ᠭᠣᠣᠯ ᠰᠡᠳᠦᠪᠲᠦ ᠮᠡᠳᠡᠭᠡᠯᠡᠯ > ᠮᠠᠨ᠎ᠤ᠋ ᠳᠡᠷᠭᠡᠳᠡᠬᠢ ᠯᠸᠢ ᠹᠸᠩ

2023-05-31 10:41:46

ᠵᠣᠬᠢᠶᠠᠭ᠍ᠴᠢ᠄ ᠲᠡᠭᠦᠰᠪᠢᠯᠢᠭ ᠣᠩᠱᠢᠭ᠍ᠰᠠᠨ ᠣᠳᠠᠭ᠎ᠠ᠄ 3

《ᠠᠪᠠᠭ᠎ᠠ ᠂ ᠠᠨᠢᠶ᠎ᠠ᠎ᠨᠠᠷ ᠰᠠᠢᠨ ᠪᠠᠢᠵᠠᠭᠠᠨ᠎ᠠ ᠦᠦ? ᠠᠭᠤᠯᠵᠠᠭ᠎ᠠ ᠦᠭᠡᠢ ᠤᠳᠠᠯ᠎ᠠ ᠂ ᠨᠠᠳᠠ ᠵᠢ ᠰᠠᠨᠠᠭ᠍ᠰᠠᠨ ᠪᠢᠵᠠ?》 ᠭᠡᠵᠦ ᠮᠠ ᠮᠧᠢ ᠱᠢᠶᠠ ᠨᠠᠰᠤᠲᠠᠨ ᠎ᠢ ᠠᠰᠠᠷᠠᠬᠤ ᠬᠦᠷᠢᠶᠡᠯᠡᠩ ᠎ᠦᠨ ᠡᠭᠦᠳᠡ ᠪᠡᠷ ᠣᠷᠣᠮᠠᠭ᠍ᠴᠠ ᠪᠠᠨ ᠨᠠᠰᠤᠲᠠᠢᠴᠤᠳ ᠎ᠲᠠᠶ ᠬᠠᠯᠠᠭᠤᠮᠰᠤᠭ᠎ᠢᠶᠠᠷ ᠮᠡᠨᠳᠦᠴᠢᠯᠡᠨ᠎ᠡ᠃ 《ᠭᠠᠷᠠᠭ ᠎ᠤᠨ ᠰᠡᠭᠦᠯᠴᠢ ᠵᠢᠨ ᠠᠮᠠᠷᠠᠯᠳᠠ ᠵᠢᠨ ᠡᠳᠦᠷ᠎ᠢ ᠠᠮᠵᠢᠭᠤᠯᠵᠤ ᠲᠠ᠎ᠨᠠᠷ᠎ᠢᠶᠡᠨ ᠦᠵᠡᠬᠦ᠌ ᠎ᠪᠡᠷ ᠢᠷᠡᠭᠰᠡᠨ᠂ ᠲᠠ ᠨᠠᠷ ᠲᠦ᠍ ᠪᠢ ᠰᠢᠨ᠎ᠡ ᠰᠤᠷᠭᠤᠭ ᠵᠢᠮᠢᠰ ᠨᠤᠭᠤᠭ᠎ᠠ ᠠᠪᠴᠢᠷᠠᠯ᠎ᠡ》 ᠬᠡᠵᠦ ᠲᠡᠷᠡ ᠨᠠᠰᠤᠳᠠᠢᠴᠤᠳ ᠲᠠᠢ ᠵᠤᠭᠤᠭ᠎ᠤᠨ ᠤᠭᠤᠳᠠ ᠪᠠᠨ ᠲᠡᠯᠭᠡᠯ᠎ᠡ ᠃

3 ᠰᠠᠷ᠎ᠠ᠎ᠶ᠋ᠢᠨ 5 ᠎ᠤ᠋ ᠡᠳᠦᠷ ᠂ ᠪᠠᠶᠠᠨᠨᠠᠭᠤᠷ ᠬᠤᠳᠠ ᠎ᠶ᠋ᠢᠨ ᠳ᠋ᠸᠩᠺᠸᠤ ᠱᠢᠶᠠᠨ ᠎ᠤ ᠬᠡᠦᠬᠡᠳ᠎ᠦᠨ ᠴᠡᠴᠡᠷᠯᠢᠭ᠎ᠦᠨ ᠳᠡᠳ᠋ ᠳᠠᠷᠤᠭ᠎ᠠ ᠮᠠ ᠮᠧᠢ ᠱᠢᠶᠠ ᠳ᠋ᠸᠩᠺᠸᠤ ᠱᠢᠶᠠᠨ᠎ᠤ ᠨᠠᠰᠤᠲᠠᠨ᠎ᠢ ᠠᠰᠠᠷᠠᠬᠤ ᠬᠦᠷᠢᠶᠡᠯᠡᠩ ᠎ᠳᠦ ᠬᠦᠷᠴᠦ᠍ ᠨᠠᠰᠤᠳᠠᠢᠴᠤᠳ᠎ᠢ ᠪᠣᠯᠭᠣᠭᠠᠨ ᠲᠤᠬᠤᠨᠢᠭᠤᠯᠵᠤ᠂ ᠳᠡᠳᠡᠨ ᠎ᠳᠦ ᠡᠯ᠎ᠡ ᠵᠦᠢᠯ᠎ᠦᠨ ᠱᠢᠨ᠎ᠡ ᠰᠣᠷᠭᠣᠭ ᠵᠢᠮᠢᠰ ᠪᠣᠯᠤᠨ ᠲᠣᠬᠣᠨᠢᠭᠤᠯᠬᠤ ᠪᠣᠳᠠᠰ ᠠᠪᠴᠢᠷᠠᠵᠤ ᠦᠭᠬᠦᠭᠰᠡᠨ ᠪᠠᠢᠯ᠎ᠠ᠃ ᠲᠡᠷᠡ ᠪᠠᠰᠠ ᠦᠷᠭᠦᠯᠵᠢ ᠬᠡᠦᠬᠡᠳ᠎ᠦᠨ ᠴᠡᠴᠡᠷᠯᠢᠭ᠎ᠦᠨ ᠪᠢᠴᠢᠬᠠᠨ ᠬᠡᠦᠭᠡᠳ᠎ᠢ ᠵᠣᠬᠢᠶᠠᠨ ᠪᠠᠢᠭᠤᠯᠵᠤ ᠨᠠᠰᠤᠲᠠᠨ ᠎ᠢ ᠠᠰᠠᠷᠠᠬᠤ ᠬᠦᠷᠢᠶᠡᠯᠡᠩ ᠎ᠳᠦ ᠲᠣᠭ᠍ᠯᠠᠯᠲᠠ ᠭᠠᠷᠭᠠᠵᠤ ᠂ ᠨᠠᠰᠤᠳᠠᠢᠴᠤᠳ᠎ᠤᠨ ᠤᠢᠳᠭᠠᠷ ᠎ᠢ ᠰᠡᠷᠭᠦᠭᠡᠳᠡᠭ ᠠᠵᠢ᠃

