ᠭᠣᠣᠯ ᠰᠡᠳᠦᠪᠲᠦ ᠮᠡᠳᠡᠭᠡᠯᠡᠯ > ᠮᠠᠨ᠎ᠤ᠋ ᠳᠡᠷᠭᠡᠳᠡᠬᠢ ᠯᠸᠢ ᠹᠸᠩ

2023-03-22 10:09:45

ᠵᠣᠬᠢᠶᠠᠭ᠍ᠴᠢ᠄ ᠯᠢᠦ ᠱᠢᠶᠠᠩ ᠫᠢᠩ ᠯᠢᠦᠢ ᠬᠤᠩ ᠣᠩᠱᠢᠭ᠍ᠰᠠᠨ ᠣᠳᠠᠭ᠎ᠠ᠄ 3

《ᠵᠤᠤ ᠡᠵᠢ ᠡ᠂ ᠪᠢ ᠲᠠᠨ ᠢ᠋ ᠪᠠᠨ ᠪᠤᠯᠭᠤᠭᠠᠬᠤ ᠪᠡᠷ ᠢᠷᠡᠯ᠎ᠠ᠂ ᠤᠢᠷ᠎ᠠ ᠳ᠋ᠦ ᠪᠡᠶ᠎ᠡ ᠴᠢᠨᠢ ᠵᠦᠭᠡᠷ ᠤᠤ ?》

《ᠵᠠᠩ ᠡᠭᠡᠴᠢ ᠡ᠂ ᠡᠨᠡ ᠪᠤᠯ ᠲᠦᠷᠦᠬᠦᠬᠡᠨ ᠲᠠᠨ ᠳ᠋ᠦ ᠬᠠᠪᠰᠤᠷᠴᠤ ᠲᠠᠬᠢᠶᠠᠨ ᠦᠨᠳᠡᠭᠡ ᠬᠤᠳᠠᠯᠳᠤᠭᠰᠠᠨ ᠮᠦᠡᠭᠬᠦ᠂ ᠲᠠ ᠬᠤᠷᠢᠶᠠᠵᠦ ᠠᠪᠤᠭᠠᠷᠠᠢ!》

《ᠶᠠᠩ ᠠᠪᠠᠭ᠎ᠠ ᠡ᠂ ᠡᠨᠡ ᠬᠡᠳᠦᠨ ᠡᠳᠦᠷ ᠨᠠᠰᠤᠵᠢᠯ ᠤ᠋ᠨ ᠠᠰᠠᠷᠠᠮᠵᠢ ᠵᠢᠨ ᠳᠠᠭᠠᠳᠬᠠᠯ ᠤ᠋ᠨ ᠭᠡᠷᠡᠴᠢᠯᠡᠯᠳᠡ ᠬᠢᠵᠤ ᠪᠤᠢ᠂ ᠪᠢᠳᠡ ᠭᠡᠷ ᠲᠦ᠍ ᠴᠢᠨᠢ ᠬᠦᠷᠴᠦ ᠲᠠᠨ ᠎ᠢ᠋ ᠬᠠᠪᠰᠤᠷᠤᠨ ᠭᠡᠷᠡᠴᠢᠯᠡᠯᠳᠡ ᠬᠢᠵᠤ ᠦᠭᠬᠦᠶ᠎ᠡ᠂ ᠲᠡᠭᠡᠪᠡᠯ ᠲᠠ ᠨᠠᠰᠤᠵᠢᠯ ᠤ᠋ᠨ ᠠᠰᠠᠷᠠᠮᠵᠢ ᠵᠢᠨ ᠮᠦᠩᠬᠦ ᠪᠠᠨ ᠴᠠᠭ ᠲᠤᠬᠠᠢ᠎ᠳᠤᠨᠢ ᠤᠯᠵᠤ ᠴᠢᠳᠠᠨ᠎ᠠ ᠰᠢᠤ᠃》

