ᠭᠣᠣᠯ ᠰᠡᠳᠦᠪᠲᠦ ᠮᠡᠳᠡᠭᠡᠯᠡᠯ > ᠮᠠᠨ᠎ᠤ᠋ ᠳᠡᠷᠭᠡᠳᠡᠬᠢ ᠯᠸᠢ ᠹᠸᠩ

2022-03-18 09:44:03

ᠵᠣᠬᠢᠶᠠᠭ᠍ᠴᠢ᠄ ᠪᠤᠤ ᠴᠢᠩ ᠱᠧᠩ ᠣᠩᠱᠢᠭ᠍ᠰᠠᠨ ᠣᠳᠠᠭ᠎ᠠ᠄ 3

ᠵᠠᠩ ᠹᠸᠩ ᠡᠨᠡ ᠵᠢᠯ 49 ᠨᠠᠰᠤᠲᠠᠢ᠃ ᠲᠡᠷᠡ ᠪᠡᠷ ᠴᠡᠷᠢᠭ᠎ᠤᠨ ᠬᠤᠧᠠᠷᠠᠨ ᠳ᠋ᠤ 12 ᠵᠢᠯ ᠠᠯᠪᠠᠯᠠᠵᠤ᠂ ᠴᠠᠭ᠍ᠳᠠᠭ᠎ᠠ ᠵᠢᠨ ᠠᠵᠢᠯ ᠳ᠋ᠤ 20 ᠵᠢᠯ ᠵᠢᠳᠬᠥᠵᠤ ᠶᠠᠪᠤᠬᠤ ᠳ᠋ᠠᠭᠠᠨ ᠬᠡᠳᠥᠢᠪᠡᠷ ᠠᠵᠢᠯ᠎ᠤᠨ ᠪᠠᠢᠷᠢ ᠨᠢ ᠬᠤᠪᠢᠷᠠᠵᠤ ᠪᠠᠢᠬᠰᠠᠨ᠎ᠴᠦ ᠨᠠᠮ᠎ᠳᠠᠭᠠᠨ ᠦᠨᠡᠨᠴᠢ ᠱᠢᠳᠤᠷᠭᠤ ᠤᠪᠤᠷ ᠰᠤᠷᠳᠠᠯ ᠨᠢ ᠶᠡᠷᠥᠨᠢ ᠬᠤᠪᠢᠷᠠᠭ᠎ᠠ ᠦᠭᠡᠢ᠂ ᠠᠵᠢᠯ ᠦᠢᠯᠡᠰ᠎ᠦᠨ ᠬᠥᠰᠡᠯ ᠬᠥᠭᠡᠭᠡᠴᠡᠯᠳᠦᠯ ᠨᠢ ᠶᠡᠷᠥᠨᠢ ᠬᠤᠪᠢᠷᠠᠭ᠎ᠠ ᠦᠭᠡᠢ᠂ ᠤᠭ ᠰᠠᠨᠠᠭ᠎ᠠ᠎ᠪᠠᠨ ᠪᠠᠲᠤ ᠰᠠᠬᠢᠬᠤ ᠢᠳᠡᠭᠡᠯ ᠵᠤᠷᠢᠭ ᠨᠢ ᠶᠡᠷᠥᠨᠢ ᠬᠤᠪᠢᠷᠠᠭ᠎ᠠ ᠦᠭᠡᠢ᠂ ᠡᠢᠨ᠎ᠬᠦ ᠲᠡᠷᠡ ᠡᠭᠡᠯ ᠵᠢᠷ᠎ᠦᠨ ᠠᠵᠢᠯ᠎ᠤᠨ ᠪᠠᠢᠷᠢ ᠳᠡᠭᠡᠷᠡᠬᠢ ᠥᠨᠢᠳᠡ ᠵᠢᠪᠡᠷᠡᠰᠢ ᠦᠭᠡᠢ ᠨᠢᠭᠡᠨ《ᠡᠷᠭᠢ ᠱᠤᠷᠠᠭ》᠎ᠤ᠋ᠨ ᠥᠯᠢᠭᠡᠷ ᠲᠤᠤᠯᠢᠰ᠎ᠢ ᠪᠢᠴᠢᠭᠯᠡᠵᠥ᠂ ᠯᠧᠢ ᠹᠧᠩ᠎ᠤᠨ ᠵᠤᠷᠢᠬ ᠰᠠᠨᠠᠭ᠎ᠠ ᠵᠢ ᠥᠢᠯᠡᠳᠥᠯᠭᠡᠵᠢᠭᠥᠯᠦᠭᠰᠡᠭᠡᠷ ᠢᠷᠡᠯ᠎ᠡ᠃

1990 ᠣᠨ᠎ᠳᠤ᠂ ᠵᠠᠩ ᠹᠸᠩ ᠴᠡᠷᠢᠭ᠎ᠲᠦ ᠤᠷᠤᠵᠠᠢ᠃ ᠲᠡᠷᠡ ᠪᠡᠷ ᠴᠡᠷᠢᠭ ᠪᠠᠢᠬᠤ ᠳ᠋ᠠᠭᠠᠨ ᠵᠣᠬᠢᠶᠠᠨ ᠪᠠᠢᠭᠤᠯᠤᠯᠲᠠ᠎ᠶ᠋ᠢᠨ ᠬᠤᠪᠢᠶᠠᠷᠢᠯᠠᠯᠲᠠ᠎ᠶ᠋ᠢ ᠡᠷᠡᠰ ᠳᠠᠭᠠᠵᠤ᠂ ᠴᠡᠷᠢᠭ᠎ᠦᠨ ᠶᠠᠪᠤᠳᠠᠯ᠎ᠤᠨ ᠡᠷᠳᠡᠮ ᠴᠢᠳᠠᠪᠤᠷᠢ᠎ᠪᠠᠨ ᠴᠠᠭᠠᠷᠠᠭᠤᠯᠥᠨ᠂ ᠤᠯᠠᠨ ᠤᠳᠠᠭ᠎ᠠ ᠱᠢᠯᠢᠳᠡᠭ ᠪᠠᠢᠯᠳᠤᠭ᠍ᠴᠢ᠂ ᠱᠢᠯᠢᠳᠡᠭ ᠡᠪ ᠬᠠᠮᠲᠤ ᠨᠠᠮ᠎ᠤᠨ ᠭᠡᠱᠢᠭᠦᠨ᠎ᠢᠶᠡᠷ ᠦᠨᠡᠯᠡᠭ᠌ᠳᠡᠵᠦ᠍᠂ ᠦᠶᠡᠷ᠎ᠲᠡᠶ ᠲᠡᠮᠡᠴᠡᠨ ᠠᠶᠤᠯ᠎ᠡᠴᠡ ᠠᠪᠤᠷᠠᠬᠤ ᠶᠠᠪᠤᠴᠠ᠎ᠳᠤ ᠡᠮᠦᠨ᠎ᠡ ᠹᠷᠣᠨᠲ᠎ᠢ ᠢᠮᠠᠭ᠍ᠲᠠ ᠪᠠᠲᠤ ᠰᠠᠬᠢᠵᠤ᠂ ᠴᠢᠮᠡᠭᠡ ᠬᠣᠯᠪᠣᠭ᠎ᠠ ᠵᠢᠯᠣᠭᠣᠳᠭᠤ ᠱᠢᠰᠲ᠋ᠧᠮ᠎ᠦᠨ ᠰᠠᠭᠠᠳ ᠦᠭᠡᠢ ᠨᠡᠪᠲᠡᠷᠡᠬᠦ᠌᠎ᠶ᠋ᠢ ᠪᠠᠲᠤᠯᠠᠨ᠂ ᠥᠪᠥᠷ ᠮᠣᠩᠭᠣᠯ᠎ᠤᠨ ᠴᠡᠷᠢᠭ᠎ᠦᠨ ᠲᠣᠭᠣᠷᠢᠭ᠎ᠲᠤ ᠬᠤᠪᠢ ᠬᠥᠮᠦᠨ᠎ᠦ《ᠭᠤᠷᠪᠠᠳᠤᠭᠠᠷ ᠳᠡᠰ᠎ᠤᠨ ᠭᠠᠪᠢᠶ᠎ᠠ 》 ᠵᠢ ᠨᠢᠭᠡ ᠤᠳᠠᠭ᠎ᠠ ᠲᠡᠮᠳᠡᠭ᠌ᠯᠡᠭᠥᠯᠥᠭᠰᠠᠨ ᠶᠤᠮ᠃