ᠮᠠ ᠮᠧᠢ ᠱᠢᠶᠠ ᠪᠣᠯ ᠬᠠᠯᠠᠭᠤᠨ ᠰᠡᠳᠬᠢᠯᠳᠦ ᠬᠥᠮᠦᠨ ᠶᠤᠮ ᠂ ᠶᠡᠷᠦᠨᠢ ᠪᠤᠰᠤᠳ ᠎ᠢ ᠬᠠᠪᠰᠤᠷᠬᠤ ᠪᠡᠷ ᠵᠤᠯ ᠵᠢᠷᠭᠠᠯ ᠎ᠢᠶᠡᠨ ᠪᠤᠯᠭᠠᠳᠠᠭ᠃ ᠤᠯᠠᠨ ᠵᠢᠯ ᠎ᠦᠨ ᠲᠤᠷᠰᠢ ᠂ ᠲᠡᠷᠡ ᠢᠮᠠᠭ᠍ᠲᠠ ᠯᠸᠢ ᠹᠸᠩ ᠨᠥᠬᠥᠷ ᠎ᠢᠶᠡᠷ ᠦᠯᠢᠭᠡᠷ ᠳᠠᠭᠤᠷᠢᠶᠠᠯ ᠪᠣᠯᠭᠠᠵᠤ᠂ ᠠᠵᠢᠯ ᠎ᠢᠶᠡᠨ ᠨᠠᠷᠢᠨ ᠬᠢᠨᠠᠮᠠᠭᠠᠢ᠂ ᠬᠠᠷᠢᠭᠤᠴᠠᠯᠭ᠎ᠠ ᠲᠠᠢ᠂ ᠬᠠᠯᠠᠭᠤᠨ ᠰᠡᠳᠭᠢᠯ ᠎ᠢᠶᠡᠷ ᠰᠠᠢᠲᠤᠷ ᠪᠡᠶᠡᠯᠡᠭᠦᠯᠵᠦ᠍᠂ ᠴᠠᠭᠠᠪᠤᠷ ᠰᠡᠳᠬᠢᠯ᠂ ᠦᠭᠬᠢᠶᠡᠮᠦᠷ ᠬᠠᠢᠷ᠎ᠠ᠂ ᠠᠭᠤᠳᠠᠮᠴᠢ ᠣᠪᠣᠷ ᠎ᠢᠶᠠᠷ ᠠᠮᠢᠳᠤᠷᠠᠯ᠎ᠳ᠋ᠤ ᠬᠠᠨᠳᠤᠵᠤ ᠂ ᠳᠡᠷᠭᠡᠳᠡᠬᠢ ᠬᠥᠮᠦᠨ ᠪᠣᠯᠭᠠᠨ ᠵᠢᠡᠨ ᠬᠠᠢᠷ᠎ᠠ ᠬᠠᠯᠠᠮᠵᠢ᠂ ᠬᠠᠯᠠᠭᠤᠨ ᠰᠡᠳᠬᠢᠯ ᠎ᠢᠶᠡᠷ ᠲᠤᠯᠠᠭᠠᠴᠠᠭᠤᠯᠤᠭᠰᠠᠭᠠᠷ ᠢᠷᠡᠵᠠᠢ᠃

