ᠭᠣᠣᠯ ᠰᠡᠳᠦᠪᠲᠦ ᠮᠡᠳᠡᠭᠡᠯᠡᠯ > ᠮᠠᠨ᠎ᠤ᠋ ᠳᠡᠷᠭᠡᠳᠡᠬᠢ ᠯᠸᠢ ᠹᠸᠩ

2023-03-04 18:11:00

ᠵᠣᠬᠢᠶᠠᠭ᠍ᠴᠢ᠄ ᠭᠣᠣ ᠮᠢᠨ ᠨᠠ ᠣᠩᠱᠢᠭ᠍ᠰᠠᠨ ᠣᠳᠠᠭ᠎ᠠ᠄ 3

《ᠣᠢᠷ᠎ᠠ ᠳ᠋ᠦ᠍ ᠬᠠᠯᠳᠠᠪᠤᠷᠢᠲᠤ ᠲᠠᠭ᠍ᠰᠢᠭᠤᠷ ᠦᠷᠪᠢᠰᠤᠨ ᠳᠡᠯᠭᠡᠷᠡᠭᠰᠡᠨ ᠡᠴᠠ ᠡᠮᠨᠡᠯᠭᠡ᠎ᠶᠢᠨ ᠬᠤᠷᠢᠶ᠎ᠠ᠎ᠳᠦ ᠢᠷᠡᠵᠦ ᠡᠪᠡᠳᠴᠢᠨ ᠦᠵᠡᠬᠦᠯᠬᠦ ᠬᠡᠦᠬᠡᠳ ᠴᠦ᠍ ᠣᠯᠠᠱᠢᠷᠠᠵᠠᠢ》 ᠭᠡᠵᠤ ᠥᠷᠯᠥᠭᠡ ᠡᠷᠲᠡ ᠬᠠᠯᠳᠤ ᠮᠦᠯᠳᠦ ᠬᠡᠳᠦᠨ ᠡᠮᠬᠥ ᠬᠣᠭᠣᠯᠠ ᠢᠳᠡᠭ᠌ᠰᠡᠨ ᠭᠤᠤ ᠱᠢᠶᠤᠤ ᠬᠤᠢ ᠳᠠᠷᠤᠢᠬᠠᠨ ᠴᠠᠭᠠᠨ ᠴᠠᠮᠴᠠ ᠪᠠᠨ ᠰᠣᠯᠢᠵᠤ᠂ ᠴᠢᠩᠨᠠᠭᠤᠷ᠎ᠢᠶᠠᠨ ᠵᠡᠭᠦᠭᠡᠳ ᠡᠮᠴᠢᠯᠡᠭᠡᠨ ᠤ᠋ ᠲᠠᠰᠤᠭ᠎ᠲᠠᠭᠠᠨ ᠶᠠᠭᠠᠷᠠᠪᠴᠢᠯᠠᠨ ᠬᠥᠷᠤᠯ᠎ᠠ᠃

