2023-03-19 18:39:42
ᠤᠢᠷ᠎ᠠ᠎ᠳᠤ ᠂ ᠯᠸᠢ ᠹᠸᠡᠭ ᠡᠴᠡ ᠰᠤᠷᠤᠯᠴᠠᠬᠤ ᠡᠳᠦᠷᠯᠢᠭ ᠬᠦᠷᠴᠤ ᠢᠷᠡᠭᠰᠡᠨ ᠲᠠᠰᠢᠷᠠᠮ ᠵᠢᠡᠷ᠂ ᠰᠢᠯᠢᠡᠭᠬᠤᠳᠠ ᠵᠢᠨ ᠴᠠᠬᠢᠯᠭᠠᠨ ᠬᠠᠡᠭᠭᠠᠯᠭ᠎ᠠ ᠵᠢᠨ ᠺᠤᠮᠫᠠᠨᠢ ᠵᠢᠨ ᠨᠠᠮ᠎ᠤᠨ ᠭᠡᠰᠢᠭᠦᠨ᠎ᠤ ᠰᠠᠢᠨ ᠲᠤᠷᠠᠴᠤᠳ᠎ᠤᠨ ᠦᠢᠯᠡᠴᠢᠯᠡᠭᠡᠨ᠎ᠤ ᠠᠡᠭᠭᠢ ᠵᠢᠨ ᠬᠢᠨ ᠦᠪᠦᠷ ᠮᠤᠡᠭᠭᠤᠯ᠎ᠤᠨ ᠴᠠᠬᠢᠯᠭᠠᠨ ᠬᠦᠴᠦᠨ᠎ᠤ ᠬᠢᠵᠠᠭᠠᠷᠳᠤ ᠺᠤᠮᠫᠠᠨᠢ ᠵᠢᠨ ᠰᠤᠯᠤᠡᠭᠭᠠ ᠰᠠᠢᠨ ᠲᠤᠷᠠᠴᠤᠳ᠎ᠤᠨ ᠪᠦᠯᠭᠦᠮ ᠯᠤᠭᠡ ᠬᠠᠮᠳᠤ ᠪᠡᠷ ᠰᠢᠯᠢᠡᠭᠬᠤᠳᠠ ᠵᠢᠨ ᠠᠷᠪᠠᠨ ᠬᠤᠶᠠᠳᠤᠭᠠᠷ ᠪᠠᠭ᠎ᠠ ᠰᠤᠷᠭᠠᠭᠤᠯᠢ᠎ᠳᠤ ᠬᠦᠷᠴᠤ ᠂ ᠭᠤᠷᠪᠠᠳᠤᠭᠠᠷ ᠤᠨ᠎ᠤ ᠭᠤᠷᠪᠠᠳᠤᠭᠠᠷ ᠠᠡᠭᠭᠢ ᠵᠢᠨ ᠬᠢᠨ᠎ᠳᠤ ᠨᠢᠭᠡᠨ ᠤᠳᠠᠭᠠᠨ᠎ᠤ ᠤᠷᠮᠠᠳᠠᠢ ᠰᠠᠢᠬᠠᠨ ᠴᠠᠬᠢᠯᠭᠠᠨ ᠬᠦᠴᠦᠨ᠎ᠤ ᠮᠡᠳᠡᠯᠭᠡ ᠵᠢᠨ ᠬᠢᠴᠢᠶᠡᠯ ᠤᠷᠤᠭᠰᠠᠨ ᠪᠠᠢᠨ᠎ᠠ᠃
ᠲᠡᠳᠡ ᠠᠮᠢᠳᠤᠷᠠᠯ᠎ᠤᠨ ᠲᠤᠮᠳᠠ ᠤᠯᠠᠨ ᠲᠤᠬᠢᠶᠠᠯᠳᠤᠳᠠᠭ ᠪᠤᠳᠠᠳᠤ ᠵᠢᠱ᠌ᠢᠶ᠎ᠡ ᠂ ᠤᠬᠤᠷ ᠹᠢᠯᠢᠮ ᠂ PPT ᠵᠡᠷᠭᠡ ᠪᠡᠷ ᠴᠠᠬᠢᠯᠭᠠᠨ᠎ᠤ ᠡᠭᠦᠰᠤᠯ ᠂ ᠴᠠᠬᠢᠯᠭᠠᠨ᠎ᠤ ᠬᠡᠷᠡᠭᠯᠡᠭᠡ ᠂ ᠴᠠᠬᠢᠯᠭᠠᠨ ᠬᠠᠮᠤᠭ ᠶᠡᠬᠡ ᠵᠠᠷᠤᠴᠠᠭᠤᠯᠳᠠᠭ ᠴᠠᠬᠢᠯᠭᠠᠨ ᠬᠡᠷᠡᠭᠰᠡᠯ ᠂ ᠴᠠᠬᠢᠯᠭᠠᠨ᠎ᠤ ᠬᠡᠮᠵᠢᠭᠦᠷ᠎ᠢ ᠬᠡᠷᠬᠢᠨ ᠦᠵᠡᠬᠦ ᠵᠡᠷᠭᠡ ᠰᠤᠷᠤᠭᠴᠢᠳ᠎ᠤ᠋ᠨ ᠪᠠᠬ᠎ᠠ ᠵᠢ ᠲᠠᠳᠠᠭᠰᠠᠨ ᠠᠭᠤᠯᠭ᠎ᠠ ᠵᠢ ᠲᠠᠢᠯᠪᠤᠷᠢᠯᠠᠵᠤ ᠦᠭᠭᠦᠭᠰᠡᠨ ᠪᠠ ᠲᠡᠯᠡᠬᠡᠢ ᠵᠢᠨ ᠨᠡᠷᠡᠳᠤ ᠰᠢᠨᠵᠢᠯᠡᠬᠦ ᠤᠬᠠᠭᠠᠨᠳᠠᠳ᠎ᠤᠨ ᠴᠠᠬᠢᠯᠭᠠᠨ ᠡᠨ᠋ᠸᠷᠬᠢ᠎ᠵᠢ ᠢᠯᠡᠷᠡᠭᠦᠯᠬᠦ ᠲᠤᠮᠳᠠᠬᠢ ᠦᠯᠢᠭᠡᠷ᠎ᠢ ᠤᠯᠠᠨ᠎ᠳᠤ ᠶᠠᠷᠢᠵᠤ ᠦᠭᠴᠠᠢ ᠃