2021 ᠣᠨ᠎ᠤ ᠨᠠᠮᠤᠷ᠂ ᠮᠠ ᠮᠧᠢ ᠱᠢᠶᠠ ᠳ᠋ᠸᠩᠺᠸᠤ ᠱᠢᠶᠠᠨ ᠎ᠤ ᠬᠡᠦᠬᠡᠳ ᠎ᠦᠨ ᠴᠡᠴᠡᠷᠯᠢᠭ ᠎ᠲᠦ ᠠᠩᠬ᠎ᠠ ᠠᠵᠢᠯᠯᠠᠮᠠᠭᠴᠠ ᠪᠠᠨ ᠨᠢᠭᠡᠨ ᠪᠢᠴᠢᠬᠠᠨ ᠬᠡᠦᠬᠡᠳ᠎ᠦᠨ ᠭᠡᠷ ᠪᠦᠯᠢ ᠎ᠶ᠋ᠢᠨ ᠬᠢᠨᠢ ᠪᠠᠢᠳᠠᠯ ᠣᠨᠴᠠᠭᠠᠢ ᠪᠠᠢᠬᠤ ᠵᠢ ᠤᠯᠵᠤ ᠮᠡᠳᠡᠪᠡ — ᠬᠡᠦᠭᠡᠳ᠎ᠤᠨ ᠠᠪᠤ ᠨᠢ ᠭᠠᠳᠠᠨ᠎ᠠ ᠣᠷᠣᠨ ᠎ᠳᠤ ᠠᠵᠢᠯᠯᠠᠵᠤ ᠪᠠᠢᠬᠤ ᠪᠥᠭᠡᠳ ᠡᠵᠢ ᠎ᠶ᠋ᠢᠨ ᠬᠢᠨᠢ ᠠᠵᠢᠯ ᠨᠢ ᠴᠸ᠋ ᠮᠠᠰᠢ ᠶᠠᠭᠠᠷᠠᠤ ᠪᠤᠯᠬᠤᠷ ᠬᠡᠦᠭᠡᠳ ᠎ᠢᠶᠡᠨ ᠢᠮᠠᠭᠳᠠ ᠴᠠᠭ᠎ᠲᠠᠭᠠᠨ ᠲᠤᠰᠭᠤ ᠎ᠪᠠᠷ ᠢᠷᠡᠵᠦ᠍ ᠳᠡᠢᠯᠬᠦ᠌ ᠦᠬᠡᠢ ᠪᠠᠢᠪᠠ᠃ ᠮᠠ ᠮᠧᠢ ᠱᠢᠶᠠ ᠪᠦᠬᠦᠯᠢ ᠨᠢᠭᠡ ᠵᠢᠯ ᠰᠠᠨᠠᠭᠠᠴᠢᠯᠠᠭ᠎ᠠ ᠎ᠠᠴᠠ ᠎ᠪᠠᠨ ᠰᠤᠷᠭᠠᠭᠤᠯᠢ ᠲᠠᠷᠬᠠᠭ᠍ᠰᠠᠨ ᠎ᠤ ᠲᠠᠷᠠᠭ᠎ᠠ ᠬᠡᠦᠬᠡᠳ ᠎ᠢ ᠬᠠᠷᠠᠵᠤ ᠬᠠᠷᠠᠭᠠᠯᠵᠠᠵᠤ ᠦᠭᠪᠡ᠃ ᠬᠡᠦᠬᠡᠳ ᠎ᠦᠨ ᠴᠡᠴᠡᠷᠯᠢᠭ ᠎ᠦᠨ ᠠᠯᠢ ᠨᠢᠭᠡ ᠬᠡᠷ ᠎ᠦ᠋ᠨ ᠠᠬᠠᠮᠠᠳ ᠨᠢ ᠴᠸ᠋ ᠶᠠᠭᠠᠷᠠᠤ ᠪᠠᠴᠢᠮ ᠤᠴᠢᠷ ᠶᠠᠪᠤᠳᠠᠯ ᠵᠢᠡᠷ ᠬᠡᠦᠬᠡᠳ ᠎ᠢᠶᠡᠨ ᠴᠠᠭ ᠲᠤᠬᠠᠢ ᠳ᠋ᠤᠨᠢ ᠲᠤᠰᠴᠤ᠌ ᠳᠡᠢᠯᠬᠦ᠌ ᠦᠭᠡᠢ ᠪᠠᠢᠪᠠᠯ ᠮᠠ ᠮᠧᠢ ᠱᠢᠶᠠ ᠮᠦᠨ ᠴᠸ᠋ ᠶᠠᠮᠠᠷ ᠴᠦ᠍ ᠤᠴᠠᠭᠠᠷ ᠤᠨᠳᠤᠭᠤ ᠦᠭᠡᠢ ᠎ᠪᠡᠷ ᠭᠡᠷ ᠎ᠦᠨ ᠠᠬᠠᠮᠠᠳ ᠎ᠢ ᠬᠠᠪᠰᠤᠷᠴᠤ ᠬᠡᠦᠭᠡᠳ ᠎ᠢ ᠨᠢ ᠬᠠᠷᠠᠵᠤ ᠬᠠᠷᠠᠭᠠᠯᠵᠠᠵᠤ ᠦᠭᠳᠡᠭ᠃