《ᠬᠡᠦᠬᠡᠳ ᠤ᠋ᠨ ᠰᠠᠯᠠᠭᠠᠨ ᠳ᠋ᠦ᠍ ᠢᠷᠡᠭ᠌ᠰᠡᠨ ᠬᠡᠦᠬᠡᠳ ᠪᠤᠯᠭᠠᠨ ᠪᠦᠷ ᠪᠢᠳᠠᠨ᠎ᠤ ᠬᠡᠦᠬᠡᠳ ᠰᠢᠤ ᠳ᠋ᠠ》 ᠭᠡᠵᠤ ᠡᠶᠡᠯᠰᠡᠭ ᠲᠤᠳᠤᠨᠤ ᠬᠠᠨᠳᠤᠳᠠᠭ᠃ ᠭᠤᠤ ᠱᠢᠶᠤᠤ ᠬᠤᠢ ᠪᠣᠯ ᠬᠢᠩᠭᠠᠨ ᠠᠢᠮᠠᠭ ᠤ᠋ᠨ ᠲᠦᠴᠢᠦᠸᠠᠨ ᠱᠢᠶᠠᠨ᠎ᠤ ᠬᠢᠲᠠᠳ ᠡᠮᠨᠡᠯᠭᠡ ᠵᠢᠨ ᠬᠣᠷᠢᠶᠠᠨ᠎ᠤ ᠬᠡᠦᠬᠡᠳ ᠤ᠋ᠨ ᠰᠠᠯᠠᠭᠠᠨ᠎ᠤ ᠳᠡᠳ᠋ ᠡᠷᠬᠢᠯᠡᠭ᠌ᠴᠢ ᠂ ᠭᠣᠣᠯᠯᠠᠬᠴᠢ ᠡᠮᠴᠢ ᠪᠤᠯᠤᠨ᠎ᠠ ᠃ ᠲᠡᠷᠨ ᠬᠡᠦᠬᠡᠳ ᠤ᠋ᠨ ᠰᠠᠯᠠᠭᠠᠨ ᠳ᠋ᠦ᠍ ᠠᠵᠢᠯᠯᠠᠭ᠍ᠰᠠᠨ 10 ᠵᠢᠯ ᠤ᠋ᠨ ᠲᠤᠷᠰᠢ᠂ ᠲᠡᠭᠦᠨ ᠤ᠋ ᠠᠵᠢᠯ ᠤ᠋ᠨ ᠪᠠᠷᠢᠮᠵᠢᠶ᠎ᠠ ᠶᠡᠷᠦ᠍᠎ᠡᠴᠡ ᠬᠤᠪᠢᠷᠠᠵᠤ ᠥᠩᠭᠡᠷᠡᠭ᠌ᠰᠡᠨ ᠦᠭᠡᠢ᠃

