ᠭᠣᠣᠯ ᠰᠡᠳᠦᠪᠲᠦ ᠮᠡᠳᠡᠭᠡᠯᠡᠯ > ᠮᠠᠨ᠎ᠤ᠋ ᠳᠡᠷᠭᠡᠳᠡᠬᠢ ᠯᠸᠢ ᠹᠸᠩ

2022-03-20 20:17:16

ᠵᠣᠬᠢᠶᠠᠭ᠍ᠴᠢ᠄ ​ᠪᠤᠤ ᠢᠤᠢ ᠶᠢᠩ ᠣᠩᠱᠢᠭ᠍ᠰᠠᠨ ᠣᠳᠠᠭ᠎ᠠ᠄ 3

— ᠪᠦᠬᠦ᠌ ᠤᠯᠤᠰ᠎ᠤᠨ ᠠᠵᠢᠯ᠎ᠤᠨ ᠪᠠᠢᠷᠢ᠎ᠲᠡᠭᠡᠷ᠎ᠠ ᠪᠠᠨ ᠯᠧᠢ ᠹᠧᠩ᠎ᠡᠴᠡ ᠰᠤᠷᠤᠯᠴᠠᠭ᠍ᠰᠠᠨ ᠪᠢᠶᠤᠤᠪᠢᠩ ᠶᠠᠩ ᠯᠢᠩ᠎ᠢ ᠲᠡᠮᠳᠡᠭ᠌ᠯᠡᠪᠠ

ᠬᠠᠮᠢᠭ᠎ᠠ ᠬᠡᠷᠡᠭ᠌ᠴᠡᠭᠡ᠎ᠲᠡᠶ ᠪᠣᠯ ᠶᠠᠩ ᠯᠢᠩ᠎ᠦᠨ ᠲᠡᠷᠭᠡᠨ ᠠᠩᠭᠢ ᠲᠡᠨᠳᠡ ᠬᠠᠷᠠᠭ᠍ᠳᠠᠨ᠎ᠠ᠂ ᠡᠨᠡ ᠨᠢ ᠶᠠᠩ ᠯᠢᠩ᠎ᠦᠨ ᠯᠸᠢ ᠹᠸᠩ᠎ᠤᠨ ᠵᠣᠷᠢᠭ ᠰᠠᠨᠠᠭ᠎ᠠ᠎ᠶ᠋ᠢ ᠦᠢᠯᠡᠳᠦᠯᠭᠡᠵᠢᠭᠦᠯᠬᠦ᠌ ᠵᠠᠮ ᠳᠡᠭᠡᠷᠡᠬᠢ 《ᠪᠠᠭᠠᠰᠬᠠᠯ ᠵᠢᠷᠤᠭ》 ᠪᠢᠯᠡ᠃

ᠶᠠᠩ ᠯᠢᠩ 1969 ᠣᠨ᠎ᠳᠤ ᠬᠦᠬᠡᠬᠤᠲᠠ ᠳ᠋ᠤ ᠲᠦᠷᠦᠵᠡᠢ᠃ ᠲᠠᠷᠨ ᠪᠤᠯ ᠥᠪᠥᠷ ᠮᠣᠩᠭᠣᠯ᠎ᠤᠨ ᠱᠢᠨ ᠬᠠᠢ ᠮᠢᠩ ᠶᠤᠸᠠᠢ ᠲᠡᠭᠡᠭᠡᠪᠦᠷᠢ᠎ᠶ᠋ᠢᠨ ᠬᠢᠵᠠᠭᠠᠷᠲᠤ ᠺᠣᠮᠫᠠᠨᠢ᠎ᠶ᠋ᠢᠨ ᠶᠡᠷᠦᠩᠬᠡᠢ ᠳᠠᠭᠠᠭᠠᠮᠠᠯ᠂ 2019 ᠣᠨ᠎ᠤ ᠲᠠᠪᠤᠳᠤᠭᠠᠷ ᠪᠦᠯᠦᠭ᠎ᠦᠨ ᠪᠥᠬᠥ᠌ ᠤᠯᠤᠰ᠎ᠤᠨ ᠠᠵᠢᠯ᠎ᠤᠨ ᠪᠠᠢᠷᠢ ᠲᠡᠭᠡᠷ᠎ᠠ ᠪᠠᠨ ᠯᠸᠢ ᠹᠸᠩ᠎ᠠᠴᠠ ᠰᠤᠷᠤᠯᠴᠠᠭ᠍ᠰᠠᠨ ᠪᠢᠶᠤᠤᠪᠢᠩ ᠪᠤᠯᠤᠨ᠎ᠠ᠃ ᠠᠵᠤ ᠠᠬᠤᠢᠯᠠᠯᠲᠠᠨ ᠪᠣᠯᠤᠭ᠍ᠰᠠᠨ᠎ᠤ ᠬᠤᠪᠢ᠎ᠳᠤ᠂ ᠲᠠᠷᠨ ᠯᠧᠶ ᠹᠧᠩ᠎ᠦᠨ ᠵᠣᠷᠢᠭ ᠰᠠᠨᠠᠭ᠎ᠠ᠎ᠶ᠋ᠢ ᠦᠶ᠋ᠯᠡᠳᠦᠯᠭᠡᠵᠢᠭᠦᠯᠬᠦ᠌ ᠪᠠᠷ ᠦᠷᠬᠦᠯᠵᠢᠯᠠᠨ ᠴᠢᠷᠮᠠᠢᠭᠰᠠᠭᠠᠷ ᠢᠷᠡᠪᠡ᠃