2002 ᠣᠨ᠎ᠳᠤ᠂ ᠵᠠᠩ ᠹᠸᠩ ᠴᠡᠷᠢᠭ᠎ᠡᠴᠡ ᠬᠠᠯᠠᠭ᠍ᠳᠠᠵᠤ᠂ ᠲᠦᠩᠯᠢᠶᠣᠤ ᠬᠤᠲᠠ᠎ᠶ᠋ᠢᠨ ᠠᠯᠪᠠᠳᠠᠯᠭ᠎ᠠ᠎ᠪᠠᠷ ᠲᠤᠰᠠᠭᠠᠷᠯᠠᠵᠤ ᠬᠣᠣᠷ ᠳᠠᠳᠠᠬᠤ᠎ᠶ᠋ᠢ ᠵᠣᠭ᠍ᠰᠣᠭᠠᠬᠤ ᠭᠠᠵᠠᠷ᠎ᠲᠤ ᠠᠵᠢᠯ᠎ᠤᠨ ᠬᠤᠪᠢᠶᠠᠷᠢ ᠠᠪᠴᠥ ᠨᠢᠭᠡᠨ ᠠᠷᠠᠳ᠎ᠤᠨ ᠴᠠᠭ᠍ᠳᠠᠭ᠎ᠠ ᠪᠣᠯᠵᠠᠢ᠃《ᠨᠢᠭᠡ ᠠᠵᠢᠯ ᠬᠢᠪᠡᠯ ᠨᠢᠭᠡ ᠠᠵᠢᠯ᠎ᠢᠶᠠᠨ ᠬᠠᠢᠷᠠᠯᠠᠵᠤ᠂ ᠠᠵᠢᠯ᠎ᠳᠠᠭᠠᠨ ᠴᠠᠭᠠᠷᠠᠬᠤ》᠂ 《 ᠪᠠᠶᠠᠰᠤᠩᠭᠤᠢ ᠮᠥᠷᠳᠡᠭᠡᠨ ᠢᠳᠡᠪᠬᠢᠲᠡᠢ᠂ ᠦᠭᠡ ᠳᠠᠭᠤᠨ ᠦᠭᠡᠢ᠎ᠪᠡᠷ ᠬᠤᠪᠢ ᠨᠡᠮᠡᠷᠢ ᠦᠵᠡᠭᠦᠯᠬᠦ᠌》ᠠᠵᠢᠯ ᠤ᠋ᠨ ᠤᠪᠤᠷ ᠰᠤᠷᠳᠠᠯ᠎ᠢ ᠨᠢ ᠤᠳᠤᠷᠢᠳᠤᠯᠭ᠎ᠠ ᠪᠣᠯᠤᠨ ᠬᠠᠮᠲᠤ ᠠᠵᠢᠯᠯᠠᠭ᠍ᠰᠠᠳ᠎ᠤᠨ ᠬᠢᠨ ᠲᠡᠭᠦᠨ᠎ᠳᠦ ᠥᠭ᠌ᠭᠦᠭ᠌ᠰᠡᠨ ᠦᠨᠡᠯᠡᠯᠲᠡ ᠪᠣᠯᠬᠤ ᠶᠤᠮ᠃ ᠵᠠᠩ ᠹᠸᠩ ᠠᠮᠠᠷᠠᠯᠲᠠ᠎ᠶ᠋ᠢᠨ ᠴᠠᠭ᠎ᠢᠶᠠᠨ ᠠᠱᠢᠭ᠍ᠯᠠᠨ᠂ ᠡᠷᠬᠢᠨ ᠲᠣᠭᠣᠷᠢᠨ᠎ᠤ ᠡᠯ᠎ᠡ ᠲᠥᠷᠥᠯ᠎ᠦᠨ ᠦᠶ᠋ᠯᠡᠳᠪᠦᠷᠢᠯᠡᠯ᠎ᠦᠨ ᠠᠵᠤ ᠠᠬᠤᠢᠯᠠᠯ ᠲᠠᠢ ᠬᠠᠷᠢᠯᠴᠠᠵᠤ᠂ ᠰᠤᠷᠤᠭ᠍ᠴᠢᠳ᠎ᠲᠤ ᠳᠣᠭᠢᠷᠠᠬᠤ ᠦᠶ᠋ᠯᠡᠳᠪᠦᠷᠢᠯᠡᠯ᠎ᠦᠨ ᠠᠷᠭ᠎ᠠ ᠵᠠᠮ᠎ᠢ ᠡᠷᠢᠯᠬᠢᠯᠡᠨ᠂ ᠡᠴᠥᠰ᠎ᠲᠦ ᠨᠢᠭᠡᠨ ᠫᠤᠤᠵᠢᠩ ᠦᠶ᠋ᠯᠡᠳᠪᠦᠷᠢᠯᠡᠬᠦ᠌ ᠲᠥᠷᠥᠯ ᠵᠦᠶ᠋ᠯ᠎ᠢ ᠠᠮᠵᠢᠯᠲᠠ᠎ᠲᠠᠶ ᠣᠷᠣᠭᠤᠯᠤᠨ ᠠᠪᠴᠢᠷᠠᠵᠤ᠂ ᠥᠷ᠎ᠡ ᠪᠥᠲᠥᠮᠵᠢᠲᠠᠢ ᠬᠠᠮᠢᠶᠠᠷᠤᠯᠲᠠ᠎ᠳᠤ ᠪᠠᠲᠤᠯᠠᠭ᠎ᠠ ᠬᠠᠩᠭᠠᠵᠠᠢ᠃ ᠬᠠᠮᠢᠶᠠᠷᠤᠯᠲᠠ᠎ᠶ᠋ᠢᠨ ᠶᠡᠬᠡ ᠠᠩᠬᠢ᠎ᠳᠤ ᠵᠠᠬᠢᠷᠤᠨ ᠰᠤᠷᠭᠠᠬᠤ ᠺᠠᠳ᠋ᠷ᠎ᠤᠨ ᠲᠤᠱᠢᠶᠠᠯ᠎ᠢ ᠬᠠᠷᠢᠭᠤᠴᠠᠬᠤ᠎ᠳᠠᠭᠠᠨ᠂ ᠲᠡᠷᠡ ᠬᠠᠮᠢᠶᠠᠷᠴᠤ᠌ ᠬᠥᠮᠦᠵᠢᠭᠦᠯᠬᠦ᠌ ᠡᠭᠦᠷᠭᠡ ᠬᠠᠷᠢᠭᠤᠴᠠᠯᠭ᠎ᠠ᠎ᠪᠠᠨ ᠬᠢᠨᠠᠮᠠᠭᠠᠢ ᠭᠦᠢᠴᠡᠳᠭᠡᠵᠦ᠍᠂ ᠲᠡᠭᠦᠨ᠎ᠦ ᠰᠤᠷᠭᠠᠨ ᠬᠥᠮᠦᠵᠢᠭᠥᠯᠬᠥ ᠪᠡᠷ ᠳᠠᠭᠠᠭᠠᠵᠤ ᠠᠪᠤᠭ᠍ᠰᠠᠨ ᠵᠠᠭᠤ ᠱᠢᠬᠠᠮ ᠬᠦᠮᠦᠵᠢᠯ ᠬᠦᠷᠳᠡᠭᠴᠢ ᠨᠢ ᠳᠠᠬᠢᠨᠲᠠ ᠬᠠᠤᠯᠢ᠎ᠶ᠋ᠢ ᠵᠥᠷᠢᠴᠡᠵᠦ᠍ ᠶᠠᠯ᠎ᠠ ᠬᠢᠭ᠌ᠰᠡᠨ ᠬᠥᠮᠦᠨ ᠨᠢᠭᠡ ᠴᠦ᠍ ᠭᠠᠷᠤᠬᠰᠠᠨ ᠦᠭᠡᠢ ᠪᠠᠢᠪᠠ᠃ ᠵᠠᠩ ᠹᠸᠩ ᠦᠷᠭᠦᠯᠵᠢ ᠥᠪᠡᠷ᠎ᠤᠨ ᠪᠡᠶ᠎ᠡ ᠪᠠᠨ ᠶᠠᠮᠠᠷ ᠠᠵᠢᠯ᠎ᠤᠨ ᠪᠠᠢᠷᠢ ᠳᠡᠭᠡᠷ᠎ᠡ ᠪᠠᠢᠭ᠍ᠰᠠᠨ ᠴᠤ᠌ ᠴᠥᠮ ᠯᠸᠢ ᠹᠸᠩ ᠨᠥᠬᠥᠷ᠎ᠲᠡᠶ ᠠᠳᠠᠯᠢ᠎ᠪᠠᠷ ᠬᠡᠵᠢᠶᠡᠳᠡ ᠵᠢᠪᠡᠷᠡᠰᠢ ᠥᠬᠡᠶ《ᠡᠷᠭᠢ ᠱᠤᠷᠠᠭ》 ᠪᠤᠯᠵᠤ᠂ ᠬᠠᠮᠢᠭ᠎ᠠ ᠮᠤᠰᠭᠢᠪᠡᠯ ᠲᠡᠨᠳᠡ ᠬᠡᠷᠡᠯ ᠭᠢᠯᠪᠠᠭ᠎ᠠ᠎ᠪᠠᠨ ᠰᠠᠴᠤᠷᠠᠭᠤᠯᠬᠤ ᠪᠡᠷ ᠪᠡᠶ᠎ᠠ ᠪᠠᠨ ᠴᠢᠡᠭᠭ᠎ᠠ ᠱᠠᠭᠠᠷᠳᠠᠳᠠᠬ᠃

2019 ᠣᠨ᠎ᠤ ᠡᠴᠦᠰ᠎ᠲᠦ᠂ ᠵᠠᠩ ᠹᠸᠩ ᠬᠣᠸ᠋ᠷ ᠲᠠᠲᠠᠬᠤ᠎ᠶ᠋ᠢ ᠵᠣᠭ᠍ᠰᠣᠭᠠᠬᠤ ᠭᠠᠵᠠᠷ᠎ᠤᠨ ᠵᠢᠨᠨ ᠬᠣᠸ᠋ᠷ ᠲᠠᠲᠠᠬᠤ᠎ᠶ᠋ᠢ ᠵᠣᠭ᠍ᠰᠣᠭᠠᠬᠤ ᠡᠮᠴᠢᠯᠡᠭᠡᠨ᠎ᠦ ᠲᠥᠪ᠎ᠦᠨ ᠬᠠᠷᠢᠭᠤᠴᠠᠯᠭᠠᠲᠠᠨ᠎ᠤ ᠲᠤᠱᠢᠶᠠᠯ᠎ᠢ ᠡᠭᠦᠷᠭᠡᠯᠡᠵᠦ᠍᠂ ᠬᠣᠸ᠋ᠷ ᠲᠠᠲᠠᠬᠤ᠎ᠶ᠋ᠢ ᠵᠣᠭ᠍ᠰᠣᠭᠠᠬᠤ ᠭᠠᠵᠠᠷ᠎ᠤᠨ ᠬᠦᠮᠦᠵᠢᠯ ᠬᠦᠷᠳᠡᠭᠰᠡᠳ᠎ᠤᠨ ᠡᠷᠡᠭᠦᠯ ᠮᠡᠨᠳᠦ᠍᠎ᠶ᠋ᠢ ᠪᠠᠲᠤᠯᠠᠬᠤ ᠪᠠ ᠡᠷᠡᠭᠦᠯᠵᠢᠭᠦᠯᠬᠦ᠌ ᠵᠡᠷᠭᠡ ᠠᠵᠢᠯ᠎ᠢ ᠬᠠᠷᠢᠭᠤᠴᠠᠨ᠂ ᠲᠣᠭᠣᠷᠢᠨ ᠡᠮᠴᠢᠯᠡᠬᠦ᠌᠂ ᠠᠰᠠᠭᠤᠨ ᠣᠨᠣᠱᠢᠯᠠᠬᠤ ᠪᠠ ᠡᠪᠡᠳᠴᠢᠯᠡᠭ᠌ᠰᠡᠨ ᠰᠤᠷᠤᠭ᠍ᠴᠢᠳ᠎ᠢ ᠰᠤᠪᠢᠯᠠᠬᠤ᠂ ᠡᠮ ᠲᠦᠭᠡᠭᠡᠬᠦ᠌ ᠵᠡᠷᠭᠡ ᠠᠵᠢᠯ᠎ᠤᠳ᠎ᠢ ᠤᠬᠤᠷᠬᠠᠨ ᠬᠤᠭᠤᠴᠠᠭᠠᠨ ᠳ᠋ᠤ ᠡᠮᠬᠢ ᠴᠡᠭᠴᠡ ᠲᠠᠢ ᠪᠤᠯᠭᠠᠨ ᠲᠣᠬᠢᠷᠠᠭᠤᠯᠵᠠᠢ᠃ 2020 ᠣᠨ᠎ᠤ ᠡᠬᠢᠨ᠎ᠳᠦ᠂ ᠭᠡᠨᠡᠳᠲᠡ ᠡᠭᠦᠰᠦᠭ᠌ᠰᠡᠨ ᠰᠢᠨ᠎ᠡ ᠲᠢᠳᠢᠮᠯᠢᠭ ᠠᠭᠤᠰᠭᠢᠨ ᠦᠷᠪᠢᠰᠦᠯ᠎ᠦᠨ ᠬᠢᠵᠢᠭ᠎ᠦᠨ ᠪᠠᠢᠳᠠᠯ᠎ᠤᠨ ᠦᠶ᠎ᠡ᠎ᠳᠦ ᠵᠠᠩ ᠹᠸᠩ ᠶᠠᠭ ᠠᠮᠠᠷᠠᠯᠲᠠ᠎ᠶ᠋ᠢᠨ ᠴᠢᠯᠥᠭᠡ ᠠᠪᠴᠤ᠌᠂ ᠱᠠᠨᠰᠢ᠎ᠳᠤ ᠡᠪᠡᠳᠴᠢᠨ᠎ᠲᠡᠶ ᠬᠡᠪᠲᠡᠵᠦ᠍ ᠪᠠᠢᠭ᠎ᠠ ᠨᠠᠰᠤᠲᠠᠶ ᠡᠵᠢ᠎ᠪᠡᠨ ᠬᠠᠷᠠᠭᠠᠯᠵᠠᠵᠤ ᠪᠠᠢᠪᠠ᠃ ᠬᠢᠵᠢᠭ᠎ᠤᠨ ᠪᠠᠢᠳᠠᠯ᠎ᠢ ᠤᠢᠯᠠᠭᠠᠮᠠᠬᠴᠠ ᠲᠡᠷᠡ ᠪᠡᠷ ᠳᠠᠷᠤᠢᠬᠠᠨ ᠡᠵᠢ ᠪᠣᠯᠤᠨ ᠬᠡᠷ᠎ᠦᠨ ᠬᠥᠮᠦᠰ᠎ᠡᠴᠡ᠎ᠪᠡᠨ ᠠᠶᠠᠷᠯᠠᠨ ᠠᠮᠠᠷᠠᠯᠲᠠ᠎ᠶ᠋ᠢᠨ ᠴᠢᠯᠥᠭᠡ᠎ᠪᠠᠨ ᠳᠠᠶᠠᠬᠳᠠᠵᠤ᠂ ᠴᠠᠭᠠᠨ ᠰᠠᠷ᠎ᠠ ᠵᠢᠨ ᠱᠢᠨ᠎ᠡ᠎ᠶ᠋ᠢᠨ ᠳᠥᠷᠪᠡᠨ᠎ᠳᠦ ᠲᠠᠷᠤᠢ ᠪᠤᠴᠠᠵᠤ ᠢᠷᠠᠨ ᠪᠠᠢᠭᠤᠯᠭ᠎ᠠ᠎ᠳᠠᠭᠠᠨ ᠵᠢᠵᠢᠭᠦᠷᠯᠡᠵᠤ᠂ ᠡᠮᠥᠨ᠎ᠡ ᠹᠷᠣᠨᠲ᠎ᠤᠨ ᠪᠢᠲᠡᠭᠦᠮᠵᠢᠯᠡᠨ ᠵᠢᠵᠢᠭᠦᠷᠯᠡᠬᠦ᠌ ᠠᠵᠢᠯ ᠡᠴᠡ ᠭᠠᠷᠳᠠᠨ᠂ ᠬᠢᠵᠢᠭ᠎ᠦᠨ ᠪᠠᠢᠳᠠᠯ᠎ᠢ ᠰᠡᠷᠭᠡᠢᠯᠡᠨ ᠡᠵᠡᠮᠳᠡᠬᠦ᠌ ᠠᠵᠢᠯ᠎ᠢ ᠬᠢᠨᠠᠮᠠᠭᠠᠢ ᠲᠤᠬᠢᠷᠠᠭᠤᠯᠵᠤ᠂ ᠪᠦᠬᠦ᠌ ᠺᠠᠳ᠋ᠷ ᠴᠠᠭ᠍ᠳᠠᠭ᠎ᠠ ᠪᠣᠯᠤᠨ ᠬᠣᠣᠷ ᠲᠠᠳᠠᠬᠤ ᠵᠢ ᠵᠣᠭ᠍ᠰᠣᠭᠠᠬᠤ ᠭᠠᠵᠠᠷ᠎ᠤᠨ ᠰᠤᠷᠤᠬᠴᠢᠳ ᠨᠢᠭᠡ ᠴᠦ᠍ ᠬᠠᠯᠳᠠᠪᠤᠷᠢᠯᠠᠭ᠍ᠰᠠᠨ ᠦᠭᠡᠶ ᠪᠠᠢᠬᠤ ᠵᠢ ᠪᠠᠳᠤᠯᠠᠵᠤ ᠴᠢᠳᠠᠵᠠᠢ᠃ ᠵᠠᠩ ᠹᠸᠩ᠄ 《 ᠪᠢ ᠨᠢᠭᠡᠨ ᠠᠷᠠᠳ᠎ᠤᠨ ᠴᠠᠭ᠍ᠳᠠᠭ᠎ᠠ᠂ ᠡᠪ ᠬᠠᠮᠲᠤ ᠨᠠᠮ᠎ᠤᠨ ᠭᠡᠱᠢᠭᠦᠨ ᠪᠣᠯᠤᠭ᠍ᠰᠠᠨ᠎ᠤ ᠬᠤᠪᠢ᠎ᠳᠤ᠂ ᠠᠵᠢᠯ ᠨᠢᠭᠡᠪᠦᠷᠢ᠎ᠶ᠋ᠢ ᠰᠠᠢᠲᠤᠷ ᠬᠢᠬᠦ᠌ ᠪᠣᠯ ᠮᠢᠨᠦ᠍ ᠡᠭᠦᠷᠭᠡ ᠬᠠᠷᠢᠭᠤᠴᠠᠯᠭ᠎ᠠ ᠮᠥᠨ》 ᠭᠡᠵᠦ᠍ ᠬᠡᠯᠡᠵᠤ ᠪᠠᠢᠯ᠎ᠠ᠃

ᠵᠢᠳᠭᠥᠯ ᠴᠢᠷᠮᠠᠢᠯᠭ᠎ᠠ ᠡᠴᠡ ᠠᠮᠵᠢᠯᠲᠠ ᠪᠥᠲᠥᠮᠵᠢ ᠤᠨᠳᠤᠷᠥᠨ᠎ᠠ᠃ ᠶᠠᠭ ᠡᠢᠮᠦᠷᠬᠦᠤ ᠨᠡᠢᠲᠡ᠎ᠶ᠋ᠢᠨ ᠲᠥᠯᠥᠭᠡ ᠭᠤᠶᠠᠴᠢ ᠥᠭᠡᠢ ᠵᠢᠳᠬᠦᠵᠦ᠍᠂ ᠬᠠᠷᠠᠮ ᠥᠬᠡᠶ ᠵᠤᠷᠢᠭᠤᠯᠬᠤ ᠡᠷᠬᠢ ᠱᠤᠷᠠᠭ᠎ᠤᠨ ᠵᠣᠷᠢᠭ ᠰᠠᠨᠠᠭ᠎ᠠ ᠨᠢ ᠡᠭᠡᠯ ᠵᠢᠷ᠎ᠦᠨ ᠠᠵᠢᠯ᠎ᠤᠨ ᠪᠠᠢᠷᠢ ᠳᠡᠭᠡᠷᠡᠬᠢ ᠨᠢᠭᠡᠨ ᠠᠷᠠᠳ᠎ᠤᠨ ᠴᠠᠭ᠍ᠳᠠᠭ᠎ᠠ᠎ᠶ᠋ᠢᠨ ᠦᠨᠡᠨᠴᠢ ᠱᠢᠳᠤᠷᠭᠤ ᠪᠠ ᠡᠭᠥᠷᠭᠡ ᠬᠠᠷᠢᠭᠤᠴᠠᠯᠭ᠎ᠠ᠎ᠶ᠋ᠢ ᠦᠶ᠋ᠯᠡᠳᠦᠯᠭᠡᠵᠢᠭᠦᠯᠵᠤ ᠢᠷᠡᠪᠡ᠃ ᠵᠠᠩ ᠹᠸᠩ ᠤᠷᠢᠳ ᠬᠤᠵᠢᠳ《ᠪᠥᠬᠥ᠌ ᠤᠯᠤᠰ᠎ᠤᠨ ᠠᠵᠢᠯ᠎ᠤᠨ ᠪᠠᠢᠷᠢ ᠳ᠋ᠡᠬᠢ ᠯᠸᠢ ᠹᠸᠩ᠎ᠠᠴᠠ ᠰᠤᠷᠤᠯᠴᠠᠭ᠍ᠰᠠᠨ ᠵᠢᠱ᠌ᠢᠶᠡᠴᠢ》᠂ 《ᠥᠪᠡᠷᠲᠡᠭᠡᠨ ᠵᠠᠰᠠᠬᠤ ᠣᠷᠣᠨ᠎ᠤ ᠤᠯᠤᠰ ᠲᠥᠷᠥ᠍ ᠬᠠᠸ᠋ᠯᠢ ᠴᠠᠭᠠᠵᠠ᠎ᠶ᠋ᠢᠨ ᠱᠢᠰᠲ᠋ᠧᠮ᠎ᠦᠨ ᠲᠡᠷᠢᠭᠦᠨ᠎ᠦ ᠬᠤᠪᠢ ᠬᠥᠮᠦᠨ》᠂《ᠲᠦᠩᠯᠢᠶᠣᠤ ᠬᠣᠲᠠ᠎ᠶ᠋ᠢᠨ ᠠᠷᠪᠠᠨ ᠱᠢᠯᠢᠳᠡᠭ ᠬᠠᠸ᠋ᠯᠢᠵᠢᠯ᠎ᠤᠨ ᠠᠵᠢᠯᠳᠠᠨ》ᠵᠡᠷᠭᠡ ᠢᠷᠠᠭᠤ ᠠᠯᠳᠠᠷ᠎ᠤᠨ ᠴᠣᠯᠠ ᠬᠥᠷᠳᠡᠵᠠᠢ᠃

  • ᠨᠠᠢᠷᠠᠭᠤᠯᠤᠭ᠍ᠴᠢ᠄

  • ᠨᠡᠪᠲᠡᠷᠡᠭᠦᠯᠦᠭᠴᠢ᠄

  • ᠮᠡᠷᠭᠡᠵᠢᠯ᠄

ᠨᠠᠢᠷᠠᠭᠤᠯᠤᠭ᠍ᠴᠢ᠄ ᠤᠶᠤᠨᠲᠠᠨ᠎ᠠ

ᠣᠷᠴᠢᠭᠤᠯᠤᠭ᠍ᠴᠢ᠄

ᠢᠷᠡᠯᠲᠡ᠄ ᠳᠤᠮᠳᠠᠳᠤ ᠤᠯᠤᠰ᠎ᠤ᠋ᠨ ᠮᠣᠩᠭᠣᠯ ᠬᠡᠯᠡᠨ᠎ᠦ᠌ ᠰᠣᠨᠢᠨ ᠮᠡᠳᠡᠭᠡ᠎ᠶ᠋ᠢᠨ ᠰᠦᠯᠵᠢᠶ᠎ᠡ
兼容浏览器的HTML页面