ᠭᠤᠤ ᠱᠢᠶᠣᠤ ᠬᠤᠢ ᠯᠢᠶᠣᠤᠨᠢᠩ ᠤ᠋ᠨ ᠬᠢᠲᠠᠳ ᠡᠮ ᠡᠮᠨᠡᠯᠭᠡ ᠵᠢᠨ ᠶᠡᠬᠡ ᠰᠤᠷᠭᠠᠭᠤᠯᠢ ᠵᠢᠨ ᠬᠢᠲᠠᠳ ᠧᠦ᠋ᠷᠣᠫᠠ ᠡᠮᠨᠡᠯᠭᠡ ᠵᠢ ᠤᠶᠠᠯᠳᠤᠭᠤᠯᠤᠭᠰᠠᠨ ᠲᠤᠰᠭᠠᠶ ᠮᠡᠷᠭᠡᠵᠢᠯ᠎ᠡᠴᠡ ᠲᠡᠭᠦᠰᠴᠡᠶ᠃ ᠬᠡᠳᠦᠢᠪᠡᠷ ᠬᠠᠷᠠᠬᠠᠨ ᠪᠠᠭ᠎ᠠ᠎ᠠᠴᠠ᠎ᠪᠠᠨ ᠡᠮᠴᠢ ᠪᠣᠯᠬᠤ ᠬᠦᠰᠡᠯ᠎ᠲᠠᠶ ᠪᠠᠢᠬᠰᠠᠨ ᠴᠤ᠌ ᠭᠡᠤᠭᠡᠳ ᠤ᠋ᠨ ᠰᠠᠯᠠᠭᠠᠨ ᠳ᠋ᠦ ᠠᠵᠢᠯᠯᠠᠨ᠎ᠠ ᠭᠡᠳᠡᠭ ᠨᠢ ᠲᠠᠬᠦᠨ᠎ᠤ ᠰᠦᠨᠢ᠎ᠵᠢᠨ ᠵᠡᠬᠦᠳᠤᠨ᠎ᠳᠤ ᠤᠷᠤᠭ᠎ᠠ ᠦᠭᠡᠢ ᠶᠤᠮ᠃ 《 ᠠᠵᠢᠯ᠎ᠤᠨ ᠭᠠᠷᠤᠭ᠎ᠠ ᠪᠠᠨ ᠠᠪᠤᠭᠰᠠᠨ ᠦᠶ᠎ᠠ ᠳ᠋ᠦ᠍ ᠂ ᠬᠡᠦᠬᠡᠳ ᠤ᠋ᠨ ᠰᠠᠯᠠᠭ᠎ᠠ ᠳ᠋ᠦ᠍ ᠡᠮᠴᠢ ᠳᠤᠳᠠᠵᠤ ᠪᠠᠢᠬᠰᠠᠨ ᠂ ᠪᠢ ᠦᠪᠡᠷ ᠵᠢᠠᠨ ᠬᠡᠦᠬᠡᠳ᠎ᠢ ᠮᠠᠰᠢ ᠪᠠᠠᠬᠷᠬᠠᠳᠠᠭ ᠪᠤᠯᠬᠤᠷ ᠬᠡᠦᠬᠡᠳ ᠤ᠋ᠨ ᠰᠠᠯᠠᠭᠠᠨ᠎ᠳᠤ ᠠᠵᠢᠯᠯᠠᠬᠤ ᠪᠠᠷ ᠵᠤᠷᠢᠭ ᠰᠢᠭᠤᠳᠤᠬᠰᠠᠨ ᠪᠠᠢᠨ᠎ᠠ》 ᠭᠡᠵᠦ᠍ ᠭᠤᠤ ᠱᠢᠶᠤᠤ ᠬᠤᠢ ᠥᠨᠭᠬᠡᠷᠡᠭᠰᠡᠨ ᠵᠢᠡᠨ ᠡᠷᠭᠢᠴᠡᠭᠦᠯᠦᠨ ᠬᠡᠯᠡᠯ᠎ᠠ᠃ ᠭᠡᠪᠠᠴᠤ ᠬᠡᠦᠬᠡᠳ ᠤ᠋ᠨ ᠰᠠᠯᠠᠭᠠᠨ᠎ᠤ ᠠᠵᠢᠯ ᠨᠢ ᠲᠡᠭᠦᠨ ᠤ᠋ ᠰᠠᠨᠠᠵᠤ ᠪᠣᠳᠣᠭ᠍ᠰᠠᠨ ᠰᠢᠬ ᠎ᠵᠢᠡᠷ ᠲᠡᠢᠮᠦ᠍ ᠠᠮᠠᠷᠬᠠᠨ ᠶᠠᠪᠤᠳᠠᠯ ᠪᠢᠰᠢ ᠪᠠᠢᠵᠠᠢ᠃ ᠬᠡᠦᠬᠡᠳ ᠤ᠋ᠨ ᠣᠬᠢᠯᠠᠬᠣ ᠳᠠᠭᠤᠨ᠂ ᠭᠡᠷ ᠤ᠋ᠨ ᠠᠬᠠᠮᠠᠳ ᠤ᠋ᠨ ᠭᠡᠯᠮᠡᠭᠳᠡᠵᠤ ᠪᠠᠴᠢᠮᠳᠠᠭᠰᠠᠨ ᠬᠠᠷᠠᠴᠠ ᠨᠢ ᠲᠡᠭᠦᠨ ᠢ᠋ ᠪᠠᠷᠢᠵᠤ ᠲᠠᠯᠪᠢᠬᠤ ᠪᠠᠨ ᠤᠯᠬᠤ ᠦᠭᠡᠢ ᠪᠤᠯᠳᠠᠯ᠎ᠠ ᠰᠠᠮᠭᠠᠷᠳᠠᠭᠤᠯᠵᠤ ᠪᠠᠢᠪᠠ᠃

ᠭᠤᠤ ᠱᠢᠶᠤᠤ ᠬᠣᠶ ᠶᠠᠷᠤ ᠨᠢ ᠵᠤᠷᠢᠬᠰᠠᠨ ᠳ᠋ᠠᠭᠠᠨ ᠬᠦᠷᠬᠦ ᠦᠭᠡᠢ ᠪᠤᠯ ᠵᠤᠷᠢᠭ ᠮᠤᠬᠤᠳᠠᠭ ᠦᠭᠡᠢ ᠡᠷᠡᠰ ᠰᠢᠭᠤᠷᠬᠠᠢ ᠵᠠᠡᠭ ᠲᠠᠢ᠂ ᠬᠠᠮᠳᠤ ᠠᠵᠢᠯᠯᠠᠭᠰᠠᠳ᠎ᠵᠢᠡᠷ᠎ᠵᠢᠡᠨ ᠵᠢᠭᠠᠯᠭᠠᠬᠤ ᠪᠠ ᠥᠪᠡᠷ ᠵᠢᠠᠨ ᠰᠤᠳᠤᠯᠬᠤ᠎ᠪᠠᠷ ᠳᠡᠮᠵᠢᠨ᠂ ᠡᠴᠦᠰ᠎ᠲᠡᠬᠡᠨ ᠠᠷᠭ᠎ᠠ ᠲᠡᠮ᠎ᠢ ᠨᠢ ᠤᠬᠠᠵᠠᠢ᠃ ᠡᠪᠡᠳᠴᠢᠨ ᠤ᠋ ᠪᠠᠢᠳᠠᠯ ᠢ᠋ ᠠᠰᠠᠭᠤᠬᠤ᠂ ᠴᠢᠩᠨᠠᠨ ᠣᠨᠣᠱᠢᠯᠠᠬᠤ᠂ ᠡᠪᠡᠳᠴᠢᠨ ᠤ᠋ ᠵᠢᠱ᠌ᠢᠶ᠎ᠡ ᠪᠢᠴᠢᠬᠦ᠌᠂ ᠡᠮ ᠥᠭ᠌ᠬᠦ ᠁ ᠭᠡᠬᠦ᠌ ᠮᠡᠲᠦ᠍᠎ᠪᠡᠷ ᠬᠡᠦᠬᠡᠳ ᠤ᠋ᠳ ᠢ᠋ ᠵᠠᠯᠭᠠᠭ᠎ᠠ ᠪᠡᠷ ᠡᠮᠴᠢᠯᠡᠵᠤ᠂ ᠤᠰᠤ ᠤᠤᠭᠤᠬᠤ ᠴᠦ᠍ ᠵᠠᠪ ᠦᠭᠡᠢ ᠶᠠᠭᠠᠷᠠᠵᠤ ᠢᠷᠠᠵᠠᠢ᠃

《ᠭᠠᠭ᠍ᠴᠠ ᠬᠦ᠌ ᠨᠠᠷᠢᠨ ᠣᠨᠣᠪᠴᠢᠲᠠᠶ ᠣᠨᠣᠱᠢᠯᠠᠨ ᠡᠮᠨᠡᠪᠡᠯ ᠰᠠᠶᠢ ᠡᠪᠡᠳᠴᠢᠨ᠎ᠲᠡᠶ ᠬᠡᠦᠬᠡᠳ ᠤ᠋ᠨ ᠬᠡᠷ ᠤ᠋ᠨ ᠠᠬᠠᠮᠠᠳ᠎ᠲᠤ ᠠᠮᠤᠷ ᠲᠦᠪᠱᠢᠨ ᠤ᠋ ᠲᠥᠷᠥᠭ᠌ᠳᠡᠯ ᠤᠯᠭᠤᠵᠤ ᠴᠢᠳᠠᠨ᠎ᠠ᠃ ᠣᠳᠣᠬᠠᠨ ᠳ᠋ᠦ᠍ ᠮᠠᠨ᠎ᠤ ᠬᠡᠦᠬᠡᠳ ᠤ᠋ᠨ ᠰᠠᠯᠠᠭᠠᠨ᠎ᠤ ᠡᠭᠦᠳᠡᠨ ᠡᠮᠨᠡᠯᠭᠡ ᠵᠢᠨ ᠵᠢᠯ ᠤ᠋ᠨ ᠬᠦᠯᠢᠶᠡᠨ ᠠᠪᠤᠬᠤ ᠡᠪᠡᠳᠴᠢᠳᠠᠨ᠎ᠤ ᠲᠤᠭ᠎ᠠ 7000 ᠬᠥᠮᠦᠨ ᠤᠳᠠᠭ᠎ᠠ ᠳ᠋ᠦ᠍ ᠬᠦᠷᠴᠦ᠍ ᠪᠠᠢᠨ᠎ᠠ》 ᠭᠡᠵᠤ ᠭᠤᠤ ᠱᠢᠶᠤᠤ ᠬᠤᠢ ᠶᠠᠷᠢᠵᠤ ᠭᠠᠷᠤᠯ᠎ᠠ᠃ ᠲᠡᠷᠡ ᠪᠠᠰᠠ ᠡᠮᠨᠡᠯᠭᠡ ᠵᠢᠨ ᠬᠣᠷᠢᠶ᠎ᠠ᠎ᠲᠠᠶ ᠪᠠᠨ ᠢᠳᠡᠪᠬᠢᠲᠡᠢ ᠬᠠᠮᠵᠢᠯᠴᠠᠨ ᠵᠠᠯᠠᠭᠤ ᠡᠮᠴᠢ ᠨᠠᠷ ᠲᠠᠭᠠᠨ ᠮᠡᠳᠡᠯᠭᠡ ᠤᠯᠠᠮᠵᠢᠯᠠᠬᠤ᠂ ᠵᠠᠯᠠᠭᠤ ᠡᠮᠴᠢ ᠨᠠᠷ᠎ᠵᠢᠡᠨ ᠬᠠᠪᠰᠤᠷᠬᠤ᠂ ᠵᠠᠯᠠᠭᠤ ᠡᠮᠴᠢ ᠨᠠᠷ᠎ᠵᠢᠡᠨ ᠳᠠᠭᠠᠭᠤᠯᠤᠨ ᠰᠤᠷᠭᠠᠬᠤ ᠠᠵᠢᠯ ᠢ᠋ ᠰᠠᠢᠲᠤᠷ ᠬᠢᠵᠦ᠍᠂ ᠮᠠᠰᠢ ᠤᠯᠠᠨ ᠵᠠᠯᠠᠭᠤ ᠡᠮᠴᠢ ᠵᠢ ᠲᠤᠬᠠᠢᠯᠠᠭ᠍ᠰᠠᠨ ᠠᠵᠢᠯ ᠴᠤᠯᠭᠤᠷᠠᠭᠰᠠᠨ ᠭᠣᠣᠯᠯᠠᠭ᠍ᠴᠢ ᠬᠦᠴᠦᠨ ᠪᠣᠯᠭᠠᠪᠠ᠃ ᠡᠮᠴᠢᠯᠡᠭᠡᠨ ᠤ᠋ ᠶᠠᠪᠤᠴᠠ᠎ᠳᠤ᠂ ᠭᠤᠤ ᠱᠢᠶᠤᠤ ᠬᠤᠢ ᠨᠡᠩ ᠴᠤ᠌ ᠶᠠᠪᠤᠳᠠᠯ ᠪᠣᠯᠭᠠᠨ ᠳ᠋ᠦ᠍ ᠡᠪᠡᠳᠴᠢᠲᠡᠨ ᠤ᠋ ᠲᠥᠯᠥᠭᠡ ᠪᠣᠳᠣᠯᠬᠢᠯᠠᠵᠤ᠂ ᠵᠠᠯᠠᠭᠤ ᠡᠮᠴᠢ ᠨᠠᠷ ᠲᠦ᠍ ᠠᠷᠭ᠎ᠠ ᠪᠦᠬᠦᠨ ᠢ᠋ ᠰᠦᠪᠡᠭ᠌ᠴᠢᠯᠡᠵᠦ᠍ ᠪᠠᠢᠭᠠᠳ ᠡᠪᠡᠳᠴᠢᠲᠡᠨ ᠤ᠋ ᠡᠮᠴᠢᠯᠡᠭᠡᠨ ᠤ᠋ ᠵᠠᠷᠤᠳᠠᠯ ᠢ᠋ ᠬᠠᠰᠤᠨ ᠬᠡᠯᠳᠦᠷᠢᠬᠦᠯᠵᠦ᠍᠂ ᠬᠠᠮᠤᠭ ᠤ᠋ᠨ ᠪᠠᠭ᠎ᠠ ᠵᠠᠷᠤᠳᠠᠯ᠎ᠢᠶᠠᠷ ᠬᠠᠮᠤᠭ ᠤ᠋ᠨ ᠰᠠᠢ᠌ᠨ ᠡᠮᠴᠢᠯᠡᠭᠡᠨ ᠤ᠋ ᠦᠷ᠎ᠡ ᠪᠦᠲᠦᠮᠵᠢ ᠭᠠᠷᠭᠠᠬᠤ᠎ᠵᠢ ᠪᠡᠶᠡᠯᠡᠭᠦᠯᠵᠦ᠍᠂ ᠥᠪᠡᠷ ᠤ᠋ᠨ ᠪᠣᠳᠠᠲᠤ ᠠᠵᠢᠯᠯᠠᠭ᠎ᠠ᠎ᠪᠠᠷ᠎ᠢᠶᠠᠨ ᠯᠸᠢ ᠹᠸᠩ ᠤ᠋ᠨ ᠵᠣᠷᠢᠭ ᠰᠠᠨᠠᠭ᠎ᠠ ᠵᠢ ᠦᠢᠯᠡᠳᠦᠯᠭᠡᠵᠢᠭᠦᠯᠵᠤ ᠢᠷᠠᠵᠠᠢ᠃

《ᠮᠠᠨ ᠤ᠋ ᠰᠠᠯᠠᠭᠠᠨ ᠳ᠋ᠦ ᠬᠦᠨᠳᠦ ᠡᠪᠡᠳᠴᠢᠨ᠎ᠲᠡᠶ ᠬᠡᠦᠬᠡᠳ ᠲᠣᠬᠢᠶᠠᠯᠳᠤᠬᠤ ᠪᠦᠷᠢ ᠲᠡᠷᠡ ᠡᠳᠦᠷ ᠲᠡᠭᠡᠨ ᠡᠪᠡᠳᠴᠢᠲᠡᠨ ᠤ᠋ ᠲᠠᠰᠤᠭ ᠲᠠᠢᠰᠢ ᠬᠡᠲᠦ ᠤᠳᠠᠭ᠎ᠠ ᠭᠦᠶᠦᠵᠦ᠍᠂ ᠡᠪᠡᠳᠴᠢᠨ ᠤ᠋ ᠪᠠᠢᠳᠠᠯ ᠎ᠢ᠋ ᠨᠠᠷᠢᠨ ᠨᠢᠮᠪᠠᠢ ᠪᠠᠢᠴᠠᠭᠠᠨ ᠠᠵᠢᠬᠯᠠᠬᠤ ᠪᠡᠷ ᠪᠠᠷᠠᠬᠤ ᠥᠬᠡᠶ᠂ ᠰᠥᠨᠢ ᠪᠠᠰᠠ ᠵᠢᠵᠢᠭᠦᠷᠯᠡᠭ᠌ᠴᠢ ᠡᠮᠴᠢ᠎ᠳᠡᠭᠡᠨ ᠤᠲᠠᠰᠤᠳᠠᠵᠤ᠂ ᠡᠪᠡᠳᠴᠢᠨ᠎ᠤ ᠪᠠᠢᠳᠠᠯ ᠢ᠋ ᠨᠢ ᠯᠠᠪᠯᠠᠨ ᠠᠰᠠᠭᠤᠳᠠᠭ᠃ ᠵᠢᠯ ᠪᠦᠷᠢ᠎ᠵᠢᠨ ᠪᠠᠶᠠᠷ ᠳᠤᠷᠠᠰᠭᠠᠯ ᠤ᠋ᠨ ᠡᠳᠦᠷ ᠲᠦ᠍ ᠭᠡᠰᠡᠨ ᠭᠤᠤ ᠱᠢᠶᠤᠤ ᠬᠤᠢ ᠡᠮᠴᠢ ᠲᠤᠩ ᠴᠥᠭᠡᠨ ᠠᠮᠠᠷᠠᠳᠠᠭ᠂ ᠲᠠᠷᠠᠴᠢᠯᠠᠨ ᠭᠠᠷ ᠤᠲᠠᠰᠤ ᠪᠠᠨ ᠶᠡᠷᠦ᠍᠎ᠡᠴᠡ ᠬᠠᠭᠠᠳᠠᠭ ᠦᠭᠡᠢ᠂ ᠴᠠᠭ ᠢᠮᠠᠬᠳᠠ ᠬᠠᠮᠲᠤᠷᠠᠨ ᠣᠨᠣᠱᠢᠯᠠᠬᠤ ᠪᠠᠴᠢᠮ ᠠᠪᠤᠷᠠᠯᠳᠠ ᠵᠢᠨ ᠪᠡᠯᠡᠳᠭᠡᠯ ᠲᠠᠢ ᠪᠠᠢᠳᠠᠭ》 ᠭᠡᠵᠤ ᠭᠤᠤ ᠱᠢᠶᠤᠤ ᠬᠤᠢ᠎ᠲᠠᠶ 7 ᠵᠢᠯ ᠭᠠᠷᠤᠢ ᠬᠠᠮᠲᠤ ᠠᠵᠢᠯᠯᠠᠭ᠍ᠰᠠᠨ ᠸᠠᠩ ᠾᠧ ᠡᠮᠴᠢ ᠭᠡᠯᠡᠨ᠎ᠠ᠃

ᠬᠦᠴᠦ ᠬᠦᠯᠦᠰᠦ ᠭᠠᠷᠭᠠᠬᠰᠠᠳ ᠯᠠᠪᠳᠠᠢ ᠬᠤᠷᠢᠶᠠᠯᠳᠠ ᠤᠯᠤᠯᠳᠠ ᠲᠠᠢ ᠪᠠᠢᠳᠠᠭ᠃ ᠠᠷᠪᠠᠭᠠᠳ ᠵᠢᠯ ᠤ᠋ᠨ ᠲᠤᠷᠰᠢ᠂ ᠭᠤᠤ ᠱᠢᠶᠤᠤ ᠬᠣᠶ ᠮᠠᠰᠢ ᠤᠯᠠᠨ ᠡᠪᠡᠳᠴᠢᠲᠡᠨ ᠢ᠋ ᠠᠪᠤᠷᠠᠨ ᠵᠠᠰᠠᠵᠤ᠂ ᠬᠡᠷ ᠤ᠋ᠨ ᠠᠬᠠᠮᠠᠳ ᠤ᠋ᠨ ᠢᠲᠡᠭᠡᠯ ᠢ᠋ ᠤᠯᠤᠬᠰᠡᠨ ᠡᠴᠨ ᠬᠡᠦᠬᠡᠳ ᠤ᠋ᠨ ᠰᠠᠯᠠᠭᠠᠨ ᠤ᠋ ᠬᠠᠶᠠᠭ᠎ᠠ ᠳᠦᠭᠦᠷᠡᠩ ᠡᠯᠭᠦᠭᠡᠰᠦᠳᠡᠢ ᠬᠡᠷ ᠤ᠋ᠨ ᠠᠬᠠᠮᠠᠳ ᠤ᠋ᠨ ᠬᠦᠷᠭᠡᠭ᠌ᠰᠡᠨ ᠬᠡᠮᠡᠷᠯᠢᠭ ᠲᠣᠭ ᠨᠢ ᠬᠠᠮᠤᠭ ᠤ᠋ᠨ ᠰᠠᠢᠨ ᠭᠡᠷᠡᠴᠢ ᠪᠣᠯᠤᠨ᠎ᠠ᠃