2008 ᠣᠨ᠎ᠤ ᠸᠸᠨᠴᠤᠸᠠᠨ᠎ᠤ ᠭᠠᠵᠠᠷ ᠬᠥᠳᠡᠯᠦᠯᠲᠡ᠎ᠳᠦ᠂ ᠶᠠᠩ ᠯᠢᠩ 20 ᠭᠠᠷᠤᠶ ᠲᠦᠮᠡᠨ ᠲᠥᠭᠥᠷᠢᠭ᠎ᠦᠨ ᠡᠳ᠋ ᠪᠣᠳᠠᠰ ᠬᠠᠨᠳᠢᠪᠯᠠᠪᠠ᠃ ᠲᠤᠬᠠᠢ᠎ᠶ᠋ᠢᠨ ᠦᠶ᠎ᠡ᠎ᠳᠦ ᠵᠠᠰᠠᠮᠠᠯ ᠵᠠᠮ ᠬᠦᠨᠳᠦ ᠨᠣᠴᠢᠲᠠᠢ ᠡᠪᠳᠡᠭ᠌ᠳᠡᠠ ᠮᠠᠱᠢᠨ ᠲᠡᠷᠭᠡ ᠵᠠᠰᠠᠮᠠᠯ ᠵᠠᠮ ᠳᠡᠭᠡᠷ᠎ᠡ ᠬᠠᠱᠢᠭ᠍ᠳᠠᠵᠤ᠂ ᠭᠠᠮᠱᠢᠭ᠍ᠳᠠᠭ᠍ᠰᠠᠨ ᠣᠷᠣᠨ᠎ᠳᠤ ᠣᠷᠣᠵᠦ ᠲᠡᠢᠯᠬᠦ ᠦᠬᠡᠢ ᠪᠣᠯᠤᠭ᠍ᠰᠠᠨ ᠦᠶ᠎ᠠ᠎ᠳᠤ᠂ ᠶᠠᠩ ᠯᠢᠩ ᠠᠵᠢᠯ᠎ᠤᠨ ᠳᠤᠭᠤᠢᠯᠠᠩ ᠵᠤᠬᠢᠶᠠᠨ ᠪᠠᠢᠭᠤᠯᠵᠤ ᠢᠳᠡᠭᠡᠨ ᠤᠮᠲᠠᠭᠠᠨ᠎ᠢ ᠲᠦᠷᠭᠡᠨ᠎ᠦ ᠵᠠᠮ ᠳᠡᠭᠡᠷ᠎ᠡ ᠬᠠᠱᠢᠭ᠍ᠳᠠᠭ᠍ᠰᠠᠨ ᠵᠢᠯᠣᠭᠣᠴᠢ ᠨᠠᠷ᠎ᠲᠦ ᠬᠦᠷᠭᠡᠵᠡᠢ᠃

2010 ᠣᠨ᠎ᠤ ᠢᠦᠶ ᠱᠸ᠋᠎ᠶ᠋ᠢᠨ ᠭᠠᠵᠠᠷ ᠬᠥᠳᠡᠯᠦᠯᠲᠡ᠎ᠳᠦ ᠶᠠᠩ ᠯᠢᠩ ᠥᠪᠡᠷ᠎ᠦᠨ ᠮᠠᠱᠢᠨ ᠲᠡᠷᠬᠡ ᠪᠡᠷ᠎ᠢᠶᠠᠨ ᠭᠠᠮᠱᠢᠭ᠍ᠳᠠᠭ᠍ᠰᠠᠨ ᠣᠷᠣᠨ᠎ᠳᠤ 20 ᠭᠠᠷᠤᠶ ᠲᠦᠮᠡᠨ ᠲᠥᠭᠥᠷᠢᠭ ᠎ᠦᠨ ᠦᠷᠳᠡᠭ ᠪᠦᠬᠦᠢ ᠡᠳ᠋ ᠪᠣᠳᠠᠰ ᠬᠦᠷᠭᠡᠵᠡᠶ᠃

2020 ᠣᠨ᠎ᠤ 2 ᠰᠠᠷ᠎ᠠ᠎ᠳᠤ᠂ ᠦᠬᠠᠨ᠎ᠤ ᠬᠢᠵᠢᠭ᠎ᠦᠨ ᠪᠠᠢᠳᠠᠯ᠎ᠪᠠᠴᠢᠮ ᠲᠦᠭᠰᠢᠭᠦᠷᠢᠳᠡᠢ ᠪᠠᠢᠭ᠎ᠠ ᠦᠶ᠎ᠡ ᠎ᠳᠤ᠂ ᠶᠠᠩ ᠯᠢᠩ ᠤᠷᠢᠳ ᠬᠣᠵᠢᠳ 6 ᠤᠳᠠᠭ᠎ᠠ ᠺᠣᠮᠫᠠᠨᠢ ᠵᠢᠨ ᠠᠵᠢᠯᠴᠢᠳ ᠵᠢᠡᠨ ᠵᠣᠬᠢᠶᠠᠨ ᠪᠠᠢᠭᠤᠯᠵᠤ 12 ᠲᠦᠮᠡᠨ ᠲᠥᠭᠥᠷᠢᠭ᠎ᠦᠨ ᠥᠷᠲᠡᠭ ᠪᠥᠬᠥᠶ ᠦᠨᠢᠶᠡᠨ ᠰᠦ ᠪᠠ ᠴᠠᠭᠠᠨ ᠢᠳᠡᠭᠡᠨ᠎ᠢ ᠦᠬᠠᠨ᠎ᠤ ᠰᠶ᠋ᠸ᠋ ᠾᠧ ᠡᠮᠨᠡᠯᠭᠡ᠎ᠶ᠋ᠢᠨ ᠬᠣᠷᠢᠶ᠎ᠠ᠎ᠳᠤ ᠬᠦᠷᠭᠡᠪᠡ᠃

2021 ᠣᠨ᠎ᠤ 7 ᠰᠠᠷ᠎ᠠ᠎ᠳᠤ᠂ ᠾᠧᠨᠠᠨ᠎ᠤ ᠶᠡᠬᠡ ᠪᠣᠷᠣᠭᠠᠨ᠎ᠤ ᠭᠠᠮᠱᠢᠭ᠎ᠤᠨ ᠪᠠᠢᠳᠠᠯ ᠪᠦᠬᠦ᠌ ᠤᠯᠤᠰ᠎ᠤᠨ ᠠᠷᠠᠳ ᠲᠦᠮᠡᠨ᠎ᠦ ᠠᠩᠬᠠᠷᠤᠯ᠎ᠢ ᠲᠠᠲᠠᠵᠤ᠂ ᠶᠠᠩ ᠯᠢᠩ ᠬᠠᠢᠷ᠎ᠠ ᠬᠠᠯᠠᠮᠵᠢ᠎ᠶ᠋ᠢᠨ ᠪᠣᠳᠠᠰ ᠠᠴᠢᠭ᠍ᠰᠠᠨ ᠮᠠᠱᠢᠨ ᠲᠡᠷᠭᠡᠨ᠎ᠦ ᠠᠩᠭᠢ᠎ᠪᠠᠨ ᠳᠠᠭᠠᠭᠤᠯᠤᠨ ᠬᠥᠬᠡᠬᠣᠲᠠ᠎ᠠᠴᠠ ᠳᠠᠬᠢᠨᠲᠠ ᠮᠣᠷᠳᠠᠪᠠ᠃

᠁

ᠲᠦᠷᠦᠬᠦᠬᠡᠨ᠂ ᠬᠥᠬᠡᠬᠣᠲᠠ ᠪᠥᠭᠡᠮ ᠬᠦᠴᠢᠯ᠎ᠦᠨ ᠪᠠᠢᠴᠠᠭᠠᠯᠳᠠ ᠵᠢᠨ ᠠᠵᠢᠯ ᠢ᠋ ᠶᠡᠬᠡ ᠬᠡᠪᠴᠢᠶ᠎ᠡ᠎ᠪᠡᠷ ᠥᠷᠨᠢᠬᠦᠯᠬᠦ ᠳ᠋ᠤ᠂ ᠶᠠᠩ ᠯᠢᠩ ᠴᠸ᠋ ᠳᠠᠬᠢᠨᠳᠠ ᠶᠠᠭᠠᠷᠠᠪᠠ᠃

2 ᠰᠠᠷ᠎ᠠ᠎ᠶ᠋ᠢᠨ 21 ᠤ᠋ ᠦᠳᠡ᠎ᠶ᠋ᠢᠨ ᠡᠮᠦᠨ᠎ᠡ᠂ ᠲᠡᠷᠡ ᠰᠠᠢᠬᠠᠨ ᠲᠣᠭᠣᠷᠢᠭ᠎ᠤᠨ ᠪᠥᠭᠡᠮ ᠬᠦᠴᠢᠯ᠎ᠦᠨ ᠪᠠᠢᠴᠠᠭᠠᠯᠲᠠ᠎ᠶ᠋ᠢᠨ ᠨᠢᠭᠡᠳᠦᠭᠡᠷ ᠹᠷᠣᠨᠲ᠎ᠤᠨ ᠡᠮᠴᠢᠯᠡᠭᠡᠨ᠎ᠦ ᠠᠵᠢᠯᠲᠠᠨ᠂ ᠨᠡᠢᠭᠡᠮ ᠲᠣᠭᠣᠷᠢᠭ᠎ᠤᠨ ᠠᠵᠢᠯᠲᠠᠨ᠂ ᠳᠠᠭᠠᠭᠠᠴᠢᠯᠠᠨ ᠬᠠᠷᠢᠯᠴᠠᠬᠤ ᠺᠠᠳ᠋ᠷ ᠵᠢᠴᠢ ᠰᠠᠢᠨ ᠲᠤᠷᠠᠴᠤᠳ ᠲᠤ᠌ 2300 ᠬᠠᠢᠷᠴᠠᠭ ᠦᠨᠢᠶᠡᠨ ᠰᠦ ᠬᠦᠷᠭᠡᠵᠦ᠍᠂ ᠡᠯ᠎ᠡ ᠪᠠᠯᠭᠠᠰᠤ᠂ ᠵᠡᠭᠡᠯᠢ ᠭᠤᠳᠤᠮᠵᠢ᠎ᠠᠴᠠ ᠪᠥᠬᠥ᠌ ᠣᠷᠣᠨ᠎ᠤ ᠡᠯ᠎ᠡ ᠪᠥᠭᠡᠮ ᠬᠦᠴᠢᠯ᠎ᠦᠨ ᠪᠠᠢᠴᠠᠭᠠᠯᠲᠠ᠎ᠶ᠋ᠢᠨ ᠴᠡᠭ᠎ᠲᠦ ᠲᠠᠷᠬᠠᠭᠠᠨ ᠥᠭ᠌ᠴᠦ᠂ ᠣᠷᠣᠨ᠎ᠤ ᠲᠥᠪ᠎ᠦᠨ ᠬᠢᠵᠢᠭ᠎ᠦᠨ ᠪᠠᠢᠳᠠᠯ᠎ᠢ ᠰᠡᠷᠭᠡᠢᠯᠡᠨ ᠡᠵᠡᠮᠳᠡᠬᠦ᠌᠎ᠳᠦ ᠬᠦᠴᠦᠨ ᠨᠡᠮᠡᠷᠢᠯᠡᠪᠡ᠃

