2023-03-06 10:39:22
ᠵᠠᠩ ᠵᠧᠨ ᠹᠧᠶ᠎ᠲᠡᠶ ᠠᠭᠤᠯᠵᠠᠬᠤ ᠳ᠋ᠤ᠂ ᠲᠡᠷᠡ ᠶᠠᠭ ᠬᠢᠨᠠᠨ ᠡᠵᠡᠮᠳᠡᠬᠦ᠌ ᠳᠠᠰᠤᠭ᠎ᠲᠠᠭᠠᠨ ᠴᠠᠭ᠍ᠳᠠᠨ ᠲᠣᠭᠣᠷᠢᠵᠤ ᠪᠠᠢᠯ᠎ᠠ᠃ ᠡᠴᠡᠩᠬᠡᠢ ᠪᠡᠶ᠎ᠡ ᠲᠠᠢ᠂ ᠪᠤᠷᠤᠪᠳᠤᠷ ᠴᠢᠷᠠᠢ ᠲᠠᠢ ᠂ ᠲᠡᠭᠦᠨ ᠢ ᠬᠠᠷᠠᠬᠤ ᠳ᠋ᠦ ᠪᠤᠰᠤᠳ ᠡᠴᠡ ᠤᠨᠴᠠᠭᠠᠢᠷᠠᠮᠠᠷ ᠶᠠᠭᠤᠮ᠎ᠠ ᠦᠬᠡᠢ ᠪᠤᠯᠪᠠᠴᠤ ᠬᠥᠮᠦᠨ᠎ᠢ ᠪᠢᠱᠢᠷᠡᠭᠦᠯᠦᠨᠡ᠃ ᠣᠯᠠᠨ ᠵᠢᠯ᠎ᠦᠨ ᠲᠤᠷᠰᠢ᠂ ᠲᠡᠷᠡ ᠨᠡᠢᠲᠡ᠎ᠶ᠋ᠢᠨ ᠠᠰᠠᠷᠠᠮᠵᠢ᠎ᠶ᠋ᠢᠨ ᠦᠢᠯᠡᠰ᠎ᠤᠨ ᠲᠦᠯᠦᠬᠡ ᠵᠢᠳᠬᠦᠭᠰᠡᠨ ᠡᠴᠡ 《 ᠱᠢᠦᠳᠠᠨ᠎ᠤ ᠯᠧᠢ ᠹᠧᠩ 》 ᠭᠡᠰᠡᠨ ᠰᠠᠢᠬᠠᠨ ᠴᠤᠯᠠ ᠣᠯᠤᠭ᠍ᠰᠠᠨ ᠪᠠᠢᠨ᠎ᠠ᠃
1995 ᠣᠨ᠎ᠳᠤ᠂ ᠵᠠᠩ ᠵᠧᠨ ᠹᠧᠶ ᠳᠤᠮᠳᠠᠳᠤ ᠤᠯᠤᠰ᠎ᠤᠨ ᠱᠢᠤᠳᠠᠨ᠎ᠤ ᠪᠠᠶᠠᠨᠨᠠᠭᠤᠷ ᠬᠣᠲᠠ᠎ᠶ᠋ᠢᠨ ᠬᠤᠪᠢᠶᠠᠷᠢ ᠺᠣᠮᠫᠠᠨᠢ᠎ᠶ᠋ᠢᠨ ᠨᠢᠭᠡᠨ ᠰᠢᠤᠳᠠᠨ ᠬᠦᠷᠭᠡᠭ᠌ᠴᠢ ᠪᠣᠯᠪᠠ᠃ ᠪᠠᠢᠭᠤᠯᠭᠠᠳᠦᠨᠢ ᠬᠥᠮᠦᠨ ᠴᠥᠭᠡᠨ ᠪᠣᠯᠬᠣᠷ ᠲᠡᠷᠡ ᠡᠳᠦᠷ ᠪᠦᠷᠢ᠎ᠶ᠋ᠢᠨ ᠦᠳᠡ᠎ᠶ᠋ᠢᠨ ᠡᠮᠦᠨ᠎ᠡ ᠪᠠ ᠦᠳᠡ᠎ᠶ᠋ᠢᠨ ᠬᠣᠢᠨ᠎ᠠ᠎ᠶ᠋ᠢᠨ ᠬᠣᠶᠠᠷ ᠡᠭᠡᠯᠵᠢ᠎ᠶ᠋ᠢᠨ ᠰᠢᠤᠳᠠᠨ ᠬᠦᠷᠭᠡᠬᠦ᠌ ᠠᠵᠢᠯ᠎ᠢ ᠰᠠᠨᠠᠭᠠᠴᠢᠯᠠᠭ᠎ᠠ᠎ᠡᠴᠡ᠎ᠪᠠᠨ ᠡᠭᠦᠷᠭᠡᠯᠡᠵᠦ᠍ ᠡᠬᠢᠯᠡᠵᠡᠶ᠃ ᠲᠤᠬᠠᠢᠯᠠᠭ᠍ᠰᠠᠨ ᠠᠵᠢᠯ᠎ᠢᠶᠠᠨ ᠰᠠᠢᠲᠤᠷ ᠬᠢᠬᠦ᠌᠎ᠡᠴᠡ ᠭᠠᠳᠠᠨ᠎ᠠ᠂ ᠲᠡᠷᠡ ᠪᠠᠰᠠ ᠦᠷᠭᠦᠯᠵᠢ ᠬᠤᠪᠢᠳᠠᠬᠰᠠᠨ ᠲᠣᠭᠣᠷᠢᠭ ᠳᠣᠲᠣᠷᠠᠬᠢ ᠬᠡᠷᠡᠭ᠌ᠯᠡᠭ᠌ᠴᠢᠳ᠎ᠲᠦ ᠠᠮᠤ ᠪᠤᠳᠠᠭ᠎ᠠ ᠭᠤᠯᠢᠷ ᠬᠤᠳᠠᠯᠳᠤᠨ ᠠᠪᠴᠤ᠌ ᠥᠭ᠌ᠬᠦ᠂ ᠱᠢᠦᠳᠠᠨ᠎ᠤ ᠵᠦᠢᠯ᠎ᠢ ᠣᠷᠣᠯᠠᠨ ᠭᠦᠢᠴᠡᠳᠭᠡᠬᠦ᠌᠂ ᠰᠣᠨᠢᠨ ᠵᠠᠬᠢᠳᠠᠯ ᠤᠩᠱᠢᠨ ᠦᠭᠴᠤ᠂ 《ᠱᠢᠦᠳᠠᠨ᠎ᠤ ᠯᠸᠢ ᠹᠸᠩ》 ᠭᠡᠬᠦ᠌ ᠴᠤᠯᠠ ᠡᠭᠦᠨ᠎ᠡᠴᠡ ᠢᠷᠡᠭ᠌ᠰᠡᠨ ᠶᠤᠮ᠃
2000 ᠣᠨ᠎ᠳᠤ᠂ ᠵᠠᠩ ᠵᠧᠨ ᠹᠸᠢ ᠲᠧᠯᠸᠢᠰ ᠳᠡᠭᠡᠷ᠎ᠡ ᠡᠴᠡ ᠵᠠᠷᠢᠮ ᠠᠭᠤᠯᠠᠷᠬᠠᠭ ᠣᠷᠣᠨ᠎ᠤ ᠬᠡᠦᠬᠡᠳ ᠰᠤᠷᠭᠠᠭᠤᠯᠢ᠎ᠳᠤ ᠰᠠᠭᠤᠵᠤ ᠳᠡᠢᠯᠬᠦ᠌ ᠦᠭᠡᠢ ᠪᠠᠢᠬᠤ᠎ᠶ᠋ᠢ ᠣᠯᠵᠤ ᠦᠵᠡᠭᠡᠳ᠂ ᠵᠣᠭᠣᠰ ᠮᠥᠩᠭᠥ᠌ ᠡᠳ᠋ ᠪᠣᠳᠠᠰ ᠬᠠᠨᠳᠢᠪᠯᠠᠵᠤ᠂ ᠡᠨᠡ ᠬᠦ᠌ ᠬᠠᠨᠳᠢᠪᠯᠠᠯ ᠨᠢ ᠳᠠᠷᠤᠢ 23 ᠵᠢᠯ ᠦᠷᠬᠦᠯᠵᠢᠯᠠᠵᠠᠢ᠃ 《ᠲᠤᠬᠠᠢ᠎ᠶ᠋ᠢᠨ ᠦᠶ᠎ᠡ᠎ᠳᠦ ᠮᠢᠨᠦ᠍ ᠰᠠᠷ᠎ᠠ᠎ᠶ᠋ᠢᠨ ᠴᠠᠯᠢᠩ 1000 ᠲᠥᠭᠥᠷᠢᠭ ᠬᠦᠷᠬᠦ᠌ ᠦᠭᠡᠢ᠂ ᠪᠦᠬᠦᠨ᠎ᠢ ᠬᠠᠨᠳᠢᠪᠯᠠᠬᠰᠠᠨ ᠳ᠋ᠤ ᠡᠬᠡᠨᠡᠷ ᠮᠠᠨᠢ ᠡᠳᠦᠷ ᠪᠦᠷᠢ ᠭᠣᠮᠣᠳᠠᠯ ᠲᠣᠭᠠᠴᠢᠨ᠎ᠠ》 ᠂ 《 ᠵᠣᠯ᠎ᠢᠶᠠᠷ ᠬᠠᠭᠠᠰ ᠡᠳᠦᠷ ᠯᠡ ᠠᠵᠢᠯᠯᠠᠵᠤ᠂ ᠪᠤᠰᠤᠳ ᠴᠠᠭᠵᠢᠨᠷ ᠪᠢ ᠰᠤᠯᠠ ᠠᠵᠢᠯ ᠬᠢᠵᠦ᠍ ᠭᠡᠷ ᠪᠦᠯᠢ ᠵᠢᠨ ᠵᠠᠷᠤᠯᠭ᠎ᠠ ᠪᠠᠨ ᠨᠦᠬᠦᠪᠤᠷᠢᠯᠡᠳᠡᠭ 》 ᠬᠡᠵᠤ ᠵᠠᠩ ᠵᠸᠨ ᠹᠸᠢ ᠬᠡᠯᠡᠨ᠎ᠡ ᠃
2019 ᠣᠨ ᠳ᠋ᠤᠡᠷᠬᠢᠯᠳᠠ ᠭᠠᠷᠴᠠᠢ᠃ ᠲᠡᠭᠦᠨ᠎ᠢ ᠣᠯᠠᠨ ᠵᠢᠯ ᠣᠢᠯᠠᠭᠠᠬᠤ ᠥᠬᠡᠶ ᠪᠠᠢᠬᠰᠠᠨ ᠬᠡᠷᠬᠡᠢ ᠵᠢᠨ ᠬᠢᠨᠢ ᠬᠢᠳᠡᠯ᠂ ᠵᠠᠩ ᠵᠧᠨ ᠹᠧᠶ᠎ᠶ᠋ᠢ ᠮᠠᠰᠢ ᠰᠢᠨᠠᠯᠭᠠᠵᠤ ᠪᠠᠢᠪᠠ᠂ ᠨᠠᠶ᠋ᠮᠠᠨ ᠰᠠᠷ᠎ᠠ᠎ᠶ᠋ᠢᠨ ᠲᠡᠷᠭᠡᠯ ᠪᠠᠶᠠᠷ᠎ᠤᠨ ᠡᠳᠦᠷ᠂ ᠲᠡᠷᠡ 1000 ᠶᠧᠪᠡᠩ ᠬᠤᠳᠠᠯᠳᠤᠨ ᠠᠪᠴᠤ᠌᠂ ᠬᠡᠷᠬᠡᠢ ᠪᠠᠨ ᠳᠠᠭᠠᠭᠤᠯᠤᠨ ᠯᠢᠨ ᠾᠧ ᠲᠣᠭᠣᠷᠢᠭ᠎ᠤᠨ ᠴᠸᠨ ᠭᠤᠸᠠᠨ ᠳᠤᠮᠳᠠᠳᠤ ᠰᠤᠷᠭᠠᠭᠤᠯᠢ᠎ᠳᠤ ᠬᠦᠷᠴᠦ᠍ ᠤᠴᠢᠵᠠᠢ᠃ ᠡᠨᠳᠡᠬᠢ ᠬᠡᠦᠬᠡᠳ ᠤ᠋ᠳ ᠨᠢ ᠭᠠᠳᠠᠨ᠎ᠠ᠎ᠡᠴᠡ ᠢᠷᠡᠭ᠌ᠰᠡᠨ ᠬᠥᠯᠥᠰᠥᠨ ᠠᠵᠢᠯᠴᠢᠨ᠎ᠤ ᠦᠷ᠎ᠡ ᠬᠡᠦᠬᠡᠳ᠂ ᠡᠰᠡᠬᠦᠯ᠎ᠠ ᠰᠠᠯᠵᠤ ᠪᠤᠳᠠᠷᠠᠬᠰᠠᠨ ᠠᠢᠯ ᠤ᠋ᠨ ᠬᠡᠤᠬᠡᠳ ᠪᠤᠶᠤ ᠥᠨᠥᠴᠢᠨ ᠬᠡᠦᠬᠡᠳ ᠪᠤᠯᠤᠨ᠎ᠠ᠃ 《ᠪᠢ ᠬᠡᠷᠬᠡᠢᠲᠡᠶᠪᠡᠨ ᠶᠧᠪᠡᠩ᠎ᠢᠶᠡᠨ ᠬᠡᠦᠬᠡᠳ ᠤ᠋ᠳ ᠲᠤ᠌ ᠭᠠᠷᠳᠠᠭᠤᠯᠬᠤ ᠦᠶ᠎ᠡ ᠳ᠋ᠤ᠌ ᠬᠡᠷᠬᠡᠢ ᠮᠠᠨᠢ ᠭᠠᠷ ᠨᠢ ᠴᠡᠴᠡᠷᠡᠵᠦ᠍᠂ ᠨᠢᠳᠦ ᠨᠢ ᠵᠠᠢᠷᠳᠤᠨ ᠦᠬᠡ ᠬᠡᠯᠡᠵᠤ ᠭᠠᠷᠬᠤ ᠦᠬᠡᠢ ᠪᠠᠢᠯ᠎ᠠ᠃ ᠭᠡᠷ᠎ᠲᠡᠬᠡᠨ ᠬᠠᠷᠢᠮᠠᠭ᠍ᠴᠠ᠂ ᠲᠡᠭᠦᠨ᠎ᠦ ᠨᠢᠯᠪᠤᠰᠤ ᠨᠢ ᠶᠠᠭ ᠯᠠ ᠲᠠᠰᠤᠷᠠᠬᠰᠠᠨ ᠰᠤᠪᠤᠳ ᠱᠢᠭ᠋ ᠠᠰᠭᠠᠷᠠᠨ ᠪᠥᠮᠪᠥᠷᠢᠪᠠ》 ᠬᠡᠵᠤ ᠵᠠᠩ ᠵᠸᠨ ᠹᠸᠢ ᠲᠤᠤᠷ᠎ᠠ ᠲᠠᠭᠤᠨ ᠵᠢᠨᠷ ᠬᠡᠯᠡᠪᠡ᠃
ᠤᠳᠠᠭᠠᠨ ᠵᠢᠯ᠎ᠦᠨ ᠰᠡᠳᠭᠢᠯ᠎ᠦᠨ ᠵᠠᠩᠭᠢᠷᠠᠭ᠎ᠠ ᠨᠢ ᠡᠨᠡ ᠬᠦ᠌ ᠴᠠᠭ ᠮᠥᠴᠡ᠎ᠳᠦ ᠪᠦᠷᠢᠮᠦᠰᠦᠨ ᠲᠠᠢᠯᠤᠭ᠍ᠳᠠᠭ᠍ᠰᠠᠨ ᠡᠴᠡ ᠬᠣᠢᠰᠢ᠂ ᠵᠠᠩ ᠵᠧᠨ ᠹᠸᠢ ᠨᠡᠢᠲᠡ᠎ᠶ᠋ᠢᠨ ᠠᠰᠠᠷᠠᠮᠵᠢ᠎ᠶ᠋ᠢᠨ ᠵᠠᠮ ᠳᠡᠭᠡᠷ᠎ᠡ ᠪᠠᠰᠠ ᠨᠢᠭᠡ 《ᠳᠤᠳᠤᠨᠤ ᠨᠠᠢᠵᠠ》 ᠨᠡᠮᠡᠭ᠌ᠳᠡᠭ᠌ᠰᠡᠨ ᠪᠠᠢᠨ᠎ᠠ᠃ ᠪᠦᠷᠢᠨ ᠪᠤᠰᠤ ᠪᠦᠷᠢᠳᠭᠡᠯ᠎ᠢ ᠦᠨᠳᠦᠰᠦᠯᠡᠪᠡᠯ᠂ 23 ᠵᠢᠯ᠎ᠦᠨ ᠲᠤᠷᠰᠢ᠂ ᠵᠠᠩ ᠵᠧᠨ ᠹᠸᠢ ᠵᠢᠨ ᠬᠠᠨᠳᠢᠪᠯᠠᠭ᠍ᠰᠠᠨ ᠵᠣᠭᠣᠰ᠎ᠤᠨ ᠲᠣᠭ᠎ᠠ ᠨᠢ ᠨᠡᠢᠲᠡ 29 ᠲᠦᠮᠡ ᠱᠢᠬᠠᠮ ᠲᠥᠭᠥᠷᠢᠭ᠎ᠲᠦ ᠬᠦᠷᠴᠡᠶ᠃
《 ᠬᠠᠢᠷᠠᠲᠤ ᠬᠡᠷᠬᠡᠢ ᠮᠠᠨᠢ ᠬᠡᠳᠦᠢᠪᠡᠷ ᠣᠯᠠᠨ ᠵᠢᠯ ᠭᠣᠮᠣᠳᠠᠯ ᠲᠣᠭᠠᠴᠢᠵᠤ ᠪᠠᠢᠭ᠍ᠰᠠᠨ ᠪᠣᠯᠪᠠᠴᠤ᠌᠂ ᠨᠢᠭᠡ ᠤᠴᠢᠷ᠎ᠢ ᠲᠡᠷᠡ ᠬᠠᠷᠢᠨ ᠲᠡᠮᠵᠢᠭᠰᠡᠭᠡᠷ ᠢᠷᠡᠵᠠᠢ》 ᠭᠡᠵᠦ᠍ ᠵᠠᠩ ᠵᠧᠨ ᠹᠸᠢ ᠨᠢᠯᠪᠤᠰᠤ᠎ᠪᠠᠨ ᠠᠷᠴᠢᠵᠤ᠂ ᠰᠡᠳᠭᠢᠯ ᠬᠠᠨᠤᠮᠵᠢᠳᠠᠢ ᠬᠡᠯᠡᠵᠦ ᠡᠬᠢᠯᠡᠯ᠎ᠠ᠃ ᠤᠤᠯ ᠨᠢ ᠵᠠᠩ ᠵᠧᠨ ᠹᠸᠢ 2021 ᠣᠨ᠎ᠳᠤ ᠪᠠᠶᠠᠨᠨᠠᠭᠤᠷ ᠬᠣᠲᠠ᠎ᠶ᠋ᠢᠨ ᠤᠯᠠᠭᠠᠨ ᠵᠠᠭᠠᠯᠮᠠᠢᠲᠠᠨ᠎ᠤ ᠨᠡᠢᠭᠡᠮᠯᠢᠭ᠎ᠲᠦ ᠣᠷᠣᠵᠤ᠂ 《 ᠭᠤᠷᠪᠠᠨ ᠬᠠᠨᠳᠢᠪ 》 (ᠳᠠᠷᠤᠶ ᠦᠨ᠎ᠡ ᠲᠥᠯᠥᠪᠦᠷᠢ ᠥᠬᠡᠶ᠎ᠪᠡᠷ ᠴᠢᠰᠤ᠎ᠪᠠᠨ ᠬᠠᠨᠳᠢᠪᠯᠠᠬᠤ᠂ ᠴᠢᠰᠤ ᠪᠦᠲᠦᠭᠡᠬᠦ᠌ ᠭᠤᠤᠯ ᠡᠰᠢᠶᠡᠨ ᠬᠠᠨᠳᠢᠪᠯᠠᠬᠤ᠂ ᠬᠥᠮᠦᠨ᠎ᠦ ᠪᠡᠶ᠎ᠡ᠎ᠶ᠋ᠢᠨ ᠡᠷᠬᠡᠲᠡᠨ᠎ᠢᠶᠡᠨ ᠬᠠᠨᠳᠢᠪᠯᠠᠬᠤ ) ᠤ᠋ᠨ ᠰᠠᠢᠨ ᠳᠤᠷᠠᠴᠤᠤᠯ ᠤ᠋ᠨ ᠦᠶ᠋ᠯᠡᠴᠢᠯᠡᠭᠡᠨ᠎ᠦ ᠠᠩᠭᠢ᠎ᠶ᠋ᠢᠨ ᠳᠠᠷᠤᠭ᠎ᠠ᠎ᠶ᠋ᠢᠨ ᠲᠤᠱᠢᠶᠠᠯ᠎ᠢ ᠡᠭᠦᠷᠭᠡᠯᠡᠭ᠌ᠰᠡᠨ ᠪᠥᠭᠡᠳ ᠴᠢᠨᠳᠠᠷ᠎ᠤᠨ ᠡᠷᠬᠡᠲᠡᠨ᠎ᠢᠶᠡᠨ ᠬᠠᠨᠳᠢᠪᠯᠠᠬᠤ ᠭᠤᠶᠤᠴᠢᠯᠠᠯ᠎ᠤᠨ ᠪᠢᠴᠢᠭ᠎ᠲᠦ ᠭᠠᠷᠤᠨ ᠥᠰᠥᠭ ᠵᠢᠷᠤᠵᠠᠶ᠃
《 ᠭᠠᠷᠤᠨ ᠦᠰᠦᠭ ᠵᠢᠷᠤᠬᠤ ᠦᠶ᠎ᠡ᠎ᠳᠦ᠂ ᠤᠯᠠᠭᠠᠨ ᠵᠠᠭᠠᠯᠮᠠᠢ᠌ᠳᠠᠨ᠎ᠤ ᠨᠡᠢᠭᠡᠮᠯᠢᠭ᠎ᠦᠨ ᠠᠵᠢᠯᠳᠠᠨ ᠲᠡᠭᠦᠨ᠎ᠡᠴᠡ ᠭᠡᠷ᠎ᠦᠨ ᠬᠥᠮᠦᠰᠪᠤᠯᠤᠬᠰᠠᠨᠤ ᠬᠤᠪᠢ᠎ᠪᠠᠷ ᠮᠢᠨᠦ᠍ ᠭᠠᠷᠤᠨ ᠦᠰᠦᠭ ᠵᠢᠷᠤᠬᠤ᠎ᠶ᠋ᠢ ᠵᠥᠪᠱᠢᠶᠡᠷᠡᠬᠦ᠌ ᠡᠰᠡᠬᠦ᠌᠎ᠶ᠋ᠢ ᠠᠰᠠᠭᠤᠭ᠍ᠰᠠᠨ᠎ᠳᠤ᠂ ᠲᠡᠷᠡ ᠰᠣᠨᠣᠰᠤᠭᠠᠳ ᠮᠠᠰᠢ ᠰᠡᠳᠭᠢᠯ ᠳᠣᠭ᠍ᠳᠣᠯᠤᠨ ᠵᠥᠪᠱᠢᠶᠡᠷᠡᠭᠰᠡᠨ ᠵᠢᠨᠷ ᠪᠠᠷᠠᠬᠤ ᠦᠬᠡᠢ ᠦᠪᠡᠰᠤᠪᠡᠨ ᠴᠤ᠌ ᠬᠠᠨᠳᠢᠪᠯᠠᠬᠤ ᠪᠡᠷ ᠠᠵᠢᠯᠳᠠᠨ ᠡᠴᠡ ᠲᠠᠬᠢᠨ ᠲᠠᠪᠳᠠᠨ ᠠᠰᠠᠭᠤᠵᠤ ᠪᠠᠢᠪᠠ᠂ ᠪᠤᠰᠤᠳ ᠬᠥᠮᠦᠨ ᠪᠦᠷ ᠦᠵᠡᠯ ᠰᠠᠨᠠᠭᠠᠨ᠎ᠤ ᠠᠵᠢᠯ ᠬᠢᠬᠦ᠌ ᠴᠢᠬᠤᠯᠠᠲᠠᠶ ᠪᠠᠢᠬᠤ᠎ᠳᠤ ᠮᠠᠨ᠎ᠤ ᠪᠥᠬᠥ᠌ ᠬᠡᠷ᠎ᠢᠶᠡᠷ᠎ᠢᠶᠡᠨ ᠬᠠᠷᠢᠨ ᠰᠠᠨᠠᠯ ᠨᠢᠭᠡᠲᠡᠶ ᠵᠥᠪᠱᠢᠶᠡᠷᠡᠵᠦ᠍᠂ ᠡᠵᠢ ᠪᠠᠰᠠ ᠬᠠᠨᠳᠢᠪᠯᠠᠵᠤ ᠪᠣᠯᠬᠤ ᠡᠰᠡᠬᠦ᠌ ᠪᠠᠨ ᠨᠠᠳᠠ ᠡᠴᠡ ᠰᠤᠷᠠᠬᠯᠠᠵᠤ ᠪᠠᠢᠬᠰᠠᠨ 》 ᠬᠡᠵᠤ ᠵᠠᠩ ᠵᠧᠨ ᠹᠧᠶ ᠲᠤᠢᠯ᠎ᠢᠶᠠᠷ ᠣᠮᠣᠭ᠍ᠰᠢᠨ ᠶᠠᠷᠢᠵᠤ ᠪᠠᠢᠯ᠎ᠠ᠃
ᠤᠳᠤ ᠵᠠᠩ ᠵᠧᠨ ᠹᠸᠢ ᠮᠥᠨ ᠯᠡ ᠨᠡᠢᠲᠡ᠎ᠶ᠋ᠢᠨ ᠠᠰᠠᠷᠠᠮᠵᠢ᠎ᠶ᠋ᠢᠨ ᠵᠠᠮ᠎ᠢᠶᠠᠷ ᠵᠠᠮᠨᠠᠵᠤ᠂ 《 ᠨᠡᠩ ᠤᠯᠠᠨ ᠬᠥᠮᠦᠨ ᠮᠠᠨ ᠤ᠋ ᠡᠩᠨᠡᠬᠡᠨ ᠳ᠋ᠤ ᠣᠷᠣᠯᠴᠠᠵᠤ᠂ ᠯᠸᠢ ᠹᠸᠩ᠎ᠤᠨ ᠵᠣᠷᠢᠭ ᠰᠠᠨᠠᠭ᠎ᠠ᠎ᠶ᠋ᠢ ᠪᠠᠳᠠᠷᠠᠭᠤᠯᠤᠨ ᠳᠡᠯᠭᠡᠷᠡᠭᠦᠯᠬᠦ᠌᠎ᠶ᠋ᠢ ᠬᠦᠰᠡᠵᠦ᠍ ᠪᠠᠢᠨ᠎ᠠ 》 ᠭᠡᠵᠦ᠍ ᠲᠡᠷᠡ ᠤᠷᠢᠶᠠᠯᠠᠵᠦ ᠪᠤᠢ᠃
- ᠨᠠᠢᠷᠠᠭᠤᠯᠤᠭ᠍ᠴᠢ᠄
- ᠨᠡᠪᠲᠡᠷᠡᠭᠦᠯᠦᠭᠴᠢ᠄
- ᠮᠡᠷᠭᠡᠵᠢᠯ᠄
ᠨᠠᠢᠷᠠᠭᠤᠯᠤᠭ᠍ᠴᠢ᠄ ᠮᠦᠩᠭᠦᠨᠬᠤᠸᠠᠷ
ᠣᠷᠴᠢᠭᠤᠯᠤᠭ᠍ᠴᠢ᠄




ᠰᠢᠭᠦᠮᠵᠢ ᠠᠯᠠᠭ᠎ᠠ ᠂ ᠬᠤᠷᠳᠤᠨ ᠨᠢᠭᠡᠳᠦᠭᠡᠷ ᠵᠤᠷᠪᠤᠰ ᠰᠢᠭᠦᠮᠵᠢ ᠨᠡᠢ᠌ᠲᠡᠯᠡᠭᠡᠷᠡᠢ᠃