ᠬᠢᠴᠢᠶᠡᠯ᠎ᠤᠨ ᠶᠠᠪᠤᠴᠠ᠎ᠳᠤ ᠪᠠᠰᠠ ᠴᠠᠬᠢᠯᠭᠠᠨ᠎ᠤ ᠠᠵᠢᠯᠳᠠᠳ ᠡᠴᠡ ᠴᠠᠬᠢᠯᠭᠠᠨ ᠲᠤᠰᠠᠭᠠᠷᠯᠠᠳᠠᠭ ᠬᠤᠪᠴᠠᠰᠤ᠂ ᠪᠡᠭᠡᠯᠡᠢ᠂ ᠮᠠᠯᠠᠭᠠᠢ ᠵᠡᠷᠭᠡ ᠵᠢ ᠰᠤᠷᠤᠭᠴᠢᠳ᠎ᠲᠦ ᠡᠮᠦᠰᠭᠡᠨ ᠂ ᠲᠡᠳᠡ ᠨᠡᠷ᠎ᠲᠦ ᠨᠡᠡᠭ ᠤᠢᠯᠠᠭᠠᠮᠵᠢᠲᠠᠢ ᠪᠡᠷ ᠴᠠᠬᠢᠯᠭᠠᠨ᠎ᠤ ᠰᠢᠨᠵᠢ ᠴᠢᠨᠠᠷ᠎ᠢ ᠲᠠᠨᠢᠭᠤᠯᠤᠭᠰᠠᠨ ᠪᠠ ᠴᠠᠬᠢᠯᠭᠠᠨ᠎ᠤ ᠶᠡᠷᠤ ᠵᠢᠨ ᠮᠡᠳᠡᠯᠭᠡ ᠵᠢ ᠬᠠᠷᠠᠭᠤᠯᠤᠭᠰᠠᠨ ᠱᠤᠭ ᠵᠢᠷᠤᠭ᠎ᠤᠨ ᠲᠡᠪᠳᠡᠷ᠎ᠢ ᠰᠤᠷᠤᠭᠴᠢᠳ᠎ᠲᠦ ᠲᠦᠭᠡᠭᠡᠨ ᠦᠭᠴᠤ ᠂ ᠠᠰᠠᠭᠤᠯᠳᠠ ᠬᠠᠷᠢᠭᠤᠯᠳᠠ ᠵᠢᠨ ᠬᠡᠯᠪᠡᠷᠢ ᠪᠡᠷ ᠡᠳᠡᠭᠡᠷ ᠮᠡᠳᠡᠯᠭᠡ ᠵᠢ ᠬᠢᠷᠢ ᠵᠡᠷᠭᠡ ᠡᠵᠡᠮᠰᠢᠭᠰᠡᠨᠢ ᠰᠢᠯᠭᠠᠭᠰᠠᠨ ᠪᠠᠢᠨ᠎ᠠ᠃ ᠡᠭᠦᠡ ᠡᠴᠡ ᠭᠠᠳᠠᠨ᠎ᠠ᠂ ᠭᠢᠴᠢᠶᠡᠯ᠎ᠤᠨ ᠲᠠᠷᠠᠭ᠎ᠠ ᠂ ᠰᠠᠢᠨ ᠲᠤᠷᠠᠴᠤᠳ ᠡᠴᠡ ᠪᠠᠰᠠ ᠲᠤᠰ ᠰᠤᠷᠭᠠᠭᠤᠯᠢ ᠵᠢᠨ ᠴᠠᠬᠢᠯᠭᠠᠨ᠎ᠤ ᠵᠠᠮ ᠱᠤᠭᠤᠮ᠂ ᠴᠠᠬᠢᠯᠭᠠᠨ᠎ᠤ ᠲᠤᠨᠤᠭᠯᠠᠯ ᠵᠡᠷᠭᠡ ᠵᠢ ᠰᠢᠯᠭᠠᠨ ᠪᠠᠢᠴᠠᠭᠠᠵᠤ ᠦᠭᠴᠠᠢ᠃
- ᠨᠠᠢᠷᠠᠭᠤᠯᠤᠭ᠍ᠴᠢ᠄
- ᠨᠡᠪᠲᠡᠷᠡᠭᠦᠯᠦᠭᠴᠢ᠄
- ᠮᠡᠷᠭᠡᠵᠢᠯ᠄
ᠨᠠᠢᠷᠠᠭᠤᠯᠤᠭ᠍ᠴᠢ᠄ ᠣᠷᠬᠢᠯ
ᠣᠷᠴᠢᠭᠤᠯᠤᠭ᠍ᠴᠢ᠄




ᠰᠢᠭᠦᠮᠵᠢ ᠠᠯᠠᠭ᠎ᠠ ᠂ ᠬᠤᠷᠳᠤᠨ ᠨᠢᠭᠡᠳᠦᠭᠡᠷ ᠵᠤᠷᠪᠤᠰ ᠰᠢᠭᠦᠮᠵᠢ ᠨᠡᠢ᠌ᠲᠡᠯᠡᠭᠡᠷᠡᠢ᠃