ᠬᠡᠦᠬᠡᠳ᠎ᠦᠨ ᠴᠡᠴᠡᠷᠯᠢᠭ᠎ᠲᠦ ᠢᠷᠡᠵᠤ ᠠᠵᠢᠯᠯᠠᠭ᠍ᠰᠠᠨ ᠡᠴᠡ ᠨᠠᠭᠠᠰᠢ ᠮᠠ ᠮᠧᠢ ᠱᠢᠶᠠ ᠡᠳᠦᠷ ᠪᠦᠷᠢ ᠵᠢ ᠦᠰᠪᠦᠷᠢ ᠵᠢᠨ ᠬᠡᠦᠭᠡᠳ ᠲᠠᠢ ᠬᠠᠮᠳᠤ ᠦᠩᠭᠡᠷᠡᠭᠡᠵᠦ᠂ ᠬᠡᠦᠬᠡᠳ ᠪᠠᠭᠠᠴᠤᠳ᠎ᠲᠸ᠋ ᠤᠨᠴᠠ ᠵᠢᠨ ᠬᠠᠢᠷ᠎ᠠ ᠰᠡᠳᠬᠢᠯᠭᠡ ᠲᠠᠢ ᠪᠤᠯᠵᠤ ᠤᠨᠴᠠᠭᠠᠢ ᠠᠩᠬᠠᠷᠤᠨ ᠬᠠᠯᠠᠮᠵᠢᠯᠠᠳᠠᠭ ᠃ ᠬᠡᠷᠪᠡ ᠶᠠᠮᠠᠷ ᠨᠢᠭᠡᠨ ᠬᠡᠦᠬᠡᠳ ᠭᠠᠭ᠍ᠴᠠᠭᠠᠷ ᠎ᠢᠶᠠᠨ ᠵᠠᠮ ᠎ᠤᠨ ᠬᠠᠵᠠᠭᠤ ᠎ᠳᠤ ᠨᠠᠭᠠᠳᠴᠤ ᠪᠠᠢᠬᠤ ᠪᠤᠶᠤ ᠵᠠᠰᠠᠮᠠᠯ ᠵᠠᠮ ᠎ᠲᠠᠶ ᠣᠢᠷᠠᠳᠭᠤ ᠎ᠶ᠋ᠢ ᠣᠯᠵᠤ ᠬᠠᠷᠠᠪᠠᠯ᠂ ᠲᠡᠷᠡ ᠡᠩ ᠲᠡᠷᠢᠭᠦᠨ ᠎ᠳᠦ ᠬᠡᠦᠬᠡᠳ ᠲᠸ᠋ ᠠᠮᠤᠷ ᠲᠦᠪᠱᠢᠨ ᠎ᠢ ᠠᠩᠬᠠᠷᠬᠤ ᠵᠢ ᠢᠳᠬᠠᠬᠤ ᠎ᠶ᠋ᠢᠨ ᠬᠠᠮᠲᠤ ᠂ ᠭᠡᠷ ᠎ᠦᠨ ᠠᠬᠠᠮᠠᠳ ᠲᠤᠨᠢ ᠬᠡᠦᠬᠡᠳ ᠎ᠢᠶᠡᠨ ᠰᠠᠢᠲᠤᠷ ᠬᠠᠮᠠᠭᠠᠯᠠᠬᠤ ᠵᠢ ᠰᠠᠨᠠᠭᠤᠯᠳᠠᠭ ᠃ ᠬᠡᠦᠬᠡᠳ ᠎ᠦᠨ ᠭᠡᠷ ᠎ᠦᠨ ᠠᠬᠠᠮᠠᠳ ᠨᠢ ᠲᠡᠷᠭᠡᠳᠡ ᠨᠢ ᠪᠠᠢᠬᠤ ᠦᠭᠡᠢ᠎ᠦᠶᠡᠰ ᠲᠸ᠋ ᠂ ᠬᠡᠦᠬᠡᠳ ᠎ᠢ ᠬᠠᠪᠰᠤᠷᠴᠤ᠌ ᠠᠪᠤ ᠡᠵᠢ ᠎ᠶ᠋ᠢ ᠨᠢ ᠡᠷᠢᠵᠦ᠍ ᠦᠭᠳᠡᠭ ᠃ ᠨᠢᠭᠡᠨ ᠤᠳᠠᠭ᠎ᠠ ᠂ ᠲᠡᠷᠡ ᠠᠵᠢᠯ ᠎ᠠᠴᠠ ᠎ᠪᠠᠨ ᠪᠠᠭᠤᠵᠤ ᠭᠡᠷ᠎ᠲᠡᠬᠡᠨ ᠬᠠᠷᠢᠬᠤ ᠵᠠᠮ᠎ᠳᠠᠭᠠᠨ ᠨᠢᠭᠡᠨ ᠪᠢᠴᠢᠬᠠᠨ ᠬᠡᠦᠭᠡᠨ ᠵᠠᠮ ᠎ᠤᠨ ᠬᠠᠵᠠᠭᠤ ᠎ᠳᠤ ᠭᠠᠭᠴᠠᠭᠠᠷ᠎ᠢᠶᠡᠨ ᠡᠷᠭᠢᠴᠡᠵᠦ᠍ ᠪᠠᠢᠬᠤ ᠎ᠶ᠋ᠢ ᠣᠯᠵᠤ ᠬᠠᠷᠠᠪᠠ᠃ ᠲᠡᠷᠡ ᠂ ᠲᠠᠷᠤᠢᠬᠠᠨ ᠪᠢᠴᠢᠬᠠᠨ ᠬᠡᠦᠭᠡᠨ᠎ᠤ ᠲᠡᠷᠭᠡᠳᠡ ᠨᠢ ᠬᠦᠷᠴᠦ ᠪᠠᠢᠳᠠᠯ᠎ᠢ ᠤᠢᠯᠠᠭᠠᠪᠠ᠃ ᠬᠡᠦᠬᠡᠳ ᠎ᠦᠨ ᠡᠵᠢ ᠨᠢ ᠬᠤᠪᠴᠠᠰᠤᠨ᠎ᠤ ᠲᠡᠯᠭᠡᠬᠦᠷ ᠨᠡᠭᠡᠭᠡᠳᠡᠭ᠂ ᠪᠢᠴᠢᠬᠠᠨ ᠬᠡᠦᠭᠡᠨ ᠡᠵᠢ ᠪᠠᠨ ᠡᠷᠢᠵᠤ ᠤᠯᠬᠤ ᠦᠭᠡᠢ ᠲᠥᠭᠡᠷᠢᠴᠢᠭᠡᠭᠰᠡᠨ᠂ ᠬᠡᠦᠭᠡᠳ ᠎ᠦᠨ ᠳᠥᠭᠥᠮᠬᠡᠨ ᠳᠦᠷᠰᠦᠯᠡᠯ ᠎ᠢᠶᠡᠷ ᠲᠠᠮᠵᠢᠨ ᠮᠠ ᠮᠧᠢ ᠱᠢᠶᠠ ᠶᠡᠬᠡ ᠲᠥᠯᠥᠪ ᠣᠷᠣᠨ ᠪᠠᠢᠷᠢ ᠎ᠶ᠋ᠢ ᠨᠢ ᠮᠠᠭᠠᠳᠯᠠᠵᠤ ᠂ ᠤᠳᠠᠯ ᠦᠭᠡᠢ ᠬᠡᠦᠬᠡᠳ ᠎ᠢ ᠳᠠᠭᠠᠭᠤᠯᠤᠨ ᠡᠵᠢ ᠬᠡᠦᠭᠡᠳ᠎ᠢ ᠵᠤᠯᠭᠠᠭᠤᠯᠪᠠ᠃