3 ᠰᠠᠷ᠎ᠠ᠎ᠶ᠋ᠢᠨ 5 ᠤ᠋ ᠡᠳᠦᠷ᠂ ᠲᠡᠷᠡ ᠪᠠᠰᠠ ᠷᠦ ᠵᠢᠶᠠ ᠵᠣᠴᠢᠳ᠎ᠤᠨ ᠪᠠᠭᠤᠳᠠᠯ᠎ᠤᠨ ᠪᠡᠶ᠎ᠡ᠎ᠶ᠋ᠢᠨ ᠲᠠᠮᠢᠷ᠎ᠤᠨ ᠲᠠᠯᠠᠪᠤᠷ᠎ᠲᠤ ᠰᠠᠭᠤᠵᠤ ᠪᠠᠢᠭ᠎ᠠ ᠡᠮᠴᠢᠯᠡᠭᠡᠨ᠎ᠦ ᠠᠩᠭᠢ᠎ᠶ᠋ᠢᠨ ᠭᠡᠱᠢᠭᠦᠳ ᠎ᠲᠦ 100 ᠭᠠᠷᠤᠶ ᠬᠠᠢᠷᠴᠠᠭ ᠱᠢᠨ᠎ᠡ ᠰᠣᠷᠭᠣᠭ ᠨᠤᠲᠤᠭ᠎ᠤᠨ ᠭᠦᠵᠡᠯᠵᠡᠭᠡᠨ᠎ᠡ ᠬᠦᠷᠭᠡᠵᠠᠢ᠃《ᠡᠮᠴᠢᠯᠡᠭᠡᠨ᠎ᠦ ᠠᠵᠢᠯᠲᠠᠳ ᠴᠥᠮ ᠪᠢᠳᠡᠨ᠎ᠢ ᠬᠠᠪᠰᠤᠷᠬᠤ᠎ᠪᠠᠷ ᠢᠷᠡᠭ᠌ᠰᠡᠨ ᠶᠤᠮ᠂ ᠲᠡᠳᠡᠨ᠎ᠳᠦ ᠬᠠᠮᠤᠭ᠎ᠤᠨ ᠱᠢᠨ᠎ᠡ ᠰᠣᠷᠭᠣᠭ ᠭᠦᠵᠡᠯᠵᠡᠭᠡᠨ᠎ᠡ ᠬᠦᠷᠭᠡᠵᠦ᠍᠂ ᠴᠢᠩ ᠰᠡᠳᠭᠢᠯ᠎ᠦᠨ ᠲᠠᠯᠠᠷᠬᠠᠯ᠎ᠢᠶᠠᠨ ᠳᠡᠪᠱᠢᠭᠦᠯᠵᠦ᠍ ᠪᠠᠢᠨ᠎ᠠ》 ᠬᠡᠵᠤ ᠶᠠᠩ ᠯᠢᠩ ᠶᠠᠷᠢᠨ᠎ᠠ᠃