《ᠪᠤᠰᠤᠳ᠎ᠲᠤ ᠦᠢᠯᠡᠴᠢᠯᠡᠵᠦ᠍᠂ ᠥᠪᠡᠷ ᠢ᠋ ᠪᠠᠨ ᠪᠠᠶᠠᠰᠭᠠᠨ᠎ᠠ 》 ᠭᠡᠳᠡᠭ ᠪᠣᠯ ᠭᠤᠤ ᠱᠢᠶᠣᠤ ᠬᠤᠢ ᠵᠢᠨ ᠦᠷᠭᠦᠯᠵᠢ ᠬᠡᠯᠡᠳᠡᠭ ᠦᠭᠡ᠃ ᠲᠡᠭᠦᠨ ᠤ᠋ ᠦᠵᠡᠬᠦ᠌᠎ᠪᠡᠷ᠂ ᠦᠬᠦᠯ᠎ᠡᠴᠡ ᠠᠪᠤᠷᠠᠨ ᠱᠢᠷᠬᠠᠲᠤᠭ᠍ᠰᠠᠳ ᠢ᠋ ᠲᠡᠩᠬᠡᠷᠡᠭᠦᠯᠬᠦ᠌ ᠪᠣᠯ ᠡᠮᠴᠢ ᠬᠦᠮᠤᠨ᠎ᠤ ᠲᠤᠬᠠᠢᠯᠠᠭ᠍ᠰᠠᠨ ᠠᠵᠢᠯ ᠮᠥᠨ᠂ ᠠᠵᠢᠯ ᠤ᠋ᠨ ᠪᠠᠢᠷᠢ ᠳᠡᠭᠡᠷ᠎ᠡ᠎ᠪᠡᠨ ᠯᠧᠢ ᠹᠧᠩ ᠵᠢᠡᠷ ᠳᠠᠭᠤᠷᠢᠶᠠᠯ ᠪᠣᠯᠭᠠᠵᠤ᠂ ᠯᠧᠢ ᠹᠧᠩ ᠤ᠋ᠨ ᠵᠣᠷᠢᠭ ᠰᠠᠨᠠᠭ᠎ᠠ ᠵᠢ ᠦᠢᠯᠡᠳᠦᠯᠭᠡᠵᠢᠭᠦᠯᠬᠦ᠌ ᠪᠣᠯ ᠡᠮᠨᠡᠯᠭᠡ ᠵᠢᠨ ᠠᠵᠢᠯᠲᠠᠨ ᠨᠢᠭᠡ ᠪᠦᠷᠢ ᠵᠢᠨ ᠬᠠᠮᠲᠤ ᠵᠢᠨ ᠤᠭ ᠰᠠᠨᠠᠭ᠎ᠠ ᠮᠥᠨ᠃ ᠣᠢᠷ᠎ᠠ ᠵᠢᠨ 10 ᠵᠢᠯ ᠤ᠋ᠨ ᠲᠤᠷᠰᠢ᠂ ᠲᠡᠷᠡ ᠯᠧᠶ ᠹᠧᠩ ᠤ᠋ᠨ ᠵᠣᠷᠢᠭ ᠰᠠᠨᠠᠭ᠎ᠠ ᠵᠢ ᠢᠳᠡᠪᠬᠢᠲᠡᠶ ᠦᠶ᠋ᠯᠡᠳᠦᠯᠭᠡᠵᠢᠭᠦᠯᠵᠦ᠍᠂ ᠰᠤᠷᠭᠠᠭᠤᠯᠢ᠂ ᠡᠪᠡᠳᠴᠢᠲᠡᠨ ᠤ᠋ ᠥᠷᠥᠭᠡ᠂ ᠨᠡᠢᠭᠡᠮ ᠲᠣᠭᠣᠷᠢᠭ ᠪᠣᠯᠤᠨ ᠨᠠᠰᠤᠲᠠᠢᠴᠤᠳ᠎ᠤᠨ ᠠᠰᠠᠷᠠᠮᠵᠢ᠎ᠵᠢᠨ ᠬᠦᠷᠢᠶᠡᠯᠡᠩ᠎ᠳᠦ ᠬᠦᠷᠴᠦ᠍᠂ ᠯᠧᠶ ᠹᠧᠩ᠎ᠡᠴᠡ ᠰᠤᠷᠤᠯᠴᠠᠬᠤ ᠰᠠᠢᠨ ᠳᠤᠷ᠎ᠠ᠎ᠵᠢᠨ ᠦᠢᠯᠡᠴᠢᠯᠡᠭᠡᠨ᠎ᠤ ᠠᠵᠢᠯᠯᠠᠭ᠎ᠠ ᠥᠷᠨᠢᠭᠦᠯᠳᠡᠭ᠃

  • ᠨᠠᠢᠷᠠᠭᠤᠯᠤᠭ᠍ᠴᠢ᠄

  • ᠨᠡᠪᠲᠡᠷᠡᠭᠦᠯᠦᠭᠴᠢ᠄

  • ᠮᠡᠷᠭᠡᠵᠢᠯ᠄

ᠨᠠᠢᠷᠠᠭᠤᠯᠤᠭ᠍ᠴᠢ᠄ ᠣᠷᠬᠢᠯ

ᠣᠷᠴᠢᠭᠤᠯᠤᠭ᠍ᠴᠢ᠄

ᠢᠷᠡᠯᠲᠡ᠄ ᠳᠤᠮᠳᠠᠳᠤ ᠤᠯᠤᠰ᠎ᠤ᠋ᠨ ᠮᠣᠩᠭᠣᠯ ᠬᠡᠯᠡᠨ᠎ᠦ᠌ ᠰᠣᠨᠢᠨ ᠮᠡᠳᠡᠭᠡ᠎ᠶ᠋ᠢᠨ ᠰᠦᠯᠵᠢᠶ᠎ᠡ
兼容浏览器的HTML页面