ᠮᠠ ᠮᠧᠢ ᠱᠢᠶᠠ ᠪᠠᠰᠠ ᠰᠠᠢ᠌ᠨ ᠳᠤᠷ᠎ᠠ ᠎ᠶ᠋ᠢᠨ ᠢᠳᠡᠪᠬᠢᠳᠡᠨ ᠮᠦᠨ᠃ ᠪᠠᠶᠠᠷ ᠳᠤᠷᠠᠰᠭᠠᠯ ᠎ᠤᠨ ᠡᠳᠦᠷ ᠭᠡᠰᠡᠨ ᠦᠭᠡᠢ ᠂ ᠬᠠᠬᠢᠷ ᠬᠦᠢᠳᠡᠨ ᠠᠭᠠᠬᠢᠮ᠎ᠠ ᠬᠠᠯᠠᠭᠤᠨ ᠳ᠋ᠤ ᠴᠤ᠌ ᠬᠡᠰᠡᠨ ᠦᠭᠡᠢ᠂ ᠭᠠᠵᠠᠷ ᠪᠣᠯᠭᠠᠨ ᠎ᠳᠤ ᠲᠡᠭᠦᠨ ᠎ᠦ ᠪᠠᠷ᠎ᠠ ᠬᠠᠷᠠᠭ᠍ᠳᠠᠵᠤ ᠯᠡ ᠪᠠᠢᠳᠠᠭ ᠃ ᠲᠡᠭᠦᠨ ᠎ᠦ ᠲᠠᠭᠠᠭᠤᠯᠭ᠎ᠠ ᠳᠣᠣᠷ᠎ᠠ ᠂ ᠳ᠋ᠸᠩᠺᠸᠤ ᠱᠢᠶᠠᠨ ᠎ᠤ ᠰᠤᠷᠭᠠᠨ ᠬᠥᠮᠦᠵᠢᠯ ᠎ᠦ᠋ᠨ ᠱᠢᠰᠲ᠋ᠧᠮ ᠎ᠦᠨ ᠨᠡᠩ ᠤᠯᠠᠨ ᠡᠮᠡᠭ᠌ᠲᠡᠢ ᠠᠵᠢᠯᠳᠠᠨ ᠠᠵᠢᠯᠴᠢᠨ ᠪᠦᠬᠦ᠌ ᠱᠢᠶᠠᠨ ᠴᠢᠨᠠᠭ᠍ᠰᠢᠯᠠᠪᠠᠯ ᠪᠦᠬᠦ᠌ ᠬᠤᠳᠠ ᠎ᠶ᠋ᠢᠨ ᠵᠠᠯᠠᠭᠤᠴᠤᠳ ᠎ᠤᠨ ᠰᠠᠢ᠌ᠨ ᠳᠤᠷ᠎ᠠ ᠎ᠶ᠋ᠢᠨ ᠦᠢᠯᠡᠴᠢᠯᠡᠭᠡᠨ ᠎ᠦ ᠠᠵᠢᠯᠯᠠᠭ᠎ᠠ ᠎ᠳᠤ ᠢᠳᠡᠪᠬᠢᠲᠡᠢ ᠣᠷᠣᠯᠴᠠᠪᠠ ᠂ ᠲᠡᠷᠡ ᠪᠠᠰᠠ ᠲᠤᠰᠭᠠᠢᠯᠠᠨ ᠵᠢᠷᠭᠢᠶ᠎ᠠ ᠎ᠶ᠋ᠢᠨ ᠴᠤᠬᠯᠠᠭᠠᠨ —《ᠰᠤᠷᠭᠠᠨ ᠬᠦᠮᠤᠵᠢᠯ᠎ᠦᠨ ᠰᠢᠰᠲᠧᠮ᠎ᠦᠨ ᠬᠠᠮᠤᠭ᠎ᠦᠨ ᠭᠤᠶᠤ ᠡᠮᠡᠭᠳᠠᠢᠴᠤᠳ ᠎ᠦᠨ ᠴᠤᠬᠯᠠᠭᠠᠨ》 ᠎ᠢ᠋ ᠪᠠᠢᠭᠤᠯᠵᠤ ᠂ ᠲᠡᠳᠡᠨ ᠎ᠦ ᠤᠯᠠᠨ ᠤᠳᠠᠭᠠᠨ ᠎ᠤ ᠰᠠᠢ᠌ᠨ ᠳᠤᠷ᠎ᠠ ᠶ᠋ᠢᠨ ᠦᠢᠯᠡᠴᠢᠯᠡᠭᠡ ᠨᠢ ᠱᠢᠶᠠᠨ᠎ᠤ ᠡᠪᠯᠡᠯ᠎ᠦᠨ ᠬᠣᠷᠢᠢ᠎ᠠ ᠂ ᠬᠤᠳᠠ ᠵᠢᠨ ᠡᠪᠯᠡᠯ ᠎ᠦᠨ ᠬᠣᠷᠢᠢ᠎ᠠ ᠵᠢᠴᠢ ᠨᠡᠢᠭᠡᠮ ᠎ᠦᠨ ᠰᠠᠢ᠌ᠨ ᠦᠨᠡᠯᠡᠯᠲᠡ ᠎ᠶ᠋ᠢ ᠣᠯᠵᠠᠢ ᠃