《ᠮᠠᠨ᠎ᠤ ᠬᠢᠴᠢᠶᠡᠯ᠎ᠦᠨ ᠭᠡᠷ᠎ᠢ ᠶᠠᠩ ᠯᠢᠩ ᠠᠪᠠᠭ᠎ᠠ ᠬᠠᠪᠰᠤᠷᠤᠨ ᠵᠠᠰᠠᠵᠤ ᠥᠭ᠌ᠴᠡᠢ᠂ ᠲᠠᠬᠦᠨ ᠤ᠋ ᠡᠢᠮᠦ᠍ ᠰᠠᠢ᠌ᠨ ᠰᠤᠷᠤᠯᠴᠠᠬᠤ ᠣᠷᠴᠢᠨ ᠨᠦᠬᠦᠴᠠᠯ ᠬᠠᠩᠭᠠᠵᠤ ᠥᠭ᠌ᠭᠦᠭ᠌ᠰᠡᠨ᠎ᠳᠦ ᠪᠢᠲᠠ ᠮᠠᠰᠢ ᠲᠠᠯᠠᠷᠬᠠᠵᠤ ᠪᠠᠢᠨ᠎ᠠ》 ᠭᠡᠵᠦ᠍ ᠬᠥᠳᠡᠭᠡ ᠲᠣᠰᠭᠣᠨ᠎ᠤ ᠪᠠᠭᠠᠴᠤᠳ᠎ᠤᠨ ᠣᠷᠳᠣᠨ᠎ᠳᠤ ᠡᠷᠲᠡᠨ᠎ᠦ ᠶᠠᠲᠤᠭ᠎ᠠ ᠰᠣᠷᠴᠦ ᠪᠠᠢᠭ᠎ᠠ ᠪᠢᠴᠢᠬᠠᠨ ᠨᠠᠢᠵᠠ ᠨᠠᠷ ᠬᠡᠯᠠᠨ᠎ᠠ᠃《ᠨᠠᠮ᠎ᠠ ᠎ᠶᠢ ᠪᠠᠭ᠎ᠠ ᠪᠠᠢᠬᠤ ᠳ᠋ᠤ ᠭᠡᠷ ᠪᠦᠯᠢ᠎ᠶ᠋ᠢᠨ ᠨᠥᠬᠥᠴᠡᠯ ᠠᠨᠠᠢ ᠡᠴᠠ ᠪᠤᠯᠵᠤ᠂ ᠪᠢᠴᠢᠭ ᠎ᠤᠨ ᠮᠦᠷ ᠬᠦᠬᠡᠬᠡᠵᠤ ᠴᠢᠲᠠᠭᠰᠠᠨ ᠦᠬᠡᠢ ᠨᠢ ᠬᠠᠷᠠᠮᠰᠠᠯᠲᠠᠢ ᠶᠤᠮ᠃ ᠰᠤᠷᠭᠠᠨ ᠬᠥᠮᠦᠵᠢᠯ ᠪᠣᠯ ᠤᠯᠤᠰ ᠣᠷᠣᠨ᠎ᠤ ᠬᠦᠰᠡᠯ ᠡᠷᠡᠮᠡᠯᠵᠠᠯ᠂ ᠬᠡᠦᠬᠡᠳ ᠪᠣᠯ ᠡᠬᠡ ᠣᠷᠣᠨ᠎ᠤ ᠢᠷᠡᠭᠡᠳᠦᠢ ᠮᠥᠨ᠃ ᠪᠢ ᠬᠣᠲᠠ ᠬᠥᠳᠡᠭᠡ᠎ᠶ᠋ᠢᠨ ᠠᠭᠤᠯᠵᠠᠷ ᠬᠡᠰᠡᠭ᠎ᠦᠨ ᠵᠠᠷᠢᠮ ᠰᠤᠷᠭᠠᠭᠤᠯᠢ᠎ᠳᠤ ᠰᠤᠷᠤᠯᠴᠠᠵᠤ ᠪᠠᠢᠭ᠎ᠠ ᠬᠡᠦᠬᠡᠳ᠎ᠦᠳ ᠡᠳᠦᠷ ᠲᠤᠲᠤᠮ᠎ᠤᠨ ᠬᠢᠴᠢᠶᠡᠯ᠎ᠦᠨ ᠪᠢᠴᠢᠭ᠎ᠦᠨ ᠮᠡᠳᠡᠯᠭᠡ ᠰᠤᠷᠬᠤ᠎ᠠᠴᠠ ᠭᠠᠳᠠᠨ᠎ᠠ᠂ ᠥᠭᠡᠷ᠎ᠡ ᠬᠢᠴᠢᠶᠡᠯ᠎ᠦᠨ ᠭᠠᠳᠠᠨᠠᠬᠢ ᠬᠥᠳᠡᠯᠭᠡᠭᠡᠨ ᠦᠭᠡᠢ ᠪᠠᠢᠬᠤ ᠎ᠶ᠋ᠢ ᠣᠯᠵᠤ ᠦᠵᠡᠭᠡᠳ᠂ ᠡᠲᠠᠬᠡᠷ ᠬᠡᠦᠬᠡᠳ᠎ᠦᠨ ᠲᠥᠯᠥᠭᠡ ᠬᠥᠳᠡᠭᠡ ᠲᠣᠰᠭᠣᠨ᠎ᠤ ᠪᠠᠭᠠᠴᠤᠳ᠎ᠤᠨ ᠣᠷᠳᠣᠨ ᠪᠠᠢᠭᠤᠯᠤᠬᠰᠠᠨ ᠶᠤᠮ》 ᠭᠡᠵᠦ᠍ ᠶᠠᠩ ᠯᠢᠩ ᠦᠪᠠᠷ᠎ᠤᠨ ᠪᠤᠲᠤᠯ᠎ᠢᠶᠡᠨ ᠳᠡᠯᠭᠡᠨ᠎ᠡ᠃

2015 ᠣᠨ᠎ᠳᠤ᠂ ᠶᠠᠩ ᠯᠢᠩ ᠲᠤᠬᠠᠢ᠎ᠶ᠋ᠢᠨ ᠭᠠᠵᠠᠷ᠎ᠤᠨ ᠵᠠᠰᠠᠭ᠎ᠤᠨ ᠣᠷᠳᠣᠨ ᠪᠣᠯᠤᠨ ᠨᠡᠢᠭᠡᠮ᠎ᠦᠨ ᠡᠯ᠎ᠡ ᠡᠲᠡᠭᠡᠳ᠎ᠦᠨ ᠳᠡᠮᠵᠢᠯᠭᠡ ᠳᠣᠣᠷ᠎ᠠ᠂ 100 ᠲᠦᠮᠡᠨ ᠲᠥᠭᠥᠷᠢᠭ ᠭᠠᠷᠭᠠᠵᠤ ᠬᠥᠬᠡᠬᠣᠲᠠ᠎ᠶ᠋ᠢᠨ ᠬᠣᠷᠢᠨ ᠬᠣᠶᠠᠳᠤᠭᠠᠷ ᠳᠤᠮᠳᠠᠳᠤ ᠰᠤᠷᠭᠠᠭᠤᠯᠢ᠎ᠳᠤ ᠠᠩᠬᠠᠳᠠᠭ᠍ᠴᠢ ᠬᠥᠳᠡᠭᠡ ᠲᠣᠰᠭᠣᠨ᠎ᠤ ᠰᠤᠷᠭᠠᠭᠤᠯᠢ᠎ᠶ᠋ᠢᠨ ᠪᠠᠭᠠᠴᠤᠳ᠎ᠤᠨ ᠣᠷᠳᠣᠨ᠎ᠢ ᠲᠤᠰᠠᠯᠠᠨ ᠪᠠᠢᠭᠤᠯᠵᠤ᠂ ᠡᠨᠳᠡᠬᠢ ᠬᠡᠦᠬᠡᠳ᠎ᠤᠨ ᠬᠢᠴᠢᠶᠡᠯ᠎ᠦᠨ ᠭᠠᠳᠠᠨᠠᠬᠢ ᠳᠤᠷ᠎ᠠ ᠰᠣᠨᠢᠷᠬᠠᠯ᠎ᠤᠨ ᠠᠭᠤᠯᠭ᠎ᠠ ᠵᠢ ᠨᠢ ᠪᠠᠶᠠᠯᠢᠭ᠍ᠵᠢᠭᠤᠯᠵᠠᠢ᠃

2016 ᠣᠨ᠎ᠤ 6 ᠰᠠᠷ᠎ᠠ ᠪᠠ 2018 ᠣᠨ᠎ᠤ 12 ᠰᠠᠷ᠎ᠠ᠎ᠳᠤ ᠲᠤᠰ ᠲᠤᠰ ᠬᠤᠶᠠᠳᠤᠭᠠᠷ ᠭᠤᠷᠪᠠᠳᠤᠭᠠᠷ ᠬᠦᠳᠡᠭᠡ ᠲᠣᠰᠭᠣᠨ᠎ᠤ ᠰᠤᠷᠭᠠᠭᠤᠯᠢ ᠵᠢᠨ ᠪᠠᠭᠠᠴᠤᠳ᠎ᠤᠨ ᠣᠷᠳᠣᠨ᠎ᠢ ᠲᠤᠰᠠᠯᠠᠨ ᠪᠠᠢᠭᠤᠯᠪᠠ ᠁ ᠤᠲᠤᠬᠠᠨ ᠪᠤᠯᠲᠠᠯ᠎ᠠ᠂ ᠶᠠᠡᠭ ᠯᠢᠡᠭ ᠨᠢᠬᠡᠨᠲᠠ 6 ᠬᠦᠲᠠᠬᠡ ᠲᠤᠰᠬᠤᠨ᠎ᠤ ᠰᠤᠷᠭᠠᠭᠤᠯᠢ ᠵᠢᠨ ᠪᠠᠭᠠᠴᠤᠳ᠎ᠤᠨ ᠤᠷᠲᠤᠨ᠎ᠢ ᠲᠤᠰᠠᠯᠠᠨ ᠪᠠᠢᠭᠤᠯᠵᠤ᠂ ᠭᠠᠮᠱᠢᠭ᠍ᠳᠠᠭ᠍ᠰᠠᠨ ᠣᠷᠣᠨ ᠵᠢᠴᠢ ᠰᠤᠷᠭᠠᠨ ᠬᠥᠮᠦᠵᠢᠯ ᠰᠣᠶᠣᠯ᠎ᠤᠨ ᠦᠢᠯᠡᠰ᠎ᠲᠦ 650 ᠲᠦᠮᠡᠨ ᠲᠥᠭᠥᠷᠢᠭ ᠬᠠᠨᠳᠢᠪᠯᠠᠪᠠ᠃

《ᠬᠡᠦᠬᠡᠳ ᠲᠤ᠌ ᠪᠠᠭᠠᠴᠤᠳ᠎ᠤᠨ ᠣᠷᠳᠣᠨ ᠪᠠᠢᠭᠤᠯᠵᠤ ᠦᠭᠬᠦᠭᠰᠠᠨ ᠪᠠ ᠬᠦᠭᠵᠢᠮᠲᠠᠵᠤ ᠪᠠᠢᠭ᠎ᠠ ᠬᠥᠭ᠌ᠵᠢᠮ ᠨᠢ ᠴᠸ᠋ ᠮᠢᠨᠤ᠎ᠬᠤᠳᠠᠯᠳᠤᠨ ᠠᠪᠴᠤ ᠦᠭᠬᠦᠭᠰᠠᠨ᠎ᠢ ᠲᠡᠳᠡ ᠮᠠᠲᠡᠬᠡᠳ ᠵᠢᠭᠠᠬᠠᠨ ᠴᠠᠭᠠᠰᠤᠨ ᠳᠡᠭᠡᠷ᠎ᠠ〈 ᠲᠠᠯᠠᠷᠬᠠᠯ᠎ᠠ〉ᠭᠡᠵᠦ ᠪᠢᠴᠢᠭᠰᠡᠨ ᠨᠢ ᠮᠢᠨᠤ ᠰᠡᠳᠬᠢᠯ᠎ᠢ ᠶᠡᠬᠡ ᠬᠥᠳᠡᠯᠭᠡᠵᠡᠢ》 ᠬᠡᠵᠤ ᠶᠠᠩ ᠯᠢᠩ ᠬᠡᠯᠡᠨ᠎ᠠ᠃

ᠠᠵᠢᠯ᠎ᠤᠨ ᠪᠠᠢᠷᠢ ᠲᠡᠭᠡᠷ᠎ᠠ ᠪᠠᠨ ᠯᠸᠢ ᠹᠸᠩ ᠡᠴᠡ ᠰᠤᠷᠤᠯᠴᠠᠭ᠍ᠰᠠᠨ ᠪᠢᠶᠤᠤᠪᠢᠩ ᠪᠣᠯᠤᠭ᠍ᠰᠠᠨ᠎ᠤ ᠬᠤᠪᠢ᠎ᠳᠤ᠂ ᠶᠠᠩ ᠯᠢᠩ ᠯᠸᠢ ᠹᠸᠩ᠎ᠤᠨ ᠵᠣᠷᠢᠭ ᠰᠠᠨᠠᠭ᠎ᠠ᠎ᠶ᠋ᠢ ᠦᠢᠯᠡᠳᠦᠯᠭᠡᠵᠢᠭᠦᠯᠬᠦ᠌ ᠲᠤᠬᠠᠢ ᠥᠪᠡᠷ᠎ᠦᠨ ᠣᠢᠯᠠᠭᠠᠯᠲᠠ᠎ᠲᠠᠶ᠃ ᠲᠠᠷᠨ᠄《ᠬᠥᠮᠦᠨ ᠨᠢᠭᠡ ᠪᠦᠷᠢ ᠥᠪᠡᠷ᠎ᠦᠨ ᠠᠵᠢᠯ ᠶᠠᠪᠤᠲᠠᠯ᠎ᠢᠶᠡᠨ ᠰᠠᠢᠲᠤᠷ ᠬᠢᠵᠤ᠂ ᠴᠢᠲᠠᠯ᠎ᠤᠨ ᠬᠢᠷᠢ ᠪᠠᠷ ᠵᠢᠡᠨ ᠴᠢᠷᠮᠠᠢᠨ᠂ ᠨᠡᠢᠭᠡᠮ ᠨᠠᠢᠲᠠ᠎ᠳᠦ ᠲᠤᠰᠠ ᠲᠠᠢ ᠠᠵᠢᠯ ᠬᠢᠵᠤ ᠬᠠᠷᠠᠮ ᠦᠬᠡᠢ ᠦᠢᠯᠡᠴᠢᠯᠡᠨ᠎ᠠ᠂ ᠡᠨᠡ ᠪᠣᠯ ᠮᠢᠨᠤ ᠦᠢᠯᠠᠭᠠᠵᠤ ᠪᠠᠢᠭ᠎ᠠ ᠯᠸᠢ ᠹᠸᠩ ᠡᠴᠡ ᠰᠤᠷᠤᠯᠴᠠᠬᠤ ᠶᠠᠪᠤᠳᠠᠯ ᠪᠣᠯᠤᠨ᠎ᠠ᠃ ᠠᠵᠤ ᠠᠬᠤᠢᠯᠠᠯᠲᠠᠨ᠎ᠳᠤ ᠠᠪᠴᠤ᠌ ᠬᠡᠯᠡᠪᠡᠯ᠂ ᠨᠡᠢᠭᠡᠮ᠎ᠦᠨ ᠬᠠᠷᠢᠭᠤᠴᠠᠯᠭ᠎ᠠ᠎ᠪᠠᠨ ᠴᠠᠭ ᠢᠮᠠᠭ᠍ᠲᠠ ᠪᠠᠲᠤ ᠴᠡᠭᠡᠵᠢᠯᠡᠵᠦ᠍᠂ ᠬᠠᠢᠷ᠎ᠠ ᠬᠠᠯᠠᠮᠵᠢ᠎ᠪᠠᠨ ᠡᠷᠭᠦᠬᠦ᠌ ᠪᠣᠯ ᠠᠵᠤ ᠠᠬᠤᠢᠯᠠᠯᠲᠠᠨ᠎ᠤ ᠡᠭᠦᠷᠭᠡᠯᠡᠪᠡᠰᠦ ᠵᠣᠬᠢᠬᠤ ᠬᠠᠷᠢᠭᠤᠴᠠᠯᠭ᠎ᠠ ᠮᠦᠨ᠃ ᠬᠡᠦᠬᠡᠳ᠎ᠦᠳ ᠬᠦᠴᠢᠷᠳᠡᠯ᠎ᠲᠡᠶ ᠪᠣᠯ ᠬᠠᠷᠠᠮ ᠦᠬᠡᠢ ᠲᠤᠰᠠᠯᠠᠵᠤ᠂ ᠲᠠᠲᠠᠨ᠎ᠤ ᠴᠠᠭ ᠮᠥᠴᠡ᠎ᠪᠡᠨ ᠨᠠᠨᠳᠢᠩᠨᠠᠠ᠂ ᠴᠢᠷᠮᠠᠢᠨ ᠰᠤᠷᠤᠯᠴᠠᠵᠤ᠂ ᠵᠠᠯᠠᠭᠤ ᠨᠠᠰᠤᠨ᠎ᠳᠠᠭᠠᠨ ᠡᠷᠲᠠᠮ ᠮᠠᠲᠠᠯᠬᠡ ᠢᠯᠡᠬᠦᠤ ᠰᠤᠷᠬᠤ ᠎ᠶᠢ ᠬᠦᠰᠡᠵᠦ᠍ ᠪᠠᠢᠨ᠎ᠠ》 ᠬᠡᠵᠦ ᠬᠡᠯᠡᠨ᠎ᠠ᠃

《ᠪᠢ ᠣᠨᠴᠠᠭᠠᠶ ᠬᠡᠦᠬᠡᠳ᠎ᠦᠨ ᠴᠡᠴᠡᠷᠯᠢᠭ᠂ ᠵᠡᠮᠳᠡᠭ ᠵᠠᠯᠠᠭᠤ ᠪᠠᠭᠠᠴᠤᠳ᠎ᠤᠨ ᠤᠷᠠᠯᠢᠭ᠎ᠤᠨ ᠰᠤᠷᠭᠠᠨ ᠬᠥᠮᠦᠵᠢᠯ᠎ᠦᠨ ᠲᠠᠯ᠎ᠠ᠎ᠪᠠᠷ ᠡᠳᠦᠶ ᠲᠡᠳᠦᠶ ᠠᠵᠢᠯᠯᠠᠭ᠎ᠠ ᠬᠢᠬᠦ ᠬᠦᠰᠠᠯ ᠪᠤᠲᠤᠯ ᠲᠠᠢ᠂ ᠪᠠᠰᠠ ᠨᠡᠢᠲᠡ᠎ᠶ᠋ᠢᠨ ᠠᠰᠠᠷᠠᠮᠵᠢ᠎ᠶ᠋ᠢᠨ ᠵᠠᠮ ᠳᠡᠭᠡᠷ᠎ᠡ ᠨᠠᠩ ᠣᠯᠠᠨ ᠬᠥᠮᠦᠨ ᠣᠷᠣᠯᠴᠠᠬᠤ᠎ᠶ᠋ᠢ ᠬᠦᠰᠡᠵᠦ᠍ ᠪᠠᠢᠨ᠎ᠠ᠃ ᠯᠧᠢ ᠹᠧᠩ᠎ᠡᠴᠡ ᠰᠤᠷᠤᠯᠴᠠᠠ᠂ ᠰᠠᠢᠨ ᠶᠠᠪᠤᠳᠠᠯ ᠬᠢᠬᠦ᠌᠎ᠳᠦ ᠪᠠᠷᠢᠮᠲᠠᠯᠠᠯ ᠪᠤᠯ ᠴᠢᠬᠤᠯᠠ᠂ ᠡᠨᠡ ᠬᠦ᠌ ᠵᠠᠮ ᠵᠢᠡᠷ ᠪᠢ ᠦᠷᠬᠦᠯᠵᠢᠯᠠᠨ ᠤᠷᠤᠭᠰᠢᠯᠠᠨ᠎ᠠ》 ᠭᠡᠵᠦ᠍ ᠶᠠᠡᠭ ᠯᠢᠡᠭ ᠬᠡᠯᠡᠪᠡ᠃

  • ᠨᠠᠢᠷᠠᠭᠤᠯᠤᠭ᠍ᠴᠢ᠄

  • ᠨᠡᠪᠲᠡᠷᠡᠭᠦᠯᠦᠭᠴᠢ᠄

  • ᠮᠡᠷᠭᠡᠵᠢᠯ᠄

ᠨᠠᠢᠷᠠᠭᠤᠯᠤᠭ᠍ᠴᠢ᠄ ᠰᠤᠶᠤᠯᠲᠦ

ᠣᠷᠴᠢᠭᠤᠯᠤᠭ᠍ᠴᠢ᠄

ᠢᠷᠡᠯᠲᠡ᠄ ᠳᠤᠮᠳᠠᠳᠤ ᠤᠯᠤᠰ᠎ᠤ᠋ᠨ ᠮᠣᠩᠭᠣᠯ ᠬᠡᠯᠡᠨ᠎ᠦ᠌ ᠰᠣᠨᠢᠨ ᠮᠡᠳᠡᠭᠡ᠎ᠶ᠋ᠢᠨ ᠰᠦᠯᠵᠢᠶ᠎ᠡ
兼容浏览器的HTML页面