2022-04-05 20:29:15
— ᠪᠦᠬᠦ᠌ ᠤᠯᠤᠰ᠎ᠤᠨ ᠠᠵᠢᠯ᠎ᠤᠨ ᠪᠠᠢᠷᠢᠲᠡᠭᠡᠷᠠ ᠪᠠᠨ ᠯᠧᠢ ᠹᠧᠩ᠎ᠡᠴᠡ ᠰᠤᠷᠤᠯᠴᠠᠭ᠍ᠰᠠᠨ ᠪᠢᠶᠤᠤᠪᠢᠩ ᠸᠸᠨ ᠭᠤᠸᠠᠩ ᠮᠢᠩ᠎ᠢ ᠲᠡᠮᠳᠡᠭ᠌ᠯᠡᠪᠡ
3 ᠰᠠᠷ᠎ᠠ᠎ᠶ᠋ᠢᠨ 24 ᠤ᠋ 9 ᠴᠠᠭ᠎ᠲᠤ ᠂ ᠸᠧᠨ ᠭᠤᠸᠠᠩ ᠮᠢᠩ ᠬᠥᠬᠡᠬᠣᠲᠠ᠎ᠶ᠋ᠢᠨ ᠤᠷᠠᠯᠢᠭ᠎ᠤᠨ ᠲᠢᠩᠬᠢᠮ᠎ᠦᠨ ᠬᠣᠢᠲᠤ ᠵᠡᠭᠡᠯᠢ᠎ᠶ᠋ᠢᠨ ᠨᠡᠢᠭᠡᠮ ᠲᠣᠭᠣᠷᠢᠭ᠎ᠲᠤ ᠲᠤᠬᠳᠠᠬᠰᠠᠨ ᠴᠠᠭ ᠲᠠᠭᠠᠨ ᠬᠦᠷᠴᠦ᠍᠂ ᠬᠠᠮᠠᠭᠠᠯᠠᠯᠲᠠ᠎ᠶ᠋ᠢᠨ ᠬᠤᠪᠴᠠᠰᠤ᠎ᠪᠠᠨ ᠡᠮᠦᠰᠴᠦ᠍᠂ ᠪᠥᠭᠡᠮ ᠬᠦᠴᠢᠯ᠎ᠦᠨ ᠪᠠᠢᠴᠠᠭᠠᠯᠲᠠ᠎ᠶ᠋ᠢᠨ ᠥᠯᠢᠭᠡᠷ ᠠᠪᠬᠤ ᠴᠡᠭ ᠤ᠋ᠨ ᠰᠠᠶᠢᠬᠠᠨ ᠬᠤᠷᠢᠶᠠᠬᠰᠠᠨ ᠥᠯᠢᠭᠡᠷ ᠬᠡᠪ᠎ᠢ ᠲᠡᠷᠭᠡᠨ ᠳ᠋ᠡᠭᠡᠨ ᠲᠠᠯᠪᠢᠵᠦ ᠳᠠᠷᠠᠭᠠᠬᠢ ᠥᠯᠢᠭᠡᠷ ᠬᠡᠪ ᠠᠪᠬᠤ ᠴᠡᠭ ᠢ᠋ ᠴᠢᠭᠯᠡᠯ᠎ᠠ᠃
2 ᠰᠠᠷ᠎ᠠ᠎ᠶ᠋ᠢᠨ 17᠎ᠤ᠋ ᠡᠳᠦᠷ ᠡᠴᠨ ᠨᠠᠭᠠᠰᠢ᠂ ᠬᠦᠬᠡᠬᠤᠳᠠ ᠵᠢᠨ ᠤᠷᠠᠯᠢᠭ᠎ᠤᠨ ᠲᠢᠩᠬᠢᠮ᠎ᠦᠨ ᠬᠣᠢᠲᠤ ᠵᠡᠭᠡᠯᠢ ᠨᠡᠢᠭᠡᠮ ᠲᠣᠭᠣᠷᠢᠭ᠎ᠤᠨ 5 ᠪᠥᠭᠡᠮ ᠬᠦᠴᠢᠯ᠎ᠦᠨ ᠪᠠᠢᠴᠠᠭᠠᠯᠲᠠ᠎ᠶ᠋ᠢᠨ ᠦᠯᠢᠭᠡᠷ ᠠᠪᠬᠤ ᠴᠡᠭ ᠪᠣᠯᠤᠨ ᠡᠯ᠎ᠡ ᠶᠡᠬᠡ ᠲᠤᠷᠱᠢᠯᠲᠠ᠎ᠶ᠋ᠢᠨ ᠲᠠᠰᠤᠭ᠎ᠤᠨ ᠬᠣᠭᠣᠷᠣᠨᠳᠣ ᠨᠠᠭᠠᠰᠢ ᠴᠠᠭᠠᠰᠢ ᠬᠦᠶᠦᠬᠦ ᠨᠢ ᠬᠥᠬᠡᠬᠣᠲᠠ᠎ᠶ᠋ᠢᠨ ᠠᠶᠠᠨᠴᠢᠳ᠎ᠤᠨ ᠲᠡᠭᠡᠭᠡᠪᠦᠷᠢ᠎ᠶ᠋ᠢᠨ ᠲᠦᠷᠢᠶᠡᠰᠦᠨ ᠮᠠᠱᠢᠨ ᠲᠡᠷᠭᠡᠨ᠎ᠦ ᠠᠵᠢᠯ ᠲᠦᠷᠦᠯ᠎ᠦᠨ ᠨᠡᠢᠭᠡᠮᠯᠢᠭ᠎ᠦᠨ ᠰᠠᠢ᠌ᠨ ᠲᠤᠷᠠᠴᠤᠤᠯ ᠸᠸᠨ ᠭᠤᠸᠠᠩ ᠮᠢᠩ ᠤ᠋ᠨ ᠡᠳᠦᠷ ᠪᠦᠷᠢ᠎ᠶ᠋ᠢᠨ ᠠᠵᠢᠯ ᠪᠣᠯᠵᠠᠢ᠃
ᠰᠠᠷ᠎ᠠ ᠭᠠᠷᠤᠶ ᠵᠢᠨᠬᠤᠭᠤᠴᠠᠭᠠᠨ᠎ᠳᠤ᠂ ᠸᠸᠨ ᠭᠤᠸᠠᠩ ᠮᠢᠩ ᠲᠦᠷᠭᠡᠨ ᠮᠦᠷᠳᠡᠭᠡᠨ ᠠᠮᠤᠷ ᠲᠦᠪᠱᠢᠨ᠎ᠢᠶᠡᠷ 8152 ᠬᠤᠪᠢ ᠥᠯᠢᠭᠡᠷ ᠬᠡᠪᠢ᠋ ᠬᠦᠷᠭᠡᠵᠦ᠍᠂ ᠡᠳᠦᠷ᠎ᠲᠦ ᠳᠤᠮᠳᠠᠴᠢ᠎ᠪᠠᠷ 200 ᠭᠠᠷᠤᠶ ᠺᠢᠯᠣᠮᠧᠲ᠋ᠷ ᠠᠶᠠᠯᠠᠵᠠᠶ᠃《ᠡᠷᠲᠡ ᠨᠢᠭᠡ ᠮᠢᠨᠦ᠋ᠲ ᠲᠸ᠋ ᠬᠦᠷᠭᠡᠪᠡᠯ ᠪᠠᠢᠴᠠᠭᠠᠯᠲᠠ᠎ᠶ᠋ᠢᠨ ᠦᠷ᠎ᠡ ᠳ᠋ᠦᠩ ᠨᠢᠭᠡ ᠮᠢᠨᠦ᠋ᠲ ᠡᠷᠲᠡ ᠭᠠᠷᠴᠤ᠌ ᠢᠷᠡᠨ᠎ᠡ᠂ ᠬᠠᠮᠤᠭ᠎ᠤᠨ ᠶᠠᠭᠠᠷᠠᠦ ᠦᠶ᠎ᠡ᠎ᠳᠦ ᠪᠢ ᠠᠷᠪᠠᠨ ᠬᠡᠳᠦᠨ ᠴᠠᠭ ᠵᠢᠡᠷ ᠠᠵᠢᠯᠯᠠᠵᠦ᠂ ᠠᠯᠢ ᠴᠢᠳᠠᠬᠤ᠎ᠪᠡᠷ ᠤᠰᠤ ᠪᠠᠭ᠎ᠠ ᠤᠤᠭᠤᠳᠠᠭ᠂ ᠤᠴᠢᠷ ᠨᠢ ᠵᠣᠷᠯᠣᠩ᠎ᠳᠤ ᠤᠴᠢᠬᠤ ᠪᠦᠷᠢ ᠵᠠᠪᠠᠯ ᠬᠠᠮᠠᠭᠠᠯᠠᠯᠲᠠ᠎ᠶ᠋ᠢᠨ ᠬᠤᠪᠴᠠᠰᠤ᠎ᠪᠠᠨ ᠰᠣᠯᠢᠬᠤ ᠬᠡᠷᠡᠭ᠌ᠲᠡᠶ》 ᠬᠡᠵᠤ ᠸᠸᠨ ᠭᠤᠸᠠᠡᠭ ᠮᠢᠡᠭ ᠬᠡᠯᠡᠨ᠎ᠠ ᠃
ᠸᠧᠨ ᠭᠤᠸᠠᠩ ᠮᠢᠩ ᠦᠨᠡᠨ ᠳ᠋ᠡᠭᠡᠨ ᠠᠩᠬ᠎ᠠ ᠤᠳᠠᠭ᠎ᠠ 《ᠰᠥᠷᠤᠨ ᠶᠠᠪᠤᠭ᠍ᠴᠢ》 ᠪᠣᠯᠵᠤ ᠪᠠᠢᠭ᠎ᠠ ᠪᠢᠰᠢ ᠶᠤᠮ᠃ ᠨᠢᠳᠤᠨᠤᠨ ᠬᠥᠬᠡᠬᠣᠲᠠ᠎ᠳᠤ ᠱᠢᠨ᠎ᠡ ᠲᠢᠲᠢᠮᠯᠢᠭ ᠠᠭᠤᠰᠭᠢᠨ ᠦᠷᠪᠢᠰᠦᠯ᠎ᠦᠨ ᠬᠢᠵᠢᠭ᠎ᠦᠨ ᠪᠠᠢᠳᠠᠯ ᠭᠡᠨᠡᠳᠲᠡ ᠡᠭᠦᠰᠴᠦ᠍᠂ ᠲᠡᠷᠡ ᠪᠥᠭᠡᠮ ᠬᠦᠴᠢᠯ᠎ᠦᠨ ᠪᠠᠢᠴᠠᠭᠠᠯᠲᠠ᠎ᠶ᠋ᠢᠨ ᠦᠯᠢᠭᠡᠷ ᠬᠡᠪ ᠢ᠋ ᠬᠦᠷᠭᠡᠬᠦ᠌ ᠡᠭᠦᠷᠭᠡ᠎ᠪᠡᠨ ᠠᠮᠵᠢᠯᠲᠠ᠎ᠲᠠᠶ ᠪᠡᠶᠡᠯᠡᠭᠦᠯᠪᠡ᠃ 2003 ᠣᠨ᠎ᠤ 《ᠰᠠᠷᠰ ᠡᠪᠡᠳᠴᠢᠨ》 ᠤ᠋ ᠬᠤᠭᠤᠴᠠᠭᠠᠨ᠎ᠳᠤ ᠪᠠᠰᠠ ᠡᠮᠴᠢ ᠰᠤᠪᠢᠯᠠᠭ᠍ᠴᠢ᠎ᠶ᠋ᠢ ᠲᠤᠰᠴᠦ᠍ ᠬᠦᠷᠭᠡᠬᠦ᠌ ᠡᠭᠦᠷᠭᠡ᠎ᠵᠢ ᠬᠦᠢᠴᠡᠳᠭᠡᠵᠡᠢ᠃ ᠲᠡᠷᠡ 《ᠪᠢ ᠪᠣᠯ ᠨᠢᠭᠡᠨ ᠰᠠᠢᠨ ᠳᠤᠷ᠎ᠠ ᠵᠢᠨ ᠠᠵᠢᠯᠳᠠᠨ᠂ ᠨᠠᠩ ᠴᠤ᠌ ᠨᠠᠮ᠎ᠳᠤ ᠣᠷᠣᠭᠠᠳ 26 ᠵᠢᠯ ᠪᠣᠯᠵᠣ ᠪᠠᠢᠭ᠎ᠠ ᠨᠠᠮ᠎ᠤᠨ ᠭᠡᠱᠢᠭᠦᠨ ᠮᠥᠨ᠂ ᠪᠢ ᠦᠪᠡᠷ ᠤ᠋ᠨ ᠨᠤᠳᠤᠭ ᠤᠰᠤᠨ ᠳ᠋ᠠᠭᠠᠨ ᠳᠤᠷᠠᠲᠠᠶ᠎ᠠ ᠬᠤᠪᠢ ᠨᠡᠮᠡᠷᠢ ᠦᠵᠡᠭᠦᠯᠦᠨ᠎ᠡ》 ᠭᠡᠵᠦ᠍ ᠬᠡᠯᠡᠨ᠎ᠠ᠃
