2022-04-17 20:08:45
ᠨᠢᠭᠡ ᠰᠡᠳᠬᠢᠯ ᠵᠢᠠᠷ ᠨᠡᠢᠳᠡ ᠵᠢᠨ ᠲᠦᠯᠦᠭᠡ ᠵᠢᠤᠡᠬᠦᠨᠡ
ᠬᠠᠭᠳᠠ ᠨᠢᠳᠤᠯᠡᠵᠦ ᠬᠠᠢᠯ ᠪᠠᠭᠤᠭᠰᠠᠨ ᠤᠷᠢᠬᠠᠨ ᠬᠠᠪᠤᠷᠤᠨ ᠴᠠᠭ ᠪᠤᠯ ᠮᠠᠯᠴᠢᠳᠤᠨ ᠲᠦᠯ ᠲᠤᠰᠴᠤ ᠪᠤᠢᠵᠢᠭᠤᠯᠬᠤ ᠶᠠᠭᠠᠷᠠᠯᠳᠠᠢ ᠡᠷᠢᠨ ᠪᠢᠯᠡ᠃ ᠬᠠᠡᠭᠰᠢ ᠡᠴᠡ ᠡᠮᠦᠨᠡᠬᠡᠨ᠂ ᠰᠦᠨᠢᠳ ᠵᠡᠭᠦᠨ ᠬᠤᠰᠢᠭᠤᠨᠤ ᠰᠠᠷᠠᠭᠤᠯᠳᠠᠯ᠎ᠠ ᠭᠠᠴᠠᠭᠠᠨᠤ ᠮᠠᠯᠴᠢᠨ ᠶᠦᠨ ᠲᠤᠤ ᠬᠠᠪᠢ ᠲᠦᠰᠦᠷᠤᠨ ᠬᠢᠨᠤ ᠮᠠᠯᠴᠢᠨ ᠨᠦᠬᠦᠳ ᠵᠢᠠᠨ ᠴᠤᠭᠯᠠᠭᠤᠯᠵᠤ᠂ ᠤᠯᠠᠨ ᠳ᠋ᠤ ᠰᠢᠮ᠎ᠡ ᠰᠠᠢᠳᠠᠢ ᠮᠠᠯᠤᠨ ᠲᠡᠵᠢᠭᠡᠯ ᠪᠤᠷᠳᠤᠭ᠎ᠠ ᠵᠢ ᠪᠤᠯᠪᠠᠰᠤᠷᠠᠭᠤᠯᠬᠤ ᠲᠤᠬᠠᠢ ᠨᠢᠭᠡ ᠤᠳᠠᠭᠠᠨᠤ ᠦᠨ᠎ᠡ ᠲᠦᠯᠦᠪᠦᠷᠢ ᠦᠭᠡᠢ ᠬᠢᠴᠢᠶᠡᠯ ᠤᠷᠤᠵᠤ ᠦᠭᠭᠦᠭᠰᠡᠨ ᠶᠤᠮ᠃
ᠲᠡᠷᠡ ᠲᠡᠵᠢᠭᠡᠯ ᠪᠤᠷᠳᠤᠭ᠎ᠠ ᠪᠤᠯᠪᠠᠰᠤᠷᠠᠭᠤᠯᠬᠤ ᠪᠦᠬᠦ ᠶᠠᠪᠤᠴᠠ ᠵᠢ ᠨᠢᠭᠡᠳ ᠨᠢᠭᠡ ᠪᠡᠷ ᠬᠢᠵᠦ ᠦᠵᠡᠭᠦᠯᠦᠭᠰᠡᠨ ᠵᠢᠠᠷ ᠪᠠᠷᠠᠬᠤ ᠦᠭᠡᠢ ᠪᠠᠰᠠ ᠪᠤᠯᠪᠠᠰᠤᠷᠠᠭᠤᠯᠬᠤ ᠶᠠᠪᠤᠴᠠ ᠳ᠋ᠠᠭᠠᠨ ᠲᠡᠵᠢᠭᠡᠯ ᠪᠤᠷᠳᠤᠭ᠎ᠠ ᠳ᠋ᠤ ᠠᠭᠤᠯᠤᠭᠳᠠᠬᠤ ᠡᠯᠸᠮᠸᠨ᠋ᠲ ᠬᠢᠭᠡᠳ ᠰᠢᠮᠡᠳᠤ ᠪᠤᠳᠠᠰᠤᠨ ᠨᠠᠷᠢᠨ ᠤᠴᠢᠷᠢ ᠤᠯᠠᠨ ᠳ᠋ᠤ ᠲᠠᠢᠯᠪᠤᠷᠢᠯᠠᠨ ᠦᠭᠴᠤ᠂ ᠪᠠᠰᠠ ᠰᠢᠯᠵᠢᠶ᠎ᠡ ᠵᠢᠨ ᠵᠢᠭᠠᠬᠤ ᠫᠷᠦ᠍ᠭᠷᠡᠮᠢ ᠬᠠᠪᠰᠤᠷᠤᠭᠤᠯᠤᠨ ᠪᠠᠳᠤᠳᠬᠠᠨ ᠰᠤᠷᠤᠯᠴᠠᠬᠤ ᠵᠢ ᠤᠯᠠᠨ ᠳ᠋ᠤ ᠵᠠᠬᠢᠵᠤ ᠰᠠᠨᠠᠭᠤᠯᠤᠨ᠎ᠠ᠃
《ᠠᠡᠭᠬ᠎ᠠ ᠤᠳᠠᠭ᠎ᠠ ᠡᠢᠮᠦ ᠲᠦᠷᠦᠯᠤᠨ ᠪᠤᠯᠪᠠᠰᠤᠷᠠᠯ ᠳ᠋ᠤ ᠪᠡᠶᠡᠴᠢᠯᠡᠨ ᠤᠷᠤᠯᠴᠠᠵᠤ ᠪᠠᠢᠨ᠎ᠠ᠃ ᠲᠤᠰᠬᠠᠢ ᠮᠡᠷᠭᠡᠵᠢᠯᠤᠨ ᠪᠤᠯᠪᠠᠰᠤᠷᠠᠯ ᠭᠡᠭᠴᠢ ᠬᠠᠰᠢ ᠯᠠ ᠤᠨᠳᠤᠤ᠂ ᠰᠤᠷᠴᠤ ᠰᠤᠳᠤᠯᠤᠭᠤᠰᠢᠳᠠᠢ ᠵᠦᠢᠯ ᠦᠨᠡᠭᠡᠷ ᠤᠯᠠᠨ ᠪᠠᠢᠨ᠎ᠠ᠃ ᠮᠠᠨᠤ ᠬᠠᠷᠢᠯᠴᠠᠨ ᠬᠠᠪᠰᠤᠷᠤᠯᠴᠠᠬᠤ ᠦᠢᠯᠡᠴᠢᠯᠡᠭᠡᠨᠤ ᠲᠦᠪᠴᠦ ᠬᠠᠮᠳᠤ ᠤᠯᠠᠨ ᠳ᠋ᠠᠭᠠᠨ ᠲᠤᠰᠠ ᠲᠡᠮ ᠪᠤᠯᠤᠭᠰᠠᠨ ᠤᠯᠠᠨ ᠰᠠᠢᠬᠠᠨ ᠠᠵᠢᠯᠯᠠᠭ᠎ᠠ ᠵᠢ ᠦᠷᠨᠢᠭᠦᠯᠵᠦ ᠪᠠᠢᠨ᠎ᠠ ᠰᠢᠤ》 ᠭᠡᠵᠦ ᠰᠠᠷᠠᠭᠤᠯᠳᠠᠯ᠎ᠠ ᠭᠠᠴᠠᠭᠠᠨᠤ ᠮᠠᠯᠴᠢᠨ ᠡᠷᠳᠡᠨᠢ ᠪᠠᠶᠠᠷᠳᠠᠢᠬᠠᠨ ᠶᠠᠷᠢᠵᠠᠢ᠃
ᠮᠠᠯᠴᠢᠨ ᠡᠷᠳᠡᠨᠢ ᠨᠠᠷᠤᠨ ᠡᠨᠡ ᠮᠡᠳᠤ ᠤᠷᠮᠠᠳᠠᠢᠬᠠᠨ ᠶᠠᠷᠢᠵᠤ ᠪᠠᠢᠭ᠎ᠠ ᠮᠠᠯᠴᠢᠳᠤᠨ ᠬᠠᠷᠢᠯᠴᠠᠨ ᠬᠠᠪᠰᠤᠷᠤᠯᠴᠠᠬᠤ ᠦᠢᠯᠡᠴᠢᠯᠡᠭᠡᠨᠤ ᠲᠦᠪᠢ ᠪᠤᠯ ᠡᠨᠡ ᠤᠳᠠᠭᠠᠨᠤ ᠪᠤᠯᠪᠠᠰᠤᠷᠠᠯᠢ ᠡᠷᠬᠢᠯᠡᠨ ᠬᠢᠭᠰᠡᠨ ᠶᠦᠨ ᠲᠤᠤ ᠰᠠᠨᠠᠭᠠᠴᠢᠯᠠᠵᠦ ᠡᠭᠦᠰᠭᠡᠨ ᠪᠠᠢᠭᠤᠯᠤᠭᠰᠠᠨ ᠶᠤᠮ᠃