ᠪᠤᠭᠤᠳᠤ ᠬᠤᠳᠠ ᠵᠢᠨ ᠬᠦᠶᠠᠩ ᠰᠢᠶᠠᠨ ᠤ᠋ ᠨᠠᠷᠢᠨ ᠵᠠᠭᠡᠯᠢ ᠦᠷᠬᠡᠨ ᠭᠤᠳᠤᠮᠵᠢ᠂ ᠲᠤᠰᠬᠤᠨ ᠤ᠋ ᠠᠷᠠᠳ ᠤ᠋ᠨ ᠵᠦᠪᠯᠡᠯ ᠤ᠋ᠨ ᠬᠦᠷᠢᠶᠠᠨ ᠳ᠋ᠦ ᠶᠠᠷᠤ ᠨᠢ ᠨᠢᠭᠡ ᠪᠦᠯᠦᠭ 《ᠤᠯᠠᠭᠠᠨ ᠤᠤᠵᠢ》 ᠲᠠᠢ ᠰᠠᠢᠨ ᠲᠤᠷ᠎ᠠ ᠵᠢᠨ ᠠᠵᠢᠯᠯᠠᠬᠰᠠᠳ᠎ᠤᠨ ᠪᠠᠷ᠎ᠠ ᠬᠠᠷᠠᠭᠳᠠᠵᠤ᠂ ᠰᠠᠭᠤᠭᠠᠯᠢ ᠲᠦᠮᠡᠨ᠎ᠳᠡᠭᠡᠨ ᠰᠠᠢᠨ ᠲᠤᠷ᠎ᠠ᠎ᠵᠢᠨ ᠦᠢᠯᠡᠴᠢᠯᠡᠭᠡ ᠬᠦᠷᠳᠡᠭᠡᠨ᠎ᠠ᠃ ᠳᠡᠳᠡᠨ ᠤ᠋ ᠲᠤᠳᠤᠷ᠎ᠠ ᠨᠠᠮ ᠤ᠋ᠨ ᠭᠡᠰᠢᠭᠦᠨ ᠺᠠᠳ᠋ᠷ ᠪᠤᠢ᠂ ᠬᠠᠯᠠᠭᠤᠨ ᠰᠡᠳᠬᠢᠯᠳᠦ ᠤᠯᠠᠨ ᠲᠦᠮᠡᠨ ᠴᠦ᠍ ᠪᠤᠢ᠂ ᠠᠵᠢᠯᠴᠢ ᠬᠦᠳᠡᠯᠮᠤᠷᠢᠴᠢ ᠪᠦᠰᠡᠬᠦᠢᠴᠤᠳ ᠡᠴᠡ ᠠᠪᠤᠭᠠᠳ ᠢᠳᠠᠷ ᠵᠠᠯᠠᠭᠤᠴᠤᠳ ᠴᠦ᠍ ᠪᠠᠢᠳᠠᠭ᠃ ᠳᠡᠳᠡ ᠪᠤᠯ ᠰᠢᠨ᠎ᠡ ᠴᠠᠭ ᠦᠶ᠎ᠡ ᠵᠢᠨ 《ᠠᠮᠢᠳᠤ ᠯᠸᠢ ᠹᠸᠩ》᠂ ᠴᠢᠩ ᠰᠡᠳᠬᠢᠯ ᠤ᠋ᠨ ᠬᠠᠯᠠᠭᠤᠨ ᠬᠠᠢᠷ᠎ᠠ ᠪᠡᠷ ᠵᠢᠠᠨ ᠤᠯᠠᠨ ᠲᠦᠮᠡᠨ᠎ᠤ ᠪᠠᠨ ᠰᠡᠳᠬᠢᠯ᠎ᠢ ᠲᠤᠯᠠᠭᠠᠴᠠᠭᠤᠯᠵᠤ ᠶᠠᠪᠤᠭ᠎ᠠ ᠶᠤᠮ᠃