1998 ᠣᠨ᠎ᠳᠤ᠂ ᠸᠸᠨ ᠭᠤᠸᠠᠩ ᠮᠢᠩ ᠬᠥᠬᠡᠬᠣᠲᠠ᠎ᠶ᠋ᠢᠨ ᠪᠤᠯᠤᠳ ᠲᠡᠮᠦᠷ᠎ᠦᠨ ᠦᠢᠯᠡᠳᠪᠦᠷᠢ ᠡᠴᠡ ᠠᠵᠢᠯ ᠤᠨ ᠪᠠᠢᠷᠢ ᠡᠴᠡ ᠪᠠᠨ ᠪᠠᠭᠤᠭ᠍ᠰᠠᠨ᠎ᠤ ᠳᠠᠷᠠᠭ᠎ᠠ ᠬᠥᠬᠡᠬᠣᠲᠠ᠎ᠶ᠋ᠢᠨ ᠬᠤᠸᠠ ᠶᠤᠸᠠᠨ ᠲᠦᠷᠢᠶᠡᠰᠦᠨ ᠮᠠᠱᠢᠨ ᠲᠡᠷᠭᠡᠨ᠎ᠦ ᠺᠣᠮᠫᠠᠨᠢ᠎ᠳᠤ ᠲᠡᠷᠭᠡ ᠵᠢᠯᠣᠭᠣᠳᠪᠠ᠃ 24 ᠵᠢᠯ᠎ᠳ᠋ᠤ᠂ ᠲᠡᠷᠡ180 ᠲᠦᠮᠡᠨ ᠺᠢᠯᠣᠮᠧᠲ᠋ᠷᠠᠶᠠᠯᠠᠵᠤ᠂ ᠣᠲᠣ ᠪᠣᠯᠲᠠᠯ᠎ᠠ ᠶᠡᠷᠤ ᠡᠴᠨ ᠲᠦᠷᠢᠮ᠎ᠢ ᠵᠥᠷᠢᠴᠡᠭ᠌ᠰᠡᠨ ᠥᠬᠡᠶ᠂ ᠵᠠᠭᠠᠯᠳᠤᠭ᠍ᠳᠠᠬᠰᠠᠨ ᠥᠬᠡᠶ᠂ ᠡᠨᠳᠡᠯ ᠭᠠᠷᠤᠭ᠍ᠰᠠᠨ ᠥᠬᠡᠶ ᠶᠤᠮ᠃ 《ᠮᠠᠨ᠎ᠤ ᠺᠣᠮᠫᠠᠨᠢ᠎ᠵᠢᠨ ᠸᠸᠨ ᠪᠠᠭ᠍ᠰᠢ ᠶᠡᠷᠤ ᠨᠢ ᠪᠤᠰᠤᠳ ᠲᠸ᠋ ᠲᠤᠳᠤᠨᠤ ᠬᠠᠯᠠᠭᠤᠮᠰᠤᠭ ᠪᠠᠢᠳᠠᠭ᠂ ᠠᠵᠢᠯ ᠦᠶ᠋ᠯᠡᠰᠵᠢᠡᠨ ᠲᠡᠭᠡᠳᠤᠯᠡᠵᠦ᠂ ᠲᠦᠷᠢᠶᠡᠰᠦᠨ ᠮᠠᠱᠢᠨ᠎ᠤ ᠠᠵᠢᠯ ᠲᠥᠷᠥᠯ᠎ᠦᠨ ᠬᠢᠨ ᠳ᠋ᠤ ᠵᠢᠱ᠌ᠢᠶᠡᠴᠢ ᠳᠠᠭᠤᠷᠢᠶᠠᠯ ᠪᠤᠯᠳᠠᠭ᠂ ᠤᠯᠠᠨ ᠵᠢᠡᠷ ᠵᠢᠡᠨ ᠲᠡᠭᠦᠨ᠎ᠤ 20 ᠵᠢᠯ᠎ᠤᠨ ᠲᠤᠷᠰᠢ ᠨᠡᠢᠲᠡ᠎ᠶ᠋ᠢᠨ ᠠᠰᠠᠷᠠᠮᠵᠢ᠎ᠶ᠋ᠢᠨ ᠦᠢᠯᠡᠰ ᠲᠸ᠋ ᠬᠠᠷᠠᠮ ᠦᠭᠡᠢ ᠵᠢᠳᠭᠦᠭᠰᠡᠨᠢ ᠨᠢ ᠬᠠᠮᠤᠭ᠎ᠠᠴᠠ ᠪᠢᠱᠢᠷᠡᠳᠡᠭ》 ᠭᠡᠵᠦ ᠬᠤᠸᠠ ᠶᠤᠸᠠᠨ ᠲᠦᠷᠢᠶᠡᠰᠦᠨ ᠮᠠᠱᠢᠨ ᠲᠡᠷᠭᠡᠨ᠎ᠦ ᠺᠣᠮᠫᠠᠨᠢ᠎ᠶ᠋ᠢᠨ ᠬᠠᠷᠢᠭᠤᠴᠠᠯᠭᠠᠲᠠᠨ ᠯᠢ ᠪᠥᠸᠧ ᠬᠡᠯᠡᠨ᠎ᠠ᠃ ᠸᠸᠨ ᠭᠤᠸᠠᠩ ᠮᠢᠩ᠎ᠦᠨ ᠳᠠᠭᠠᠭᠤᠯᠭ᠎ᠠ᠎ᠪᠠᠷ ᠂ 2015 ᠣᠨ᠎ᠳᠤ ᠬᠤᠸᠠ ᠶᠤᠸᠠᠨ ᠲᠦᠷᠢᠶᠡᠰᠦᠨ ᠮᠠᠱᠢᠨ ᠲᠡᠷᠭᠡᠨ᠎ᠦ ᠺᠣᠮᠫᠠᠨᠢ ᠰᠠᠢᠨ ᠳᠤᠷ᠎ᠠ᠎ᠶ᠋ᠢᠨ ᠦᠶ᠋ᠯᠡᠴᠢᠯᠡᠭᠡᠨ᠎ᠦ ᠠᠩᠭᠢ ᠪᠠᠢᠭᠤᠯᠵᠤ᠂ 30 ᠭᠠᠷᠤᠶ ᠵᠢᠯᠣᠭᠣᠴᠢ ᠰᠠᠢᠨ ᠳᠤᠷ᠎ᠠ᠎ᠶ᠋ᠢᠨ ᠦᠶ᠋ᠯᠡᠴᠢᠯᠡᠭᠡᠨ᠎ᠦ ᠡᠩᠨᠡᠭᠡᠨ᠎ᠳᠦ ᠤᠷᠤᠭ᠍ᠰᠠᠨ ᠪᠠᠢᠨ᠎ᠠ᠃
《ᠲᠠ ᠰᠠᠢᠨ ᠦᠦ ? ᠲᠡᠷᠭᠡᠨ᠎ᠡᠴᠡ ᠪᠠᠭᠤᠬᠤ᠎ᠠᠴᠠ ᠡᠮᠦᠨ᠎ᠡ ᠡᠳ᠋ ᠪᠤᠳᠠᠰ ᠵᠢᠡᠨ ᠪᠠᠢᠴᠠᠭᠠᠵᠦ ᠦᠵᠡᠭᠡᠷᠡᠢ!》ᠸᠸᠨ ᠭᠤᠸᠠᠩ ᠮᠢᠩ ᠤᠳᠠᠭ᠎ᠠ ᠪᠦᠷᠢ ᠠᠶᠠᠨᠴᠢᠳ ᠢ᠋ ᠢᠩᠬᠢᠵᠦ ᠰᠠᠨᠠᠭᠤᠯᠳᠠᠭ᠃ ᠲᠡᠭᠦᠨ ᠤ᠋ ᠦᠵᠡᠬᠦ᠌᠎ᠪᠡᠷ᠂ ᠯᠸᠢ ᠹᠸᠩ᠎ᠠᠴᠠ ᠰᠤᠷᠤᠯᠴᠠᠬᠤ ᠨᠢ ᠵᠠᠪᠠᠯ ᠲᠤᠮᠤ ᠶᠠᠪᠤᠳᠠᠯ ᠬᠢᠬᠦ᠌ ᠪᠢᠰᠢ ᠂ ᠨᠢᠭᠡ ᠯᠡ ᠦᠭᠡ ᠂ ᠨᠢᠭᠡ ᠯᠡ ᠰᠠᠨᠠᠭᠤᠯᠤᠮᠵᠢ ᠨᠢ ᠴᠥᠮ ᠬᠥᠮᠦᠰ᠎ᠲᠦ ᠬᠠᠯᠠᠭᠤᠨ ᠳᠤᠯᠠᠭᠠᠨ ᠬᠦᠷᠭᠡᠵᠤ ᠴᠢᠳᠠᠨ᠎ᠠ᠃