ᠮᠠᠯᠴᠢᠨ ᠶᠦᠨ ᠲᠤᠤ ᠭᠡᠷ ᠲᠡᠭᠡᠨ ᠠᠮᠠ ᠪᠦᠯᠢ ᠭᠤᠷᠪᠠᠭᠤᠯᠠ᠂ ᠲᠡᠭᠦᠨ ᠦ ᠬᠤᠪᠢᠳᠠᠭᠰᠠᠨ 9000 ᠮᠣ᠌ ᠪᠡᠯᠴᠢᠭᠡᠷ ᠲᠡᠭᠡᠷ᠎ᠡ ᠪᠡᠨ ᠤᠳᠤᠬᠠᠨ ᠳ᠋ᠤ 70 ᠭᠠᠷᠤᠢ ᠦᠭᠡᠷ ᠮᠠᠯᠵᠢᠵᠤ ᠪᠤᠢ᠃ ᠲᠡᠭᠦᠨᠤ ᠭᠡᠷᠭᠡᠢ ᠨᠢ ᠬᠤᠰᠢᠭᠤᠨ ᠲᠦᠪ ᠮᠠᠨᠳᠠᠯᠳᠤ ᠪᠠᠯᠭᠠᠰᠤᠨᠳᠦ ᠠᠵᠢᠯᠯᠠᠵᠤ᠂ ᠬᠦᠦ ᠨᠢ ᠶᠡᠬᠡ ᠰᠤᠷᠭᠠᠭᠤᠯᠢ ᠳ᠋ᠤ ᠰᠤᠷᠤᠯᠴᠠᠵᠤ ᠪᠤᠢ᠃ ᠶᠦᠨ ᠲᠤᠤ ᠤᠳᠤᠬᠠᠨᠤ ᠮᠠᠯᠵᠢᠬᠤ ᠤᠷᠤᠨᠤ ᠬᠦᠮᠦᠨ ᠠᠮᠠ ᠬᠤᠳᠠ ᠪᠠᠯᠭᠠᠰᠤᠨ ᠳ᠋ᠤ ᠰᠢᠯᠵᠢᠵᠦ ᠪᠠᠢᠭ᠎ᠠ ᠵᠢᠴᠢ ᠡᠭᠦᠨ ᠡᠴᠡ ᠪᠤᠯᠤᠭᠰᠠᠨ ᠬᠦᠳᠡᠯᠮᠦᠷᠢ ᠬᠦᠴᠤ ᠲᠤᠳᠠᠭᠳᠠᠬᠤ ᠪᠠᠢᠳᠠᠯ ᠳ᠋ᠤ ᠵᠠᠳᠠᠯᠤᠯᠳᠠ ᠬᠢᠭᠰᠡᠨ ᠰᠠᠭᠤᠷᠢᠨ ᠲᠡᠭᠡᠷ᠎ᠡ ᠶᠠᠭ ᠡᠨᠡ ᠬᠦ᠌ ᠮᠠᠯᠴᠢᠳᠤᠨ ᠬᠠᠷᠢᠯᠴᠠᠨ ᠬᠠᠪᠰᠤᠷᠤᠯᠴᠠᠬᠤ ᠦᠢᠯᠡᠴᠢᠯᠡᠭᠡᠨᠤ ᠲᠦᠪᠢ ᠪᠠᠢᠭᠤᠯᠵᠤ ᠪᠢᠯᠡ᠃ 2017 ᠤᠨ ᠳ᠋ᠤ᠂ ᠮᠠᠯᠴᠢᠨ ᠶᠦᠨ ᠲᠤᠤ ᠬᠡᠳᠤᠨ ᠨᠦᠬᠦᠳ ᠲᠠᠢ ᠪᠡᠨ ᠵᠦᠪᠳᠡᠯᠴᠡᠭᠡᠳ ᠭᠠᠡᠭᠨᠠᠵᠤ ᠡᠪᠯᠡᠭᠦᠯᠬᠦ᠂ ᠪᠠᠴᠢᠮ ᠪᠠᠢᠳᠠᠯ ᠳ᠋ᠤ ᠴᠠᠬᠢᠯᠭᠠᠨ ᠭᠠᠷᠭᠠᠬᠤ᠂ ᠮᠤᠳᠤᠴᠢᠨᠤ ᠠᠵᠢᠯᠤᠨ ᠲᠦᠬᠦᠮ ᠪᠠᠭᠠᠵᠢ ᠬᠡᠷᠡᠭᠰᠡᠯ᠂ ᠮᠠᠰᠢᠨ ᠲᠤᠨᠤᠭᠯᠠᠯ ᠵᠠᠰᠠᠵᠤ ᠰᠡᠯᠪᠢᠬᠦ ᠵᠡᠷᠭᠡ ᠪᠠᠭᠠᠵᠢ ᠬᠡᠷᠡᠭᠰᠡᠯᠢ ᠠᠡᠭᠬ᠎ᠠ ᠴᠤᠭᠯᠠᠭᠤᠯᠬᠤ ᠳ᠋ᠠᠭᠠᠨ ᠭᠠᠷ ᠦᠵᠦᠭᠦᠷ ᠭᠠᠴᠢᠭᠳᠠᠭᠰᠠᠨ ᠨᠢᠭᠡᠨ ᠳ᠋ᠤ ᠲᠤᠰᠠ ᠪᠤᠯᠬᠤ ᠦᠷᠦᠪᠴᠢᠭᠡᠨ ᠵᠤᠷᠢᠯᠭ᠎ᠠ ᠡᠴᠡ ᠡᠭᠦᠰᠦᠭᠰᠡᠨ ᠶᠤᠮ᠃ ᠡᠨᠡ ᠮᠡᠳᠤ ᠪᠡᠷ 《ᠶᠠᠪᠤᠭᠰᠠᠨ ᠬᠦᠮᠦᠨ ᠵᠤᠷᠢᠭᠰᠠᠨ ᠶᠠᠭᠤᠮᠠᠨ ᠳ᠋ᠤ ᠬᠦᠷᠳᠡᠭ》 ᠭᠡᠳᠡᠭᠴᠢᠯᠡᠨ᠂ ᠡᠨᠡ ᠬᠦ᠌ ᠦᠢᠯᠡᠴᠢᠯᠡᠭᠡᠨᠤ ᠲᠦᠪ ᠨᠢ ᠤᠳᠤ ᠪᠤᠯᠬᠤ ᠳ᠋ᠤ ᠡᠯᠳᠡᠪ ᠬᠡᠷᠡᠭᠰᠡᠯᠢ ᠵᠠᠰᠠᠵᠤ ᠰᠡᠯᠪᠢᠬᠦ ᠡᠴᠡ ᠠᠪᠤᠭᠠᠳ ᠲᠤᠮᠤ ᠬᠡᠯᠪᠡᠷᠢ ᠵᠢᠨ ᠠᠴᠢᠵᠤ ᠪᠠᠭᠤᠯᠭᠠᠬᠤ ᠮᠠᠰᠢᠨ᠂ ᠤᠰᠤ ᠵᠦᠭᠡᠭᠡᠪᠦᠷᠢ ᠵᠢᠨ ᠲᠡᠷᠭᠡ᠂ ᠴᠠᠰᠤ ᠲᠦᠷᠢᠬᠦ ᠮᠠᠰᠢᠨ ᠵᠡᠷᠭᠡ ᠨᠡᠯᠢᠶᠡᠳ ᠪᠦᠷᠢᠨᠰᠢᠭᠰᠡᠨ ᠡᠳ᠋ᠯᠡᠯ ᠬᠡᠷᠡᠭᠰᠡᠯ ᠲᠠᠢ ᠦᠢᠯᠡᠴᠢᠯᠡᠭᠡᠨᠤ ᠭᠠᠵᠠᠷ ᠪᠤᠯᠤᠨ ᠦᠷᠭᠡᠵᠢᠵᠦ᠂ ᠮᠠᠯᠵᠢᠬᠤ ᠤᠷᠤᠨᠤ ᠮᠠᠯᠴᠢᠳᠤᠨ ᠶᠡᠷᠤᠳᠡ ᠵᠢᠨ ᠦᠢᠯᠡᠳᠪᠦᠷᠢᠯᠡᠯ ᠠᠮᠢᠳᠤᠷᠠᠯ ᠳ᠋ᠤ ᠲᠡᠮ ᠲᠤᠰᠠᠯᠠᠯᠴᠠᠭ᠎ᠠ ᠬᠦᠷᠭᠡᠬᠦ ᠪᠤᠯᠵᠠᠢ᠃