ᠰᠠᠢᠨ ᠳᠤᠷ᠎ᠠ ᠵᠢᠨ ᠦᠢᠯᠡᠴᠢᠯᠡᠭᠡ ᠳ᠋ᠦ ᠪᠠᠭ᠎ᠠ ᠶᠠᠪᠤᠳᠠᠯ ᠭᠡᠵᠤ ᠪᠠᠢᠳᠠᠭ ᠦᠭᠡᠢ᠃ 78 ᠨᠠᠰᠤᠳᠠᠢ ᠬᠤᠸᠠᠩ ᠳ᠋ᠸᠩ ᠬᠤᠸᠠ ᠨᠠᠰᠤᠳᠠᠨ ᠳ᠋ᠦ ᠠᠪᠴᠤ ᠬᠡᠯᠡᠪᠡᠯ ᠨᠡᠩ ᠴᠦ᠍ ᠰᠡᠳᠬᠢᠯ ᠤ᠋ᠨ ᠡᠪᠡᠳᠴᠢᠨ ᠢ᠋ ᠨᠢ ᠠᠷᠢᠯᠭᠠᠵᠤ ᠦᠭᠬᠦᠭᠰᠡᠨ ᠲᠤᠮᠤ ᠶᠠᠪᠤᠳᠠᠯ ᠪᠤᠯᠤᠬᠰᠠᠨ ᠶᠤᠮ᠃ ᠨᠢᠭᠡ ᠳᠠᠰᠤᠯᠭ᠎ᠠ ᠲᠤᠭᠤᠰᠬᠠᠨ ᠪᠠᠢᠰᠢᠩ᠂ ᠬᠡᠳᠦᠨ ᠬᠠᠭᠤᠴᠢᠨ ᠭᠡᠷ ᠤ᠋ᠨ ᠡᠳ᠋ᠯᠡᠯ ᠬᠡᠷᠡᠭᠰᠡᠯ ᠨᠢ ᠬᠤᠸᠠᠩ ᠳ᠋ᠸᠩ ᠬᠤᠸᠠ ᠪᠤᠯᠤᠨ ᠲᠡᠭᠦᠨ ᠤ᠋ ᠲᠡᠵᠢᠭᠡᠭᠰᠡᠨ ᠬᠦᠦ ᠬᠤᠸᠠᠩ ᠾᠸ ᠫᠢᠩ ᠤ᠋ᠨ ᠠᠮᠢᠳᠤᠷᠠᠯ ᠳ᠋ᠦ 50 ᠭᠠᠷᠤᠢ ᠵᠢᠯ ᠬᠠᠨᠢ ᠪᠤᠯᠵᠠᠢ᠃ ᠬᠤᠸᠠᠩ ᠳ᠋ᠸᠩ ᠬᠤᠸᠠ ᠵᠠᠯᠠᠭᠤ ᠳ᠋ᠠᠭᠠᠨ ᠠᠵᠢᠯ᠎ᠤᠨ ᠡᠨᠳᠠᠯ ᠡᠴᠡ ᠪᠤᠯᠵᠤ ᠨᠢᠭᠡ ᠬᠦᠯ ᠵᠢᠠᠨ ᠠᠯᠳᠠᠵᠤ᠂ ᠬᠤᠵᠢᠮ ᠨᠢ ᠵᠤᠬᠢᠶᠠᠮᠠᠯ ᠬᠦᠯ ᠳᠠᠭᠠᠷᠠᠭᠤᠯᠵᠤ᠂ ᠬᠦᠦ ᠲᠠᠢ ᠪᠠᠨ ᠬᠤᠶᠠᠭᠤᠯᠠ ᠬᠠᠷᠢᠯᠴᠠᠨ ᠲᠦᠰᠢᠭ ᠪᠤᠯᠵᠦ ᠠᠮᠢᠳᠤᠷᠠᠵᠤ ᠢᠷᠠᠵᠠᠢ᠃ 2020 ᠤᠨ ᠳ᠋ᠦ ᠬᠤᠸᠠᠩ ᠾᠸ ᠫᠢᠩ ᠴᠢᠰᠤᠨ ᠳᠠᠷᠤᠯᠳᠠ ᠦᠨᠳᠦᠷ ᠡᠴᠡ ᠪᠤᠯᠵᠤ ᠲᠠᠷᠢᠬᠢᠨ ᠳ᠋ᠤᠨᠢ ᠴᠢᠰᠤ ᠬᠠᠷᠪᠤᠬᠰᠠᠨ ᠡᠴᠡ ᠬᠦᠳᠡᠯᠮᠦᠷᠢᠯᠡᠬᠦ ᠴᠢᠳᠠᠪᠤᠷᠢ ᠪᠠᠨ ᠠᠯᠳᠠᠵᠤ᠂ ᠡᠳᠦᠷ ᠳᠤᠳᠤᠮ ᠤ᠋ᠨ ᠠᠮᠢᠳᠤᠷᠠᠯ ᠨᠢ ᠴᠦ᠍ ᠪᠤᠰᠤᠳ ᠵᠢᠡᠷ ᠬᠠᠷᠠᠭᠠᠯᠵᠠᠭᠤᠯᠬᠤ ᠯᠡ ᠬᠡᠷᠡᠭ ᠪᠤᠯᠵᠠᠢ᠃ ᠦᠪᠡᠷ ᠤ᠋ᠨ ᠵᠢᠠᠨ ᠤᠯᠠᠮ ᠵᠢᠡᠷ ᠦᠳᠡᠯᠵᠤ ᠪᠠᠢᠭ᠎ᠠ ᠪᠠᠨ ᠮᠡᠳᠡᠷᠡᠬᠦ ᠦᠶᠡᠰ᠂ 53 ᠨᠠᠰᠤᠳᠠᠢ ᠬᠦᠦ ᠵᠢᠨ ᠬᠢᠨᠢ ᠠᠮᠢᠳᠤᠷᠠᠯ ᠢ᠋ ᠬᠤᠵᠢᠮ ᠬᠡᠨ ᠬᠠᠷᠠᠭᠠᠯᠵᠠᠬᠤ ᠪᠢᠯᠡ?ᠭᠡᠵᠤ ᠬᠤᠸᠠᠩ ᠳ᠋ᠸᠩ ᠬᠤᠸᠠ ᠪᠤᠳᠤᠬᠤ ᠲᠤᠳᠤᠮ ᠦᠪᠡᠷ ᠤ᠋ᠨ ᠡᠷᠬᠡ ᠦᠭᠡᠢ ᠨᠢᠯᠪᠤᠰᠤ ᠪᠦᠮᠪᠦᠷᠢᠭᠦᠯᠳᠡᠭ ᠪᠠᠢᠪᠠ᠃