ᠷᠠᠳᠢᠣ᠋ ᠨᠡᠪᠲᠡᠷᠡᠭᠦᠯᠭᠡ᠎ᠪᠡᠷ ᠳᠠᠮᠵᠢᠨ ᠡᠪᠡᠳᠴᠢᠨ ᠬᠠᠭᠤᠴᠢᠨ᠎ᠲᠠᠶ ᠴᠧᠨ ᠳ᠋ᠢᠶᠠᠨ ᠶᠢᠩ ᠨᠠᠰᠤᠲᠠᠨ᠎ᠤ ᠶᠠᠪᠤᠵᠤ ᠰᠠᠭᠤᠬᠤ᠎ᠳᠤ ᠬᠦᠴᠢᠷᠳᠡᠢ ᠪᠠᠢᠳᠠᠯ᠎ᠢ ᠣᠢᠯᠠᠭᠠᠬᠰᠠᠨ ᠤ᠋ ᠲᠠᠷᠠᠭ᠎ᠠ᠂ ᠸᠸᠨ ᠭᠤᠸᠠᠩ ᠮᠢᠩ ᠨᠠᠰᠤᠲᠠᠨ᠎ᠲᠠᠶ ᠬᠠᠷᠢᠯᠴᠠᠵᠤ᠂ 13 ᠵᠢᠯ ᠠᠯᠪᠠᠨ ᠵᠢᠷᠤᠮ᠎ᠢᠶᠠᠷ ᠨᠠᠰᠤᠲᠠᠨ᠎ᠢ ᠲᠤᠰᠴᠤ᠌ ᠬᠦᠷᠭᠡᠪᠡ᠃ ᠨᠠᠰᠤᠲᠠᠨ ᠠᠮᠢᠳᠤ ᠰᠡᠷᠡᠬᠦᠨ ᠪᠠᠢᠬᠤ᠎ᠳᠠᠭᠠᠨ᠂ ᠸᠧᠨ ᠭᠤᠸᠠᠩ ᠮᠢᠩ ᠶᠠᠭ ᠮᠢᠨᠤ ᠦᠪᠡᠷ ᠤ᠋ᠨ ᠬᠡᠦᠬᠡᠳ ᠱᠢᠭ᠂ ᠬᠡᠵᠢᠶ᠎ᠡ ᠳᠠᠭᠤᠳᠠᠪᠠᠯ ᠬᠡᠵᠢᠶ᠎ᠡ ᠢᠷᠡᠳᠡᠭ ᠭᠡᠵᠦ ᠬᠦᠮᠦᠨ ᠦᠵᠡᠪᠡᠯ ᠡᠷᠡᠬᠡᠢ ᠭᠠᠷᠭᠠᠨ ᠮᠠᠬᠳᠠᠳᠠᠭ ᠪᠠᠢᠵᠠᠢ᠃
《ᠪᠢ ᠥᠪᠡᠷ᠎ᠢᠶᠡᠨ ᠱᠢᠯᠭᠠᠯᠲᠠ᠎ᠶ᠋ᠢᠨ ᠲᠠᠯᠠᠪᠠᠢ᠎ᠳᠠᠭᠠᠨ ᠶᠠᠪᠤᠴᠢᠬᠠᠨ᠎ᠠ᠂ ᠲᠠ ᠰᠠᠨᠠᠭ᠎ᠠ ᠠᠮᠤᠷ ᠪᠠᠢᠭᠠᠷᠠᠢ》᠃ ᠸᠸᠨ ᠭᠤᠸᠠᠩ ᠮᠢᠩ᠎ᠦᠨ ᠬᠦᠦ ᠤᠯᠤᠰ ᠤ᠋ᠨ ᠨᠢᠭᠡᠳᠦᠯᠳᠡᠢ ᠱᠢᠯᠭᠠᠯᠲᠠ᠎ᠳᠤ ᠣᠷᠣᠯᠴᠠᠬᠤ᠎ᠠᠴᠠ᠎ᠪᠠᠨ ᠡᠮᠦᠨ᠎ᠡ᠂ ᠠᠪᠤ᠎ᠪᠠᠨ ᠢᠩᠭᠢᠵᠦ᠍ ᠲᠠᠢᠳᠭᠤᠷᠠᠭᠤᠯᠵᠠᠶ᠃ ᠳᠠᠷᠠᠭ᠎ᠠ ᠡᠳᠦᠷ ᠨᠢ᠂ ᠸᠸᠨ ᠭᠤᠸᠠᠩ ᠮᠢᠩ ᠶᠠᠳᠠᠭᠤ ᠬᠦᠴᠢᠷᠳᠡᠯ ᠲᠡᠶ ᠱᠢᠯᠭᠠᠭᠤᠯᠤᠭ᠍ᠴᠢ᠎ᠶ᠋ᠢᠨ ᠬᠡᠷ᠎ᠦᠨ ᠡᠭᠦᠳᠡᠨ᠎ᠳᠦ ᠴᠠᠭ᠎ᠲᠠᠭᠠᠨ ᠬᠦᠷᠪᠡ᠃ 18 ᠵᠢᠯ ᠲᠠᠷᠠᠭᠠᠯᠠᠨ ᠲᠡᠷᠡ ᠶᠠᠳᠠᠭᠤ ᠬᠦᠴᠢᠷᠳᠡᠯᠲᠡᠶ ᠂ ᠵᠡᠮᠳᠡᠭ ᠱᠢᠯᠭᠠᠭᠤᠯᠤᠭ᠍ᠴᠢ᠎ᠶ᠋ᠢ ᠰᠦᠶ᠋ᠳᠭᠡᠯ ᠬᠤᠷᠢᠶᠠᠬᠤ ᠥᠬᠡᠶ᠎ᠪᠡᠷ ᠲᠤᠰᠴᠤ᠌ ᠬᠦᠷᠭᠡᠪᠡ᠃
ᠣᠯᠠᠨ ᠵᠢᠯ᠎ᠦᠨ ᠲᠤᠷᠰᠢ ᠂ ᠸᠸᠨ ᠭᠤᠸᠠᠩ ᠮᠢᠩ ᠮᠣᠳᠣ ᠲᠠᠷᠢᠬᠤ᠂ ᠰᠤᠷᠤᠯᠭ᠎ᠠ ᠵᠢ ᠲᠡᠳᠬᠦᠬᠦ᠌᠂ ᠵᠡᠮᠳᠡᠭ᠌ᠴᠦᠳ᠎ᠢ ᠲᠡᠮᠵᠢᠵᠦ ᠬᠦᠴᠢᠷᠳᠡᠯᠳᠠᠢ ᠵᠢ ᠲᠤᠰᠠᠯᠠᠬᠤ ᠵᠡᠷᠭᠡ ᠨᠡᠢᠲᠡ᠎ᠶ᠋ᠢᠨ ᠠᠰᠠᠷᠠᠮᠵᠢ᠎ᠶ᠋ᠢᠨ ᠠᠵᠢᠯᠯᠠᠭ᠎ᠠ ᠳ᠋ᠤ ᠢᠳᠡᠪᠬᠢᠲᠡᠢ ᠤᠷᠤᠯᠴᠠᠵᠤ᠂ ᠬᠥᠳᠡᠭᠡ ᠲᠣᠰᠭᠣᠨ᠎ᠠᠴᠠ ᠰᠤᠷᠭᠠᠭᠤᠯᠢ᠂ ᠴᠢᠰᠤ ᠬᠠᠨᠳᠢᠪᠯᠠᠬᠤ ᠲᠡᠷᠭᠡ᠎ᠡᠴᠡ ᠨᠠᠰᠤᠲᠠᠨ᠎ᠢ ᠠᠰᠠᠷᠠᠬᠤ ᠬᠦᠷᠢᠶᠡᠯᠡᠩ᠂ ᠬᠢᠵᠢᠭ᠎ᠲᠡᠶ ᠲᠡᠮᠡᠴᠡᠬᠦ᠌ ᠡᠮᠦᠨ᠎ᠡ ᠹᠷᠣᠨᠲ᠎ᠠᠴᠠ ᠡᠳᠦᠷ ᠲᠤᠳᠤᠮ᠎ᠤᠨ ᠬᠦᠴᠢᠷᠳᠡᠯ ᠲᠡᠢ ᠠᠬᠠᠮᠠᠳ ᠨᠠᠮ᠎ᠤᠨ ᠭᠡᠱᠢᠭᠦᠨ᠎ᠢ ᠡᠷᠬᠢᠨ ᠦᠵᠡᠬᠦ᠌ ᠂ ᠭᠠᠵᠠᠷ ᠪᠣᠯᠭᠠᠨ᠎ᠳᠤ ᠲᠡᠭᠦᠨ᠎ᠦ ᠪᠠᠷ᠎ᠠ ᠬᠠᠷᠠᠭ᠍ᠳᠠᠵᠤ ᠯᠡ ᠪᠠᠢᠳᠠᠭ᠃ ᠸᠸᠨ ᠭᠤᠸᠠᠩ ᠮᠢᠩ ᠤᠷᠢᠳ ᠬᠣᠵᠢᠳ 《 ᠪᠥᠬᠥ᠌ ᠤᠯᠤᠰ᠎ᠤᠨ ᠠᠵᠢᠯ᠎ᠤᠨ ᠪᠠᠢᠷᠢ ᠲᠡᠭᠡᠷ᠎ᠠ ᠪᠠᠨ ᠯᠸᠢ ᠹᠸᠩ᠎ᠠᠴᠠ ᠰᠤᠷᠤᠯᠴᠠᠭ᠍ᠰᠠᠨ ᠪᠢᠶᠤᠤᠪᠢᠩ》᠂ 《ᠥᠪᠥᠷ ᠮᠣᠩᠭᠣᠯ᠎ᠤᠨ ᠥᠪᠡᠷᠲᠡᠭᠡᠨ ᠵᠠᠰᠠᠬᠤ ᠣᠷᠣᠨ᠎ᠤ ᠬᠥᠳᠡᠯᠮᠦᠷᠢ᠎ᠶ᠋ᠢᠨ ᠵᠢᠱ᠌ᠢᠶᠡᠴᠢ》᠎ᠶ᠋ᠢᠨ ᠴᠣᠯᠠ᠎ᠶ᠋ᠢ ᠭᠥᠷᠳᠡᠭᠰᠡᠨ ᠵᠢᠠᠷ ᠪᠠᠷᠠᠬᠤ ᠦᠭᠡᠢ᠂ ᠵᠠᠮ ᠬᠠᠷᠢᠯᠴᠠᠭ᠎ᠠ ᠲᠡᠭᠡᠭᠡᠪᠦᠷᠢ᠎ᠶ᠋ᠢᠨ ᠶᠠᠮᠤᠨ᠂ ᠳᠤᠮᠳᠠᠳᠤ ᠶ᠋ᠢᠨ ᠪᠥᠬᠥ᠌ ᠤᠯᠤᠰ᠎ᠤᠨ ᠠᠵᠢᠯᠴᠢᠨ᠎ᠤ ᠶᠡᠷᠦᠩᠬᠡᠶ ᠡᠪᠯᠡᠯ᠎ᠡᠴᠡ 《ᠠᠵᠢᠯ᠎ᠤᠨ ᠪᠠᠢᠷᠢ᠎ᠪᠠᠨ ᠬᠠᠢᠷᠠᠯᠠᠵᠤ ᠠᠵᠢᠯ ᠦᠶ᠋ᠯᠡᠰ᠎ᠢᠶᠡᠨ ᠳᠡᠭᠡᠳᠦᠯᠡᠭ᠌ᠰᠡᠨ ᠵᠢᠯᠣᠭᠣᠴᠢ᠎ᠶ᠋ᠢᠨ ᠵᠢᠱ᠌ᠢᠶᠡᠴᠢ》᠂ 《2021 ᠣᠨ᠎ᠤ ᠬᠠᠮᠤᠭ᠎ᠤᠨ ᠭᠣᠶᠣ ᠲᠦᠷᠢᠶᠡᠰᠦᠨ ᠮᠠᠱᠢᠨ ᠲᠡᠷᠭᠡᠨ᠎ᠤ ᠵᠢᠯᠣᠭᠣᠴᠢ》᠎ᠪᠡᠷ ᠦᠨᠡᠯᠡᠪᠡ᠃
- ᠨᠠᠢᠷᠠᠭᠤᠯᠤᠭ᠍ᠴᠢ᠄
- ᠨᠡᠪᠲᠡᠷᠡᠭᠦᠯᠦᠭᠴᠢ᠄
- ᠮᠡᠷᠭᠡᠵᠢᠯ᠄
ᠨᠠᠢᠷᠠᠭᠤᠯᠤᠭ᠍ᠴᠢ᠄ ᠰᠤᠶᠤᠯᠲᠦ
ᠣᠷᠴᠢᠭᠤᠯᠤᠭ᠍ᠴᠢ᠄




ᠰᠢᠭᠦᠮᠵᠢ ᠠᠯᠠᠭ᠎ᠠ ᠂ ᠬᠤᠷᠳᠤᠨ ᠨᠢᠭᠡᠳᠦᠭᠡᠷ ᠵᠤᠷᠪᠤᠰ ᠰᠢᠭᠦᠮᠵᠢ ᠨᠡᠢ᠌ᠲᠡᠯᠡᠭᠡᠷᠡᠢ᠃