《ᠮᠠᠨᠤ ᠭᠡᠷᠤᠨ ᠤᠰᠤᠨ ᠤᠡᠭᠭᠤᠴᠠ ᠴᠤᠭᠤᠷᠠᠴᠢᠬᠠᠭᠠᠳ ᠨᠦᠬᠦᠬᠦ ᠴᠢᠬᠤᠯᠠᠳᠠᠢ ᠪᠤᠯᠵᠠᠢ᠂ ᠨᠠᠢᠵᠠ ᠮᠢᠨᠢ ᠠᠷᠭ᠎ᠠ ᠪᠤᠳᠤᠵᠤ ᠲᠤᠰᠠᠯᠠᠨ᠎ᠠ ᠤ᠋ᠤ》ᠭᠡᠵᠦ ᠶᠦᠨ ᠲᠤᠤ ᠵᠢᠨ ᠵᠡᠷᠭᠡᠯᠡᠳᠡᠭᠡ ᠠᠢᠯᠤᠨ ᠮᠠᠯᠴᠢᠨ ᠪᠤᠷᠬᠢᠯ ᠲᠡᠭᠦᠨ ᠤᠷᠤᠭᠤ ᠤᠳᠠᠰᠤᠳᠠᠪᠠ᠃ ᠡᠨᠡ ᠦᠶ᠎ᠡ ᠳ᠋ᠤ ᠪᠠᠰᠠ ᠬᠠᠪᠢ ᠲᠦᠰᠦᠷᠤᠨ ᠬᠡᠳᠤᠨ ᠮᠠᠯᠴᠢᠳᠴᠦ ᠡᠭᠦᠨᠢ ᠠᠰᠠᠭᠤᠨ ᠲᠡᠭᠦᠨᠢ ᠰᠤᠷᠠᠵᠤ᠂ ᠪᠠᠰᠠ ᠵᠠᠷᠢᠮ ᠨᠢ ᠲᠡᠭᠦᠨᠢ ᠡᠷᠢᠵᠦ ᠢᠷᠡᠬᠦ ᠪᠡᠨ ᠵᠢᠷᠭᠢᠶ᠎ᠡ ᠬᠤᠯᠪᠤᠭ᠎ᠠ ᠪᠡᠷ ᠮᠡᠳᠡᠭᠳᠡᠵᠦ ᠯᠡ ᠪᠠᠢᠯ᠎ᠠ᠃ ᠡᠨᠡ ᠦᠶ᠎ᠡ ᠳ᠋ᠤ ᠶᠦᠨ ᠲᠤᠤ ᠬᠦᠷᠴᠤ ᠲᠤᠰᠠᠯᠠᠬᠤ ᠪᠡᠨ ᠬᠡᠯᠡᠭᠡᠳ ᠭᠠᠡᠭᠨᠠᠵᠤ ᠡᠪᠯᠡᠭᠦᠯᠬᠦ ᠳ᠋ᠡᠭᠡᠨ ᠭᠠᠷᠰᠢᠭᠰᠠᠨ ᠨᠢᠭᠡᠨ ᠵᠠᠯᠠᠭᠤ ᠵᠢ ᠠᠪᠤᠨ ᠲᠤᠤᠷ᠎ᠠ ᠨᠢ ᠲᠤᠮᠢᠯᠠᠯᠠ᠃