ᠨᠢᠭᠡᠨ ᠡᠳᠦᠷ᠂ ᠰᠢ ᠳ᠋ᠸᠦ ᠫᠦ ᠪᠠᠯᠭᠠᠰᠤ ᠵᠢᠨ ᠯᠢᠦ ᠸᠸᠢ ᠬᠤᠤ ᠲᠤᠰᠬᠤᠨ ᠤ᠋ ᠠᠷᠠᠳ ᠤ᠋ᠨ ᠵᠦᠪᠯᠡᠯ ᠤ᠋ᠨ ᠡᠮᠡᠭᠳᠡᠢᠴᠤᠳ ᠤ᠋ᠨ ᠬᠤᠯᠪᠤᠭ᠎ᠠ ᠵᠢᠨ ᠲᠡᠷᠢᠭᠦᠯᠡᠭᠴᠢ ᠭᠦᠸᠸ ᠵᠢᠩ ᠲᠤᠰᠬᠤᠨ ᠎ᠵᠢᠡᠷ ᠬᠦᠨᠵᠡᠭᠡᠢᠷᠠᠬᠦ ᠎ᠳᠡᠭᠡᠨ ᠡᠨᠡ ᠬᠦ᠌ ᠪᠠᠢᠳᠠᠯ ᠢ᠋ ᠤᠯᠵᠤ ᠮᠡᠳᠡᠵᠠᠢ᠃ ᠬᠤᠶᠠᠳᠤᠭᠠᠷ ᠳᠡᠰ ᠤ᠋ᠨ ᠵᠡᠮᠳᠡᠭ ᠤ᠋ᠨ ᠦᠨᠡᠮᠯᠡᠯ ᠪᠠᠢᠬᠤ ᠤᠯᠠᠨ ᠲᠦᠮᠡᠨ ᠰᠠᠶᠢ ᠳᠠᠪᠤᠨ ᠪᠠᠳᠤᠯᠠᠭᠠᠳᠤ ᠡᠷᠦᠬᠡ ᠵᠢᠨ ᠬᠢᠷᠢ ᠬᠡᠮ ᠢ᠋ ᠡᠷᠡᠮᠡᠯᠵᠡᠵᠤ ᠪᠤᠯᠬᠤ ᠵᠢ ᠤᠢᠯᠠᠭᠠᠬᠰᠠᠨ ᠤ᠋ ᠳᠠᠷᠠᠭ᠎ᠠ᠂ ᠲᠡᠷᠡ ᠤᠷᠢᠳ ᠬᠤᠵᠢᠳ ᠲᠤᠰᠬᠤᠨ ᠤ᠋ ᠠᠷᠠᠳ ᠤ᠋ᠨ ᠵᠦᠪᠯᠡᠯ᠂ ᠪᠠᠯᠭᠠᠰᠤᠨ ᠤ᠋ ᠵᠠᠰᠠᠭ ᠤ᠋ᠨ ᠤᠷᠳᠤᠨ ᠵᠡᠷᠭᠡ ᠭᠠᠵᠠᠷ ᠵᠢᠡᠷ ᠬᠦᠷᠴᠦ ᠲᠦᠷᠦ ᠵᠢᠨ ᠪᠤᠳᠤᠯᠭ᠎ᠠ ᠵᠢ ᠨᠠᠷᠢᠯᠢᠬ ᠤᠢᠯᠠᠭᠠᠵᠤ᠂ ᠬᠤᠸᠠᠩ ᠾᠸ ᠫᠢᠩ᠎ᠤᠨ ᠰᠠᠳᠤᠨ ᠲᠠᠢ ᠬᠠᠮᠳᠤ ᠲᠡᠭᠦᠨ ᠢ᠋ ᠰᠢᠶᠠᠨ ᠤ᠋ ᠡᠮᠨᠡᠯᠭᠡ ᠵᠢᠨ ᠬᠤᠷᠢᠶ᠎ᠠ ᠳ᠋ᠦ ᠬᠦᠷᠭᠡᠵᠤ ᠬᠢᠨᠠᠨ ᠳᠤᠬᠳᠠᠭᠠᠯᠳᠠ ᠬᠢᠯᠭᠡᠬᠦ᠎ᠵᠢᠨ ᠬᠠᠮᠳᠤ ᠵᠡᠮᠳᠡᠭᠴᠤᠳ ᠤ᠋ᠨ ᠬᠤᠯᠪᠤᠭ᠎ᠠ ᠳ᠋ᠦ ᠬᠦᠷᠴᠦ ᠭᠠᠷᠳᠠᠮ ᠬᠢᠯᠭᠡᠪᠡ᠃ ᠤᠳᠤ ᠬᠤᠸᠠᠩ ᠾᠸ ᠫᠢᠩ᠎ᠢ ᠬᠤᠶᠠᠳᠤᠭᠠᠷ ᠳᠡᠰ ᠤ᠋ᠨ ᠵᠡᠮᠳᠡᠭ ᠵᠢᠡᠷ ᠳᠤᠳᠤᠯᠠᠵᠤ᠂ ᠳᠠᠷᠠᠭᠠᠴᠢ ᠪᠠᠷ ᠨᠠᠰᠤᠳᠠᠢᠴᠤᠳ᠎ᠤᠨ ᠠᠰᠠᠷᠠᠮᠵᠢ᠎ᠵᠢᠨ ᠭᠠᠵᠠᠷ ᠲᠦ᠍ ᠬᠦᠷᠴᠦ ᠨᠢᠮᠪᠠᠢ ᠬᠠᠷᠠᠭᠠᠯᠵᠠᠯ ᠬᠦᠷᠳᠡᠬᠦ ᠪᠤᠯᠤᠨ᠎ᠠ᠃

