ᠭᠣᠣᠯ ᠰᠡᠳᠦᠪᠲᠦ ᠮᠡᠳᠡᠭᠡᠯᠡᠯ > ᠮᠠᠨ᠎ᠤ᠋ ᠳᠡᠷᠭᠡᠳᠡᠬᠢ ᠯᠸᠢ ᠹᠸᠩ

2023-03-18 12:45:59

ᠵᠣᠬᠢᠶᠠᠭ᠍ᠴᠢ᠄ ᠯᠢᠦ ᠬᠣᠩ ᠵᠠᠩ ᠣᠩᠱᠢᠭ᠍ᠰᠠᠨ ᠣᠳᠠᠭ᠎ᠠ᠄ 3

ᠲᠡᠷᠭᠡᠨ ᠡᠨᠳᠡᠯ ᠭᠠᠷᠤᠭ᠍ᠰᠠᠨ ᠨᠠᠰᠤᠲᠠᠨ᠎ᠢ ᠠᠪᠤᠷᠠᠵᠦ ᠲᠤᠰᠠᠯᠠᠭᠰᠠᠨ᠎ᠡᠴᠡ ᠤᠰᠤᠨ᠎ᠳᠤ ᠤᠨᠠᠭ᠍ᠰᠠᠨ ᠠᠷᠠᠳ᠎ᠢ ᠠᠪᠤᠷᠠᠭᠰᠠᠨ ᠬᠦᠷᠲᠡᠯ᠎ᠡ᠂ ᠠᠯᠪᠠᠨ ᠵᠢᠷᠤᠮ᠎ᠤᠨ ᠬᠠᠪᠰᠤᠷᠤᠯᠭ᠎ᠠ᠎ᠪᠠᠷ ᠶᠠᠳᠠᠭᠤ ᠬᠦᠴᠢᠷᠳᠡᠯᠲᠡᠢ ᠮᠠᠯᠴᠢᠨ ᠲᠠᠷᠢᠶᠠᠴᠢᠨ᠎ᠤ ᠨᠠᠮᠤᠷ᠎ᠤᠨ ᠬᠤᠷᠢᠶᠠᠯᠲᠠ᠂ ᠬᠤᠨᠢᠨ᠎ᠤ ᠬᠠᠱᠢᠶ᠎ᠠ ᠵᠠᠰᠠᠬᠤ᠂ ᠬᠤᠨᠢᠨ ᠨᠣᠣᠰᠣ ᠬᠠᠢᠴᠢᠯᠠᠬᠤ᠎ᠡᠴᠡ ᠶᠠᠳᠠᠭᠤ ᠬᠦᠴᠢᠷᠳᠡᠯᠲᠡᠢ ᠰᠤᠷᠤᠭ᠍ᠴᠢᠳ᠎ᠢ ᠲᠡᠳᠬᠦᠬᠦ᠌ ᠬᠦᠷᠲᠡᠯ᠎ᠡ ᠁ ᠠᠵᠢᠯ᠎ᠳᠤ ᠣᠷᠣᠯᠴᠠᠭ᠍ᠰᠠᠨ 30 ᠭᠠᠷᠤᠢ ᠵᠢᠯ᠎ᠦᠨ ᠲᠤᠷᠰᠢ᠂ ᠭᠦᠸᠧ ᠯᠸᠢ᠎ᠵᠢᠨ ᠪᠤᠰᠤᠳ᠎ᠢ ᠬᠠᠪᠰᠤᠷᠤᠭᠰᠠᠨ ᠦᠢᠯᠡ ᠶᠠᠪᠤᠳᠠᠯ ᠲᠣᠭᠠᠯᠠᠰᠢ ᠦᠭᠡᠢ ᠤᠯᠠᠨ᠃ ᠭᠦᠸᠧ ᠯᠸᠢ᠎ᠶ᠋ᠢᠨ ᠲᠤᠬᠠᠶ ᠶᠠᠷᠢᠬᠤ᠎ᠳᠤ᠂ ᠪᠠᠢᠭᠤᠯᠭ᠎ᠠ᠎ᠶ᠋ᠢᠨ ᠬᠠᠮᠲᠤ ᠠᠵᠢᠯᠯᠠᠭ᠍ᠰᠠᠳ ᠨᠢ ᠴᠥᠮ ᠡᠷᠡᠬᠡᠶ ᠬᠤᠷᠤᠭᠤ ᠭᠠᠷᠭᠠᠨ ᠄ 《ᠲᠡᠷᠡ ᠪᠣᠯ ᠪᠢᠳᠡ ᠪᠦᠬᠦᠨ᠎ᠤ ᠰᠤᠷᠤᠯᠴᠠᠬᠤ ᠳᠠᠭᠤᠷᠢᠶᠠᠯ ᠮᠦᠨ》 ᠭᠡᠵᠤ ᠮᠠᠬᠳᠠᠵᠠᠭᠠᠨ᠎ᠠ᠃