《 ᠬᠥᠮᠦᠨ ᠎ᠦ ᠨᠢᠭᠡ ᠨᠠᠰᠤ ᠬᠡᠵᠤ ᠮᠠᠰᠢ ᠣᠬᠣᠷᠬᠠᠨ ᠶᠤᠮ᠂ ᠪᠤᠰᠤᠳ ᠎ᠢ ᠬᠠᠪᠰᠤᠷᠴᠤ᠌ ᠂ ᠪᠤᠰᠤᠳ ᠎ᠲᠤ ᠬᠡᠷᠡᠭ᠌ᠴᠡᠭᠡ ᠎ᠲᠡᠶ ᠬᠥᠮᠦᠨ ᠪᠣᠯᠬᠤ ᠪᠣᠯ ᠮᠢᠨᠦ᠍ ᠠᠵᠠ ᠵᠠᠪᠱᠢᠶᠠᠨ ᠮᠦᠨ ᠂ ᠨᠡᠩ ᠴᠤ᠌ ᠮᠢᠨᠦ᠍ ᠵᠣᠯ ᠵᠢᠷᠭᠠᠯ ᠮᠥᠨ》 ᠭᠡᠵᠦ᠍ ᠮᠠ ᠮᠧᠢ ᠱᠢᠶᠠ ᠬᠡᠯᠡᠪᠡ᠃

  • ᠨᠠᠢᠷᠠᠭᠤᠯᠤᠭ᠍ᠴᠢ᠄

  • ᠨᠡᠪᠲᠡᠷᠡᠭᠦᠯᠦᠭᠴᠢ᠄

  • ᠮᠡᠷᠭᠡᠵᠢᠯ᠄

ᠨᠠᠢᠷᠠᠭᠤᠯᠤᠭ᠍ᠴᠢ᠄ ᠣᠷᠬᠢᠯ

ᠣᠷᠴᠢᠭᠤᠯᠤᠭ᠍ᠴᠢ᠄

ᠢᠷᠡᠯᠲᠡ᠄ ᠳᠤᠮᠳᠠᠳᠤ ᠤᠯᠤᠰ᠎ᠤ᠋ᠨ ᠮᠣᠩᠭᠣᠯ ᠬᠡᠯᠡᠨ᠎ᠦ᠌ ᠰᠣᠨᠢᠨ ᠮᠡᠳᠡᠭᠡ᠎ᠶ᠋ᠢᠨ ᠰᠦᠯᠵᠢᠶ᠎ᠡ
兼容浏览器的HTML页面