᠤᠭ᠍ᠴᠢ᠄ ᠪᠣᠣ ᠮᠧᠢ ᠷᠥᠩ

ᠣᠷᠴᠢᠭᠤᠯᠤᠭ᠍ᠴᠢ᠄

ᠢᠷᠡᠯᠲᠡ᠄ ᠳᠤᠮᠳᠠᠳᠤ ᠤᠯᠤᠰ᠎ᠤ᠋ᠨ ᠮᠣᠩᠭᠣᠯ ᠬᠡᠯᠡᠨ᠎ᠦ᠌ ᠰᠣᠨᠢᠨ ᠮᠡᠳᠡᠭᠡ᠎ᠶ᠋ᠢᠨ ᠰᠦᠯᠵᠢᠶ᠎ᠡ
兼容浏览器的HTML页面