ᠰᠠᠢᠨ ᠦᠢᠯᠡᠰᠲᠦ ᠭᠠᠨᠵᠤᠭ᠎ᠠ ᠨᠢᠭᠡᠳᠡᠢ ᠭᠡᠳᠡᠭ ᠵᠢᠠᠷ ᠤᠳᠤ ᠲᠤᠰ ᠮᠠᠯᠴᠢᠳᠤᠨ ᠦᠢᠯᠡᠴᠢᠯᠡᠭᠡᠨᠤ ᠲᠦᠪᠲᠦ ᠰᠠᠢᠨ ᠲᠤᠷ᠎ᠠ ᠡᠴᠡ ᠪᠡᠨ ᠬᠠᠮᠵᠢᠯᠴᠠᠨ ᠤᠷᠤᠯᠴᠠᠵᠤ ᠪᠠᠢᠭ᠎ᠠ ᠵᠠᠯᠠᠭᠤᠰ᠂ ᠨᠠᠮᠤᠨ ᠭᠡᠰᠢᠭᠦᠳ᠂ ᠮᠠᠯᠴᠢᠳ ᠨᠢᠭᠡᠨᠳᠡ 30 ᠭᠠᠷᠤᠢ ᠬᠦᠮᠦᠨ ᠪᠤᠯᠵᠤ᠂ ᠤᠯᠠᠨ ᠪᠦᠬᠦᠳᠡᠭᠡᠷ ᠬᠠᠮᠳᠤ ᠤᠯᠠᠨ ᠳ᠋ᠠᠭᠠᠨ ᠬᠠᠷᠠᠮ ᠦᠭᠡᠢ ᠦᠢᠯᠡᠴᠢᠯᠡᠵᠦ᠂ ᠨᠠᠮ ᠠᠷᠠᠳ ᠲᠦᠮᠡᠨ ᠳ᠋ᠡᠭᠡᠨ ᠭᠤᠶᠠᠴᠢ ᠦᠭᠡᠢ ᠵᠢᠳᠬᠦᠬᠦ 《ᠯᠸᠢ ᠹᠸᠡᠭᠤᠨ ᠵᠤᠷᠢᠭ ᠰᠠᠨᠠᠭ᠎ᠠ》 ᠵᠢ ᠪᠠᠳᠠᠷᠠᠭᠤᠯᠤᠨ᠂ ᠦᠨᠳᠦᠰᠤᠨ ᠱᠠᠲᠤᠨᠤ ᠮᠠᠯᠴᠢᠨ ᠲᠦᠮᠡᠨ ᠳ᠋ᠡᠭᠡᠨ ᠦᠨᠡᠨᠴᠢ ᠲᠤᠰᠠᠷᠬᠠᠭ ᠵᠢᠠᠷ ᠦᠢᠯᠡᠴᠢᠯᠡᠵᠦ ᠯᠡ ᠶᠠᠪᠤᠨ᠎ᠠ᠃
2019 ᠤᠨ ᠳ᠋ᠤ ᠰᠦᠨᠢᠳ ᠵᠡᠭᠦᠨ ᠬᠤᠰᠢᠭᠤᠨᠤ ᠮᠠᠯᠴᠢᠳᠤᠨ ᠬᠠᠷᠢᠯᠴᠠᠨ ᠬᠠᠪᠰᠤᠷᠤᠯᠴᠠᠬᠤ ᠦᠢᠯᠡᠴᠢᠯᠡᠭᠡᠨᠤ ᠲᠦᠪ ᠨᠢ ᠦᠪᠦᠷ ᠮᠤᠡᠭᠭᠤᠯᠤᠨ ᠮᠸᠡᠭ ᠼᠤᠤ ᠠᠮᠢ ᠠᠬᠤᠢ ᠤᠷᠴᠢᠨ ᠲᠤᠭᠤᠷᠢᠨ (ᠪᠦᠯᠦᠭᠯᠡᠯ) ᠤ᠋ ᠬᠤᠪᠢᠴᠠᠭᠠᠳᠤ ᠬᠢᠵᠠᠭᠠᠷᠳᠤ ᠺᠤᠮᠫᠠᠨᠢ ᠯᠤᠭ᠎ᠠ ᠡᠯᠡᠰᠦᠷᠬᠡᠭᠵᠢᠬᠦ ᠬᠠᠨᠳᠤᠰᠢ ᠲᠠᠢ ᠨᠤᠲᠤᠭ ᠪᠡᠯᠴᠢᠭᠡᠷᠢ ᠵᠠᠰᠠᠨ ᠰᠡᠯᠪᠢᠬᠦ᠂ ᠬᠤᠵᠢᠷᠯᠢᠭ ᠭᠠᠵᠠᠷᠢ ᠦᠭᠡᠷᠡᠴᠢᠯᠡᠨ ᠰᠠᠢᠵᠢᠷᠠᠭᠤᠯᠬᠤ ᠲᠤᠷᠰᠢᠯᠳᠠ ᠵᠢᠨ ᠠᠵᠢᠯ᠂ ᠮᠠᠯᠵᠢᠬᠤ ᠦᠢᠯᠡᠳᠪᠦᠷᠢᠯᠡᠯᠤᠨ ᠰᠠᠭᠤᠷᠢ ᠪᠦᠲᠦᠭᠡᠨ ᠪᠠᠢᠭᠤᠯᠤᠯᠳᠠ ᠵᠢ ᠠᠬᠢᠭᠤᠯᠬᠤ ᠵᠡᠷᠭᠡ ᠵᠢᠨ ᠲᠤᠭᠤᠷᠢᠨ ᠳ᠋ᠤ ᠬᠡᠯᠡᠯᠴᠡᠭᠡᠷ ᠲᠤᠭᠳᠠᠵᠤ᠂ ᠲᠤᠬᠠᠢ ᠵᠢᠨ ᠦᠶ᠎ᠡ ᠳ᠋ᠤ ᠠᠮᠢᠳᠤᠷᠠᠯ ᠨᠢ ᠬᠠᠷᠢᠴᠠᠡᠭᠭᠤᠢ ᠬᠦᠴᠢᠷᠳᠡᠯᠳᠡᠢ ᠪᠠᠢᠭᠰᠠᠨ ᠮᠠᠯᠴᠢᠨ ᠡᠷᠦᠬᠡ ᠪᠡ ᠲᠠᠢᠴᠢᠯᠠᠨ ᠡᠯᠡᠰᠦᠷᠬᠡᠭᠵᠢᠬᠦ ᠬᠠᠨᠳᠤᠰᠢ ᠲᠠᠢ ᠭᠠᠵᠠᠷᠲᠦ ᠡᠪᠡᠰᠤ ᠲᠠᠷᠢᠵᠤ᠂ ᠡᠭᠦᠨ ᠵᠢᠡᠷ ᠲᠠᠮᠵᠢᠭᠤᠯᠤᠨ ᠠᠮᠢ ᠠᠬᠤᠢ ᠵᠢᠨ ᠮᠠᠭᠤᠳᠠᠯᠢ ᠵᠠᠰᠠᠬᠤ ᠵᠢᠨ ᠬᠠᠮᠳᠤ ᠲᠡᠳᠡᠭᠡᠷ ᠡᠷᠦᠬᠡ ᠵᠢᠨ ᠤᠯᠠᠨ ᠲᠦᠮᠡᠨᠤ ᠤᠷᠤᠯᠭ᠎ᠠ ᠵᠢᠨ ᠨᠡᠮᠡᠭᠳᠡᠯᠢ ᠠᠬᠢᠭᠤᠯᠵᠤ᠂ ᠨᠡᠡᠭ ᠤᠯᠠᠨ ᠬᠦᠮᠦᠨᠤ ᠬᠦᠷᠢᠶᠡᠯᠡᠯ ᠰᠠᠢᠰᠢᠶᠠᠯᠢ ᠤᠯᠵᠠᠢ᠃ 2020 ᠤᠨ ᠳ᠋ᠤ᠂ ᠰᠦᠨᠢᠳ ᠵᠡᠭᠦᠨ ᠬᠤᠰᠢᠭᠤᠨᠤ ᠮᠠᠯᠴᠢᠳᠤᠨ ᠬᠠᠷᠢᠯᠴᠠᠨ ᠬᠠᠪᠰᠤᠷᠤᠯᠴᠠᠬᠤ ᠦᠢᠯᠡᠴᠢᠯᠡᠭᠡᠨᠤ ᠲᠦᠪ ᠨᠢ《ᠪᠦᠬᠦ ᠤᠷᠤᠨᠤ ᠰᠢᠯᠢᠳᠡᠭ ᠰᠠᠢᠨ ᠲᠤᠷᠠᠴᠤᠤᠯᠤᠨ ᠵᠤᠬᠢᠶᠠᠨ ᠪᠠᠢᠭᠤᠯᠤᠯᠳᠠ》 ᠪᠡᠷ ᠲᠤᠳᠤᠷᠠᠵᠤ᠂ 2021 ᠤᠨ ᠳ᠋ᠤ《ᠪᠦᠬᠦ ᠤᠯᠤᠰᠤᠨ ᠯᠸᠢ ᠹᠸᠡᠭ ᠡᠴᠡ ᠰᠤᠷᠤᠯᠴᠠᠬᠤ ᠠᠵᠢᠯᠯᠠᠭᠠᠨᠤ ᠵᠢᠱᠶ᠋ᠶᠡ ᠦᠵᠡᠭᠦᠯᠬᠦ ᠴᠡᠭ》 ᠵᠢᠠᠷ ᠦᠨᠡᠯᠡᠭᠳᠡᠨ᠂ ᠡᠨᠡ ᠵᠢᠯᠤᠨ 3 ᠰᠠᠷ᠎ᠠ ᠳ᠋ᠤ᠂ ᠲᠦᠪᠤᠨ ᠤᠬᠠᠭᠤᠯᠬᠤ ᠬᠡᠯᠳᠡᠰ ᠡᠴᠡ ᠨᠡᠷᠡᠢᠳᠦᠭᠰᠡᠨ《ᠲᠤᠯᠤᠳᠤᠭᠠᠷ ᠪᠦᠯᠦᠭ ᠪᠦᠬᠦ ᠤᠯᠤᠰᠤᠨ ᠯᠸᠢ ᠹᠸᠡᠭ ᠡᠴᠡ ᠰᠤᠷᠤᠯᠴᠠᠬᠤ ᠠᠵᠢᠯᠯᠠᠭᠠᠨᠤ ᠵᠢᠱᠶ᠋ᠶᠡ ᠦᠵᠡᠭᠦᠯᠬᠦ ᠴᠡᠭ》ᠪᠤᠯᠵᠠᠢ᠃
《ᠬᠤᠢᠰᠢᠳᠠ ᠪᠢᠳᠡ ᠮᠠᠰᠢᠨ ᠲᠤᠨᠤᠭᠯᠠᠯ ᠵᠢᠠᠨ ᠰᠠᠢᠵᠢᠷᠠᠭᠤᠯᠵᠤ ᠦᠢᠯᠡᠴᠢᠯᠡᠭᠡ ᠪᠡᠨ ᠤᠯᠠᠮ ᠰᠢᠯᠢᠳᠡᠭᠵᠢᠭᠦᠯᠵᠦ᠂ ᠨᠡᠡᠭ ᠴᠢᠬᠤᠯᠠ ᠨᠢ ᠯᠸᠢ ᠹᠸᠡᠭᠤᠨ ᠵᠤᠷᠢᠭ ᠰᠠᠨᠠᠭ᠎ᠠ ᠵᠢ ᠵᠠᠯᠭᠠᠮᠵᠢᠯᠠᠨ ᠪᠠᠲᠠᠷᠠᠭᠤᠯᠵᠤ᠂ ᠤᠯᠠᠨ ᠲᠦᠮᠡᠨ ᠳ᠋ᠡᠭᠡᠨ ᠲᠤᠰᠠ ᠲᠡᠮᠵᠢᠯᠭᠡ ᠪᠤᠯᠬᠤ ᠪᠡᠷ ᠦᠷᠭᠦᠯᠵᠢᠯᠡᠨ ᠴᠢᠷᠮᠠᠢᠨ᠎ᠠ》 ᠭᠡᠵᠦ ᠶᠦᠨ ᠲᠤᠤ ᠢᠳᠡᠭᠡᠯ ᠲᠦᠭᠦᠷᠡᠡᠭ ᠶᠠᠷᠢᠨ᠎ᠠ᠃
- ᠨᠠᠢᠷᠠᠭᠤᠯᠤᠭ᠍ᠴᠢ᠄
- ᠨᠡᠪᠲᠡᠷᠡᠭᠦᠯᠦᠭᠴᠢ᠄
- ᠮᠡᠷᠭᠡᠵᠢᠯ᠄
ᠨᠠᠢᠷᠠᠭᠤᠯᠤᠭ᠍ᠴᠢ᠄ ᠪᠣᠣ ᠮᠧᠢ ᠷᠥᠩ
ᠣᠷᠴᠢᠭᠤᠯᠤᠭ᠍ᠴᠢ᠄




ᠰᠢᠭᠦᠮᠵᠢ ᠠᠯᠠᠭ᠎ᠠ ᠂ ᠬᠤᠷᠳᠤᠨ ᠨᠢᠭᠡᠳᠦᠭᠡᠷ ᠵᠤᠷᠪᠤᠰ ᠰᠢᠭᠦᠮᠵᠢ ᠨᠡᠢ᠌ᠲᠡᠯᠡᠭᠡᠷᠡᠢ᠃