ᠬᠤᠸᠠᠩ ᠳ᠋ᠸᠩ ᠬᠤᠸᠠ ᠨᠠᠰᠤᠳᠠᠨ ᠄《ᠲᠠ ᠨᠠᠷ ᠲᠠᠭᠠᠨ ᠴᠢᠡᠭ ᠰᠡᠳᠬᠢᠯ᠎ᠤᠨ ᠳᠠᠯᠠᠷᠬᠠᠯ᠎ᠵᠢᠡᠨ ᠲᠡᠪᠰᠢᠬᠦᠯᠵᠤ ᠪᠠᠢᠨ᠎ᠠ᠂ ᠡᠪ ᠬᠠᠮᠳᠤ ᠨᠠᠮ ᠳ᠋ᠠᠭᠠᠨ ᠳᠠᠯᠠᠷᠬᠠᠵᠤ ᠪᠠᠢᠨ᠎ᠠ᠂ ᠨᠠᠮ ᠤ᠋ᠨ ᠰᠠᠢᠨ ᠺᠠᠳ᠋ᠷ ᠲᠠᠭᠠᠨ ᠳᠠᠯᠠᠷᠬᠠᠵᠤ ᠪᠠᠢᠨ᠎ᠠ》 ᠭᠡᠵᠤ ᠭᠦᠸᠸ ᠵᠢᠩ ᠲᠠᠢ ᠠᠭᠤᠯᠵᠠᠬᠤ ᠪᠤᠯᠭᠠᠨ ᠰᠡᠳᠬᠢᠯ᠎ᠤᠨ ᠦᠭᠡ ᠪᠠᠨ ᠶᠠᠷᠢᠳᠠᠭ᠃ 《ᠤᠯᠠᠨ ᠤ᠋ ᠬᠦᠴᠦᠨ ᠳ᠋ᠦ ᠤᠪᠤᠭ᠎ᠠ ᠬᠦᠳᠡᠯᠦᠨ᠎ᠠ᠂ ᠶᠠᠪᠤᠳᠠᠯ ᠪᠤᠯᠭᠠᠨ ᠢ᠋ ᠰᠠᠢᠬᠠᠨ ᠰᠢᠢᠳᠪᠦᠷᠢᠯᠡᠴᠢᠭᠡᠪᠡᠯ ᠮᠢᠨᠤ ᠰᠡᠳᠬᠢᠯ ᠲᠦᠬᠦᠷᠠᠡᠭ᠂ ᠲᠠᠷᠠᠴᠢᠯᠠᠨ ᠮᠢᠨᠤ ᠠᠵᠢᠯ ᠴᠦ᠍ ᠭᠡᠰᠡᠨ ᠮᠠᠰᠢ ᠶᠡᠬᠡ ᠤᠳᠬ᠎ᠠ ᠠᠭᠤᠯᠭ᠎ᠠ ᠲᠠᠢ ᠪᠤᠯᠳᠠᠭ》 ᠭᠡᠵᠤ ᠭᠦᠸᠸ ᠵᠢᠩ ᠭᠡᠯᠡᠨ᠎ᠠ᠃ ᠬᠦᠳᠡᠭᠡ ᠲᠤᠰᠬᠤᠨ ᠳ᠋ᠦ ᠨᠤᠳᠤᠭᠰᠢᠨ ᠠᠮᠢᠳᠤᠷᠠᠵᠤ ᠪᠠᠢᠭ᠎ᠠ ᠲᠤᠰᠬᠤᠨ ᠤ᠋ ᠠᠷᠠᠳ ᠤ᠋ᠨ ᠵᠦᠪᠯᠡᠯ ᠤ᠋ᠨ ᠺᠠᠳ᠋ᠷ ᠪᠤᠯᠤᠬᠰᠠᠨ ᠲᠡᠷᠡ ᠨᠤᠳᠤᠭ ᠤᠰᠤᠨ ᠤ᠋ ᠪᠠᠨ ᠠᠬᠠᠰ ᠵᠠᠬᠠᠰ ᠠᠬ᠎ᠠ ᠳᠡᠬᠦᠦ ᠨᠠᠷ ᠲᠠᠭᠠᠨ ᠬᠦᠨ ᠵᠤᠵᠠᠭᠠᠨ ᠬᠠᠢᠷ᠎ᠠ ᠰᠡᠳᠬᠢᠯᠭᠡ ᠲᠠᠢ ᠠᠵᠢ᠃