ᠡᠨᠡ ᠵᠢᠯ 49 ᠨᠠᠰᠤᠲᠠᠶ ᠭᠦᠸᠧ ᠯᠸᠢ ᠪᠣᠯ ᠠᠯᠠᠱᠠ ᠠᠢᠮᠠᠭ᠎ᠤᠨ ᠬᠤᠶᠠᠷᠬᠤᠳᠳᠤᠭ᠎ᠤᠨ ᠬᠠᠲᠤᠨ ᠭᠣᠸ᠋ᠯ᠎ᠤᠨ ᠤᠰᠤᠯᠠᠯᠲᠠ᠎ᠶ᠋ᠢᠨ ᠠᠵᠤ ᠦᠶ᠋ᠯᠡᠰ ᠎ᠢ ᠬᠦᠭᠵᠢᠭᠦᠯᠬᠦ ᠲᠥᠪ᠎ᠦᠨ ᠤᠰᠤᠯᠠᠯᠲᠠ᠎ᠶ᠋ᠢᠨ ᠰᠠᠯᠠᠭᠠᠨ᠎ᠤ ᠪᠠᠢᠴᠠᠭᠠᠨ ᠰᠡᠯᠪᠢᠬᠦ᠌ ᠭᠠᠵᠠᠷ᠎ᠤᠨ ᠪᠠᠢᠴᠠᠭᠠᠨ ᠰᠡᠯᠪᠢᠭᠴᠢ ᠪᠣᠯᠤᠨ᠎ᠠ᠃ 1992 ᠣᠨ᠎ᠳᠤ ᠠᠵᠢᠯ᠎ᠳᠤ ᠣᠷᠣᠯᠴᠠᠭ᠍ᠰᠠᠨ᠎ᠡᠴᠡ ᠨᠠᠭᠠᠰᠢ᠂ 30 ᠵᠢᠯ᠎ᠦᠨ ᠦᠨᠳᠦᠰᠦᠨ ᠱᠠᠲᠤᠨ᠎ᠤ ᠬᠠᠲᠤᠨ ᠭᠣᠣᠯ᠎ᠤᠨ ᠤᠰᠤᠯᠠᠯᠲᠠ᠎ᠶ᠋ᠢᠨ ᠠᠵᠢᠯ᠎ᠤᠨ ᠪᠠᠢᠷᠢ ᠳᠡᠭᠡᠷ᠎ᠡ᠂ ᠲᠡᠷᠡ ᠢᠮᠠᠭ᠍ᠲᠠ ᠤᠰᠤᠯᠠᠯᠲᠠ᠎ᠶ᠋ᠢᠨ ᠣᠷᠣᠨ᠎ᠤ ᠮᠠᠯᠴᠢᠨ ᠲᠠᠷᠢᠶᠠᠴᠢᠨ᠎ᠳᠤ ᠦᠢᠯᠡᠴᠢᠯᠡᠬᠦ᠌᠎ᠪᠡᠷ ᠵᠣᠷᠢᠯᠲᠠ ᠪᠠᠨ ᠪᠣᠯᠭᠠᠵᠤ᠂ ᠥᠪᠡᠷ᠎ᠦᠨ ᠮᠡᠷᠭᠡᠵᠢᠯ᠎ᠦᠨ ᠳᠠᠪᠠᠭᠤᠯᠢᠭ᠎ᠢᠶᠠᠨ ᠭᠦᠢᠴᠡᠳ ᠪᠠᠳᠠᠷᠠᠭᠤᠯᠵᠤ᠂ ᠬᠠᠬᠢᠷ ᠬᠦᠢᠳᠡᠨ᠂ ᠠᠭᠠᠭᠢᠮ᠎ᠠ ᠬᠠᠯᠠᠭᠤᠨ᠂ ᠰᠠᠯᠬᠢ ᠪᠣᠷᠣᠭᠠᠨ᠎ᠢ ᠬᠠᠢᠬᠤᠷᠤᠯ ᠦᠭᠡᠢ᠎ᠪᠡᠷ ᠤᠰᠤᠨ ᠰᠤᠪᠠᠭ᠎ᠢᠶᠠᠷ ᠪᠠᠢᠴᠠᠭᠠᠨ ᠶᠠᠪᠤᠵᠤ᠂ ᠰᠤᠪᠠᠭ᠎ᠤᠨ ᠤᠰᠤ ᠭᠣᠭᠣᠵᠢᠬᠤ᠂ ᠶᠡᠭᠦᠷᠡᠬᠦ᠂ ᠲᠦᠭ᠌ᠵᠢᠷᠡᠬᠦ ᠵᠡᠷᠭᠡ ᠠᠮᠤᠷ ᠲᠦᠪᠱᠢᠨ᠎ᠦ ᠭᠡᠮ ᠰᠣᠭᠣᠭ᠎ᠢ ᠴᠠᠭ ᠲᠤᠬᠠᠢ᠎ᠳᠤᠨᠢ ᠪᠠᠢᠴᠠᠭᠠᠨ ᠭᠠᠷᠭᠠᠵᠤ᠂ ᠠᠶᠤᠯ ᠲᠦᠭ᠌ᠰᠢᠭᠦᠷᠢ ᠲᠤᠯᠭᠠᠷᠠᠪᠠᠯ ᠭᠡᠮ ᠰᠣᠭᠣᠭ᠎ᠢ ᠴᠠᠭ ᠲᠤᠬᠠᠢ᠎ᠳᠤᠨᠢ ᠠᠷᠢᠯᠭᠠᠵᠤ᠂ ᠮᠠᠯᠴᠢᠨ ᠲᠠᠷᠢᠶᠠᠴᠢᠨ᠎ᠤ ᠲᠠᠷᠢᠶᠠᠯᠠᠩ᠎ᠤᠨ ᠦᠢᠯᠡᠳᠪᠦᠷᠢᠯᠡᠯ᠎ᠳᠦ ᠬᠡᠷᠡᠭ᠌ᠯᠡᠬᠦ᠌ ᠤᠰᠤ᠎ᠶ᠋ᠢ ᠪᠦᠲᠦᠮᠵᠢᠲᠡᠢ ᠪᠠᠲᠤᠯᠠᠵᠤ᠂ ᠬᠠᠮᠲᠤ ᠠᠵᠢᠯᠯᠠᠭ᠍ᠰᠠᠳ᠎ᠲᠠᠭᠠᠨ 《ᠤᠰᠤᠯᠠᠯᠲᠠ᠎ᠶ᠋ᠢᠨ ᠰᠤᠪᠠᠭ᠎ᠤᠨ ᠠᠮᠤᠷ ᠲᠦᠪᠱᠢᠨ᠎ᠦ ᠪᠠᠢᠯᠳᠤᠭ᠍ᠴᠢ》 ᠬᠡᠵᠦ ᠦᠨᠡᠯᠡᠭ᠌ᠳᠡᠪᠡ᠃

2012 ᠣᠨ᠎ᠤ 5 ᠰᠠᠷ᠎ᠠ᠎ᠳᠤ᠂ ᠭᠦᠸᠧ ᠯᠸᠢ ᠠᠵᠢᠯ᠎ᠤᠨ ᠴᠠᠭ᠎ᠢᠶᠠᠷ ᠎ᠢᠶᠡᠨ ᠤᠰᠤᠨ ᠰᠤᠪᠠᠬ᠎ᠢ ᠲᠣᠭᠣᠷᠢᠨ ᠪᠠᠢᠴᠠᠭᠠᠵᠦ ᠶᠠᠪᠤᠬᠤ᠎ᠳᠠᠭᠠᠨ᠂ ᠰᠤᠪᠠᠭ᠎ᠤᠨ ᠬᠠᠵᠠᠭᠤ᠎ᠳᠠᠬᠢ ᠵᠠᠮ ᠳᠡᠭᠡᠷ᠎ᠡ ᠵᠢᠷᠠ ᠭᠠᠷᠤᠭ᠍ᠰᠠᠨ ᠨᠢᠭᠡ ᠮᠣᠩᠭᠣᠯ ᠨᠠᠰᠤᠲᠠᠨ ᠬᠦᠰᠡᠷ ᠰᠠᠭᠤᠭᠠᠳ ᠬᠦᠯ᠎ᠢᠶᠡᠨ ᠲᠡᠪᠡᠷᠢᠨ ᠶᠣᠤᠯᠠᠵᠤ᠂ ᠬᠣᠶᠠᠷ ᠬᠦᠷᠳᠦᠲᠦ ᠮᠣᠲ᠋ᠣᠷ ᠲᠡᠷᠭᠡ ᠨᠢ ᠵᠠᠮ ᠤ᠋ᠨ ᠬᠠᠵᠠᠭᠤ᠎ᠳᠤ ᠬᠥᠨᠳᠡᠯᠡᠨ ᠤᠢᠴᠢᠬᠰᠠᠨ᠎ᠢ ᠤᠯᠵᠤ ᠬᠠᠷᠠᠪᠠ᠃ ᠲᠡᠷᠡ ᠲᠠᠷᠤᠢᠬᠠᠨ ᠬᠦᠷᠴᠦ᠍ ᠣᠴᠢᠭᠠᠳ ᠨᠠᠰᠤᠲᠠᠨ ᠮᠣᠲ᠋ᠣᠷ᠎ᠢᠶᠠᠨ ᠬᠡᠳᠦ ᠬᠤᠷᠳᠤᠨ ᠲᠤᠪᠳᠤᠯᠭᠠᠬᠰᠠᠨ ᠡᠴᠡ ᠣᠢ᠍ᠢᠴᠢᠵᠤ ᠱᠢᠯᠪᠢ᠎ᠪᠡᠨ ᠬᠤᠭᠤᠯᠤᠭ᠍ᠰᠠᠨ᠎ᠢ ᠤᠢᠯᠠᠭᠠᠵᠠᠢ᠃ ᠭᠦᠸᠧ ᠯᠸᠢ ᠨᠠᠰᠤᠲᠠᠨ᠎ᠢ ᠲᠣᠬᠣᠨᠢᠭᠤᠯᠤᠬᠰᠠᠨ ᠪᠤᠯᠪᠠᠴᠤ ᠬᠤᠶᠠᠭᠤᠯᠠ ᠦᠬᠡ ᠠᠮᠠ ᠪᠠᠨ ᠤᠯᠤᠯᠴᠠᠬᠤ ᠦᠬᠡᠢ ᠤᠴᠢᠷ ᠡᠴᠡ ᠣᠢᠷ᠎ᠠ ᠬᠠᠪᠢ᠎ᠶ᠋ᠢᠨ ᠮᠠᠯᠴᠢᠳ ᠡᠴᠡ ᠰᠤᠷᠠᠬᠯᠠᠨ ᠨᠠᠰᠤᠲᠠᠨ᠎ᠤ ᠲᠥᠷᠥᠯ ᠰᠠᠳᠤᠨ᠎ᠲᠠᠶ ᠨᠢ ᠬᠠᠷᠢᠯᠴᠠᠵᠤ᠂ ᠳᠠᠷᠤᠢ᠎ᠳᠤᠨᠢ ᠡᠮᠨᠡᠯᠭᠡ᠎ᠳᠦ ᠬᠦᠷᠭᠡᠵᠦ᠍᠂ ᠨᠠᠰᠤᠲᠠᠨ᠎ᠢ ᠵᠠᠪᠳᠤᠨ ᠠᠪᠤᠷᠠᠬᠤ᠎ᠳᠤᠨᠢ ᠲᠤᠰᠠ ᠪᠤᠯᠤᠬᠰᠠᠨ ᠪᠠᠢᠨ᠎ᠠ᠃

2014 ᠣᠨ᠎ᠤ ᠵᠤᠨ᠎ᠤ ᠨᠢᠭᠡᠨ ᠡᠳᠦᠷ᠂ ᠠᠵᠢᠯ᠎ᠳᠠᠭᠠᠨ ᠭᠠᠷᠴᠤ᠌ ᠲᠣᠭᠣᠷᠢᠨ ᠪᠠᠢᠴᠠᠭᠠᠬᠤ ᠵᠠᠮ᠎ᠳᠠᠭᠠᠨ᠂ ᠨᠢᠩᠱᠢᠶᠠ᠎ᠶ᠋ᠢᠨ ᠫᠠᠢᠰᠠ᠎ᠲᠠᠶ ᠵᠢᠵᠢᠭ ᠮᠠᠱᠢᠨ ᠲᠡᠷᠭᠡ ᠲᠤᠬᠠᠢ᠎ᠶ᠋ᠢᠨ ᠭᠠᠵᠠᠷ᠎ᠤᠨ ᠵᠠᠮ᠎ᠤᠨ ᠪᠠᠢᠳᠠᠯ᠎ᠢ ᠰᠠᠢ᠌ᠨ ᠮᠡᠳᠡᠬᠦ᠌ ᠦᠭᠡᠢ᠎ᠡᠴᠡ ᠪᠤᠯᠵᠤ 3 ᠮᠸᠲᠷ ᠥᠷᠭᠡᠨ 2 ᠮᠸᠲᠷ ᠭᠦᠨ ᠰᠤᠪᠠᠭ᠎ᠲᠤ ᠤᠨᠠᠬᠰᠠᠨ᠎ᠢ ᠣᠯᠵᠤ ᠬᠠᠷᠠᠵᠠᠢ᠃ ᠲᠤᠬᠠᠶ᠎ᠶ᠋ᠢᠨ ᠦᠶ᠎ᠡ᠎ᠳᠦ ᠶᠠᠭ ᠵᠤᠨ᠎ᠤ ᠤᠯᠠᠷᠢᠯ᠎ᠤᠨ ᠲᠠᠷᠢᠶᠠᠨ᠎ᠤ ᠤᠰᠤᠯᠠᠯᠲᠠ᠎ᠶ᠋ᠢᠨ ᠤᠷᠬᠢᠯ᠎ᠤᠨ ᠦᠶ᠎ᠡ ᠪᠠᠢᠭ᠍ᠰᠠᠨ ᠪᠣᠯᠬᠣᠷ᠂ ᠶᠡᠬᠡ ᠰᠤᠪᠠᠭ᠎ᠤᠨ ᠳᠣᠲᠣᠷᠠᠬᠢ ᠤᠰᠤᠯᠠᠯᠲᠠ᠎ᠶ᠋ᠢᠨ ᠤᠰᠤ ᠲᠤᠢᠯ᠎ᠤᠨ ᠲᠦᠷᠭᠡᠨ ᠪᠠᠢᠵᠤ᠂ ᠤᠰᠤᠯᠠᠯᠲᠠ᠎ᠶ᠋ᠢᠨ ᠤᠰᠤ ᠨᠢ ᠮᠠᠱᠢᠨ ᠲᠡᠷᠭᠡ᠎ᠶ᠋ᠢ ᠦᠵᠡᠵᠦ᠍ ᠪᠠᠢᠲᠠᠯ᠎ᠠ ᠳᠠᠪᠠᠮᠠᠷ ᠪᠤᠯᠤᠭᠰᠠᠨ᠎ᠢ ᠬᠠᠷᠠᠭᠠᠳ ᠭᠦᠸᠧ ᠯᠸᠢ ᠤᠯᠠᠨ ᠶᠠᠭᠤᠮ᠎ᠠ ᠪᠤᠳᠤᠵᠦ ᠠᠮᠵᠢᠭᠰᠠᠨ᠎ᠴᠦ ᠦᠭᠡᠢ᠎ᠪᠡᠷ ᠰᠤᠪᠠᠭ᠎ᠲᠤ ᠦᠰᠦᠷᠦᠨ ᠣᠷᠣᠵᠤ ᠲᠡᠷᠭᠡᠨ᠎ᠦ ᠡᠭᠦᠳᠡ᠎ᠶ᠋ᠢ ᠬᠦᠴᠦᠯᠡᠨ ᠲᠠᠲᠠᠵᠤ ᠤᠰᠤᠨ᠎ᠳᠤ ᠤᠨᠠᠭ᠍ᠰᠠᠳ᠎ᠢ ᠠᠪᠤᠷᠠᠵᠠᠢ᠃ ᠲᠡᠬᠦᠨ᠎ᠤ ᠠᠴᠢ ᠪᠡᠷ ᠠᠮᠢᠳᠤ ᠭᠠᠷᠤᠬᠰᠠᠨ ᠲᠡᠷᠡ ᠵᠢᠯᠣᠭᠣᠴᠢ᠄ 《ᠮᠠᠱᠢᠨ ᠲᠡᠷᠭᠡ ᠶᠡᠬᠡ ᠰᠤᠪᠠᠭ᠎ᠲᠤ ᠤᠨᠠᠬᠤ ᠦᠶ᠎ᠡ᠎ᠳᠦ᠂ ᠪᠢ ᠨᠢᠭᠡᠨᠲᠡ ᠮᠡᠳᠡᠭᠡ ᠠᠯᠳᠠᠭ᠍ᠰᠠᠨ ᠪᠠᠢᠳᠠᠯ᠎ᠳᠤ ᠣᠷᠣᠵᠠᠶ᠂ ᠬᠡᠷᠪᠡ ᠭᠦᠸᠧ ᠠᠬ᠎ᠠ ᠢᠷᠠᠵᠤ ᠠᠪᠤᠷᠬᠠᠰᠠᠨ ᠦᠭᠡᠶ ᠪᠣᠯ᠂ ᠪᠢ ᠰᠤᠪᠠᠭ᠎ᠤᠨ ᠤᠰᠤᠨ᠎ᠳᠤ ᠵᠢᠪᠴᠦ᠍ ᠥᠭᠦᠴᠢᠬᠡᠭ᠌ᠰᠡᠨ ᠪᠠᠢᠵᠤ ᠮᠡᠳᠡᠨ᠎ᠡ᠂ ᠭᠦᠸᠧ ᠠᠬ᠎ᠠ ᠵᠢᠨ ᠠᠮᠢ᠎ᠶ᠋ᠢ ᠠᠪᠤᠷᠬᠠᠰᠠᠨ ᠠᠴᠢ᠎ᠳᠤ ᠲᠠᠯᠠᠷᠬᠠᠵᠤ ᠪᠠᠢᠨ᠎ᠠ!》 ᠭᠡᠵᠦ᠍ ᠲᠠᠯᠠᠷᠬᠠᠨ ᠬᠡᠯᠡᠪᠡ᠃

30 ᠭᠠᠷᠤᠶ ᠵᠢᠯ᠎ᠦᠨ ᠲᠤᠷᠰᠢ᠂ ᠭᠦᠸᠧ ᠯᠸᠢ ᠨᠡᠢᠲᠡ᠎ᠶ᠋ᠢᠨ ᠠᠰᠠᠷᠠᠮᠵᠢ᠎ᠪᠠ ᠶᠠᠳᠠᠭᠤ ᠶ᠋ᠢ ᠲᠡᠳᠬᠦᠬᠦ᠌ ᠠᠵᠢᠯ᠎ᠳᠤ ᠢᠮᠠᠭ᠍ᠲᠠ ᠬᠠᠯᠠᠭᠤᠨ ᠰᠡᠳᠭᠢᠯᠭᠡ᠎ᠲᠡᠶ ᠪᠠᠢᠵᠤ᠂ ᠰᠠᠢᠨ ᠳᠤᠷ᠎ᠠ᠎ᠶ᠋ᠢᠨ ᠦᠢᠯᠡᠴᠢᠯᠡᠭᠡᠨ᠎ᠦ ᠠᠵᠢᠯᠯᠠᠭ᠎ᠠ᠎ᠳᠤ ᠢᠳᠡᠪᠬᠢᠲᠡᠶ ᠣᠷᠣᠯᠴᠠᠭ᠍ᠰᠠᠭᠠᠷ ᠢᠷᠡᠵᠡᠶ᠃ ᠬᠠᠪᠤᠷ᠎ᠤᠨ ᠶᠠᠭᠠᠷᠠᠤ ᠦᠶ᠎ᠡ᠎ᠳᠦ᠂ ᠲᠡᠷᠡ ᠭᠡᠷ᠎ᠲᠡᠭᠡᠨ ᠬᠥᠳᠡᠯᠮᠦᠷᠢ ᠬᠦᠴᠦ᠍ ᠴᠦᠬᠡᠨ ᠪᠠ ᠠᠮᠢᠳᠤᠷᠠᠯ ᠨᠢ ᠬᠦᠴᠢᠷᠳᠡᠯᠲᠡᠢ ᠮᠠᠯᠴᠢᠨ ᠲᠠᠷᠢᠶᠠᠴᠢᠨ᠎ᠢ ᠬᠠᠪᠰᠤᠷᠤᠨ ᠲᠠᠷᠢᠶ᠎ᠠ᠎ᠵᠢ ᠨᠢ ᠤᠰᠤᠯᠠᠵᠤ᠂ ᠬᠤᠨᠢᠨ᠎ᠤ ᠬᠠᠱᠢᠶ᠎ᠠ᠎ᠵᠢ ᠨᠢ ᠵᠠᠰᠠᠵᠤ ᠦᠭᠴᠤ᠂ ᠬᠤᠨᠢᠨ᠎ᠤ ᠨᠣᠣᠰᠣ᠎ᠵᠢ ᠨᠢ ᠬᠠᠢᠴᠢᠯᠠᠵᠤ ᠦᠭᠳᠡᠭ; ᠨᠠᠮᠤᠷ᠎ᠤᠨ ᠬᠤᠷᠢᠶᠠᠯᠲᠠ᠎ᠶ᠋ᠢᠨ ᠦᠶ᠎ᠡ᠎ᠳᠦ᠂ ᠲᠡᠷᠡ ᠲᠠᠷᠢᠶᠠᠯᠠᠩ᠎ᠤᠨ ᠮᠠᠱᠢᠨ᠎ᠢ ᠵᠣᠬᠢᠴᠠᠭᠤᠯᠵᠤ ᠬᠦᠴᠢᠷᠳᠡᠯᠲᠡᠶ ᠲᠠᠷᠢᠶᠠᠴᠢᠳ᠎ᠢ ᠬᠠᠪᠰᠤᠷᠤᠨ ᠨᠠᠮᠤᠷ᠎ᠤᠨ ᠬᠤᠷᠢᠶᠠᠯᠲᠠ ᠳ᠋ᠤᠨᠢ ᠬᠠᠪᠰᠤᠷᠳᠠᠭ᠃ 2010 ᠣᠨ᠎ᠤ ᠬᠠᠪᠤᠷ᠂ ᠭᠦᠸᠧ ᠯᠸᠢ ᠬᠤᠶᠠᠷᠬᠤᠳᠳᠤᠭ ᠰᠤᠷᠭᠠᠭᠤᠯᠢ᠎ᠳᠤ ᠰᠠᠢ᠌ᠨ ᠳᠤᠷ᠎ᠠ᠎ᠶ᠋ᠢᠨ ᠦᠢᠯᠡᠴᠢᠯᠡᠭᠡ ᠬᠠᠩᠭᠠᠬᠤ᠎ᠪᠠᠷ ᠣᠴᠢᠭᠠᠳ᠂ ᠠᠮᠢᠳᠦᠷᠠᠯ ᠨᠢ ᠶᠠᠳᠠᠭᠤ ᠬᠦᠴᠢᠷᠳᠡᠯᠲᠡᠢ ᠰᠤᠷᠤᠭ᠍ᠴᠢ ᠰᠤᠷᠤᠯᠭ᠎ᠠ᠎ᠶ᠋ᠢᠨ ᠬᠡᠷᠡᠭ᠌ᠰᠡᠯ ᠳᠤᠲᠠᠭ᠍ᠳᠠᠵᠤ ᠪᠠᠢᠬᠤ᠎ᠶ᠋ᠢ ᠣᠯᠵᠤ ᠮᠠᠳᠠᠪᠠ᠂ ᠲᠡᠷᠡ ᠦᠶ᠎ᠡ᠎ᠡᠴᠡ ᠡᠬᠢᠯᠡᠨ᠂ ᠲᠡᠷᠡ ᠵᠢᠯ ᠪᠦᠷᠢ ᠰᠠᠨᠠᠭᠠᠴᠢᠯᠠᠭ᠎ᠠ᠎ᠡᠴᠡ᠎ᠪᠠᠨ ᠬᠤᠶᠠᠷᠬᠤᠳᠳᠤᠭ ᠰᠤᠷᠭᠠᠭᠤᠯᠢ᠎ᠶ᠋ᠢᠨ ᠶᠠᠳᠠᠭᠤ ᠬᠦᠴᠢᠷᠳᠡᠯᠲᠡᠢ ᠰᠤᠷᠤᠭ᠍ᠴᠢᠳ᠎ᠲᠤ ᠢᠵᠢ ᠪᠦᠷᠢᠨ ᠰᠤᠷᠤᠯᠭ᠎ᠠ᠎ᠶ᠋ᠢᠨ ᠬᠡᠷᠡᠭ᠌ᠰᠡᠯ ᠪᠣᠯᠤᠨ ᠡᠯ᠎ᠡ ᠲᠦᠷᠦᠯ᠎ᠦᠨ ᠨᠣᠮ ᠪᠢᠴᠢᠭ᠎ᠢ ᠪᠡᠯᠡᠳᠭᠡᠨ ᠥᠭᠴᠦ᠂ 《6·1》 ᠎ᠤ᠋ ᠬᠡᠦᠬᠡᠳ᠎ᠦᠨ ᠪᠠᠶᠠᠷ᠎ᠢ ᠲᠤᠬᠢᠶᠠᠯᠳᠤᠭᠤᠯᠤᠨ ᠬᠡᠦᠬᠡᠳ᠎ᠦᠳ᠎ᠲᠦ ᠬᠦᠷᠭᠡᠵᠦ᠍᠂ ᠬᠠᠮᠤᠭ᠎ᠤᠨ ᠠᠩᠬᠠᠨ᠎ᠳᠠᠭᠠᠨ 2 ᠰᠤᠷᠤᠭ᠍ᠴᠢ᠎ᠶ᠋ᠢ ᠬᠠᠪᠰᠤᠷᠤᠨ ᠲᠡᠳᠬᠦᠵᠦ᠍ ᠪᠠᠢᠭ᠍ᠰᠠᠨ ᠡᠴᠡ᠎ᠪᠠᠨ ᠠᠭᠠᠵᠢᠮ᠎ᠢᠶᠠᠷ ᠨᠡᠮᠡᠭ᠌ᠳᠡᠭᠡᠳ ᠤᠳᠤ 9 ᠰᠤᠷᠤᠭ᠍ᠴᠢ᠎ᠪᠤᠯᠪᠠ᠃

30 ᠭᠠᠷᠤᠶ ᠵᠢᠯ᠎ᠦᠨ ᠲᠤᠷᠰᠢ᠂ ᠭᠦᠸᠧ ᠯᠸᠢ ᠥᠪᠡᠷ᠎ᠦᠨ ᠬᠠᠢᠷ᠎ᠠ ᠬᠠᠯᠠᠮᠵᠢ᠎ᠪᠠᠷ᠎ᠢᠶᠠᠨ ᠮᠠᠰᠢ ᠣᠯᠠᠨ ᠬᠦᠴᠢᠷᠳᠡᠯᠲᠡᠶ ᠮᠠᠯᠴᠢᠨ ᠲᠠᠷᠢᠶᠠᠴᠢᠨ ᠪᠠ ᠶᠠᠳᠠᠭᠤ ᠬᠦᠴᠢᠷᠳᠡᠯᠲᠡᠶ ᠰᠤᠷᠤᠭ᠍ᠴᠢᠳ᠎ᠢ ᠬᠠᠪᠰᠤᠷᠴᠤ᠌᠂ ᠲᠡᠳᠡᠨ᠎ᠦ ᠠᠮᠢᠳᠤᠷᠠᠯ ᠪᠠ ᠦᠶ᠋ᠯᠡᠳᠪᠦᠷᠢᠯᠡᠯ᠎ᠦᠨ ᠳᠤᠮᠳᠠᠬᠢ ᠮᠠᠰᠢ ᠣᠯᠠᠨ ᠬᠦᠴᠢᠷᠳᠡᠯ᠎ᠢ ᠨᠢ ᠱᠢᠶ᠋ᠳᠪᠦᠷᠢᠯᠡᠨ ᠥᠭ᠌ᠴᠦ᠂ ᠥᠪᠡᠷ᠎ᠦᠨ ᠬᠠᠢᠷ᠎ᠠ ᠬᠠᠯᠠᠮᠵᠢ᠎ᠶ᠋ᠢᠨ ᠦᠶ᠋ᠯᠡ ᠠᠵᠢᠯᠯᠠᠭ᠎ᠠ᠎ᠪᠠᠷ᠎ᠢᠶᠠᠨ 《ᠯᠸᠢ ᠹᠸᠩ᠎ᠡᠴᠡ ᠰᠤᠷᠤᠯᠴᠠᠵᠤ ᠰᠠᠢᠨ ᠶᠠᠪᠤᠳᠠᠯ ᠬᠢᠬᠦ᠌》 ᠯᠸᠢ ᠹᠸᠩ᠎ᠤᠨ ᠵᠣᠷᠢᠭ ᠰᠠᠨᠠᠭ᠎ᠠ᠎ᠶ᠋ᠢ ᠲᠠᠢᠯᠪᠤᠷᠢᠯᠠᠵᠤ᠂ ᠮᠠᠯᠴᠢᠨ ᠲᠠᠷᠢᠶᠠᠴᠢᠨ ᠲᠦᠮᠡᠨ᠎ᠳᠦ 《ᠬᠤᠶᠠᠷᠬᠤᠳᠳᠤᠭ᠎ᠤᠨ ᠬᠠᠮᠤᠭ᠎ᠤᠨ ᠬᠠᠢᠷ᠎ᠠ ᠬᠠᠯᠠᠮᠵᠢ᠎ᠲᠠᠶ ᠬᠥᠮᠦᠨ》 ᠎ᠵᠢᠡᠷ ᠨᠡᠷᠡᠢᠳᠦᠭᠳᠡᠭᠰᠡᠨ ᠪᠠᠢᠨ᠎ᠠ᠃ ᠬᠠᠮᠲᠤ ᠠᠵᠢᠯᠯᠠᠭ᠍ᠰᠠᠳ ᠪᠠ ᠣᠯᠠᠨ ᠲᠦᠮᠡᠨ᠎ᠦ ᠮᠠᠭ᠍ᠲᠠᠭᠠᠯ ᠰᠠᠢᠱᠢᠶᠠᠯ᠎ᠤᠨ ᠬᠠᠷᠢᠭᠤ ᠳ᠋ᠤ᠂ ᠬᠦᠸᠸ ᠯᠸᠢ᠄《ᠪᠢ ᠵᠥᠪᠬᠡᠨ ᠥᠪᠡᠷ᠎ᠦᠨ ᠴᠢᠷᠮᠠᠢᠯᠭ᠎ᠠ᠎ᠪᠠᠷ᠎ᠢᠶᠠᠨ ᠬᠢᠵᠦ᠍ ᠳᠡᠢᠯᠬᠦ ᠶᠠᠪᠤᠳᠠᠯ᠎ᠢᠶᠡᠨ ᠬᠢᠵᠦ᠍ ᠪᠤᠢ᠂ ᠮᠢᠨᠤ ᠪᠤᠳᠤᠬᠤ᠎ᠪᠡᠷ ᠪᠤᠰᠤᠳ᠎ᠢ ᠬᠠᠪᠰᠤᠷᠬᠤ ᠪᠣᠯ ᠬᠠᠮᠤᠭ᠎ᠤᠨ ᠵᠢᠷᠭᠠᠯ᠎ᠲᠠᠶ ᠶᠠᠪᠤᠳᠠᠯ ᠮᠥᠨ᠂ ᠬᠣᠢᠱᠢᠳᠠ ᠪᠢ ᠬᠠᠪᠰᠤᠷᠤᠭᠤᠯᠬᠤ ᠴᠢᠬᠤᠯᠠᠲᠠᠢ ᠨᠡᠩ ᠤᠯᠠᠨ ᠬᠥᠮᠦᠰ᠎ᠢ ᠦᠷᠭᠦᠯᠵᠢᠯᠡᠨ ᠬᠠᠪᠰᠤᠷᠤᠨ᠎ᠠ!》 ᠭᠡᠵᠦ ᠬᠡᠯᠡᠪᠡ᠃

  • ᠨᠠᠢᠷᠠᠭᠤᠯᠤᠭ᠍ᠴᠢ᠄

  • ᠨᠡᠪᠲᠡᠷᠡᠭᠦᠯᠦᠭᠴᠢ᠄

  • ᠮᠡᠷᠭᠡᠵᠢᠯ᠄

ᠨᠠᠢᠷᠠᠭᠤᠯᠤᠭ᠍ᠴᠢ᠄ ᠮᠦᠩᠭᠦᠨᠬᠤᠸᠠᠷ

ᠣᠷᠴᠢᠭᠤᠯᠤᠭ᠍ᠴᠢ᠄

ᠢᠷᠡᠯᠲᠡ᠄ ᠳᠤᠮᠳᠠᠳᠤ ᠤᠯᠤᠰ᠎ᠤ᠋ᠨ ᠮᠣᠩᠭᠣᠯ ᠬᠡᠯᠡᠨ᠎ᠦ᠌ ᠰᠣᠨᠢᠨ ᠮᠡᠳᠡᠭᠡ᠎ᠶ᠋ᠢᠨ ᠰᠦᠯᠵᠢᠶ᠎ᠡ
兼容浏览器的HTML页面