ᠬᠠᠯᠠᠮᠵᠢ ᠵᠢᠨ ᠰᠡᠳᠬᠢᠯ ᠵᠢᠡᠷ ᠬᠠᠨᠢ ᠪᠤᠯᠬᠤ᠂ ᠦᠨᠡᠨ ᠰᠡᠳᠬᠢᠯ ᠤ᠋ᠨ ᠬᠢᠨᠢ ᠦᠭᠡ ᠵᠢ ᠰᠤᠨᠤᠰᠬᠤ᠂ ᠬᠠᠯᠠᠭᠤᠨ ᠰᠡᠳᠬᠢᠯᠭᠡ ᠪᠡᠷ ᠦᠢᠯᠡᠴᠢᠯᠡᠬᠦ ᠰᠠᠢᠨ ᠳᠤᠷ᠎ᠠ ᠵᠢᠨ ᠠᠵᠢᠯᠯᠠᠬᠰᠠᠳ ᠨᠢ ᠵᠠᠷᠢᠮ ᠳ᠋ᠠᠭᠠᠨ ᠨᠠᠮ ᠤ᠋ᠨ ᠲᠦᠷᠦ ᠵᠢᠨ ᠪᠤᠳᠤᠯᠭ᠎ᠠ ᠵᠢᠨ 《ᠳᠠᠢᠯᠪᠤᠷᠢᠯᠠᠬᠴᠢ》᠂ ᠵᠠᠷᠢᠮ ᠳ᠋ᠠᠭᠠᠨ ᠲᠠᠷᠢᠶᠠᠯᠠᠩ ᠤ᠋ᠨ ᠪᠦᠲᠦᠭᠡᠭᠳᠡᠭᠦᠨ ᠤ᠋ 《ᠤᠷᠤᠯᠠᠨ ᠪᠤᠷᠤᠯᠠᠭᠤᠯᠤᠬᠴᠢ》᠂ ᠵᠠᠷᠢᠮ ᠳ᠋ᠠᠭᠠᠨ ᠬᠡᠷ᠎ᠲᠤᠨᠢ ᠬᠦᠷᠴᠤ ᠦᠢᠯᠡᠴᠢᠯᠡᠳᠡᠭ 《ᠦᠰᠦ ᠵᠠᠰᠠᠬᠴᠢ》᠂ ᠵᠠᠷᠢᠮ ᠳ᠋ᠠᠭᠠᠨ ᠲᠠᠷᠢᠶᠠᠨ ᠵᠤᠷᠬ᠎ᠠ ᠪᠠᠷ ᠮᠤᠡᠭᠭᠠᠨᠢᠳᠠᠭ 《ᠲᠠᠷᠢᠶᠠᠯᠠᠩ ᠤ᠋ᠨ ᠮᠡᠷᠭᠡᠵᠢᠯ ᠤ᠋ᠨ ᠵᠢᠯᠤᠭᠤᠳᠤᠬᠴᠢ》 ᠪᠤᠯᠵᠤ᠂ ᠡᠶᠡᠯᠰᠡᠭ ᠲᠤᠳᠤᠨᠤᠰᠤᠭ ᠦᠢᠯᠡ ᠠᠵᠢᠯᠯᠠᠭ᠎ᠠ ᠪᠡᠷ ᠵᠢᠠᠨ ᠤᠯᠠᠨ ᠲᠦᠮᠡᠨ ᠤ᠋ ᠰᠡᠳᠬᠢᠯ ᠢ᠋ ᠲᠤᠯᠠᠭᠠᠴᠠᠭᠤᠯᠵᠦ ᠶᠠᠪᠤᠨ᠎ᠠ᠃

  • ᠨᠠᠢᠷᠠᠭᠤᠯᠤᠭ᠍ᠴᠢ᠄

  • ᠨᠡᠪᠲᠡᠷᠡᠭᠦᠯᠦᠭᠴᠢ᠄

  • ᠮᠡᠷᠭᠡᠵᠢᠯ᠄

ᠨᠠᠢᠷᠠᠭᠤᠯᠤᠭ᠍ᠴᠢ᠄ ᠮᠦᠩᠭᠦᠨᠬᠤᠸᠠᠷ

ᠣᠷᠴᠢᠭᠤᠯᠤᠭ᠍ᠴᠢ᠄

ᠢᠷᠡᠯᠲᠡ᠄ ᠳᠤᠮᠳᠠᠳᠤ ᠤᠯᠤᠰ᠎ᠤ᠋ᠨ ᠮᠣᠩᠭᠣᠯ ᠬᠡᠯᠡᠨ᠎ᠦ᠌ ᠰᠣᠨᠢᠨ ᠮᠡᠳᠡᠭᠡ᠎ᠶ᠋ᠢᠨ ᠰᠦᠯᠵᠢᠶ᠎ᠡ
兼容浏览器的HTML页面