2023-04-03 09:34:31
《ᠠᠪᠠᠭ᠎ᠠ ᠡᠭᠡᠴᠢ ᠡ᠂ ᠦᠭᠡᠷ᠎ᠡ ᠠᠵᠢᠯ ᠪᠠᠢᠨ᠎ᠠ ᠤᠤ? ᠮᠥᠳᠳᠥ ᠲᠠ᠎ᠨᠠᠷ᠎ᠢ ᠬᠠᠪᠰᠤᠷᠤᠶ᠎ᠠ》᠃
《ᠬᠦᠷᠢᠶᠡᠨ᠎ᠳᠦ ᠪᠠᠢᠭ᠎ᠠ ᠡᠰᠢ ᠰᠦᠷᠡᠯ᠎ᠢ ᠬᠤᠷᠢᠶᠠᠨ ᠠᠪᠤᠭᠠᠳᠤᠢ᠂ ᠥᠭᠡᠷ᠎ᠡ ᠠᠵᠢᠯ ᠦᠭᠡᠢ ᠪᠣᠯᠵᠠᠢ》᠃
《ᠪᠣᠯᠤᠨ᠎ᠠ᠂ ᠮᠥᠳᠳᠥ ᠪᠢ ᠤᠴᠢᠵᠤ ᠬᠤᠷᠢᠶᠠᠶ᠎ᠠ》᠃
3 ᠰᠠᠷ᠎ᠠ᠎ᠶ᠋ᠢᠨ 3᠎ᠤ᠋ ᠦᠳᠡ᠎ᠶ᠋ᠢᠨ ᠡᠮᠦᠨ᠎ᠡ᠂ ᠲᠣᠰᠭᠣᠨ᠎ᠤ ᠭᠤᠨᠢ ᠨᠠᠰᠤᠲᠠᠨ᠎ᠢ ᠬᠠᠪᠰᠤᠷᠤᠨ ᠬᠦᠷᠢᠶ᠎ᠡ ᠬᠠᠱᠢᠶ᠎ᠠ᠎ᠶ᠋ᠢ ᠨᠢ ᠴᠡᠪᠡᠷᠯᠡᠵᠦ᠍ ᠪᠠᠢᠭ᠍ᠰᠠᠨ ᠡᠨᠡ ᠬᠦ᠌ ᠵᠠᠯᠠᠭᠤ᠎ᠶ᠋ᠢ ᠸᠧᠢ ᠱᠢᠶᠠᠨ ᠫᠸᠩ ᠭᠡᠳᠡᠭ᠂ ᠲᠡᠷᠡ ᠪᠣᠯ ᠺᠠᠢᠯᠦ᠍ ᠱᠢᠶᠠᠨ᠎ᠤ ᠵᠢᠶᠠᠨ ᠬᠤᠸᠠ ᠪᠠᠯᠭᠠᠰᠤ᠎ᠶ᠋ᠢᠨ ᠵᠢᠶᠠᠨ ᠱᠢᠨ ᠲᠣᠰᠭᠣᠨ᠎ᠤ ᠱᠢᠨ᠎ᠡ ᠴᠠᠭ ᠦᠶ᠎ᠡ᠎ᠶ᠋ᠢᠨ ᠪᠣᠯᠪᠠᠰᠤᠨ᠎ᠤ ᠦᠢᠯᠡᠳᠦᠯᠭᠡ᠎ᠶ᠋ᠢᠨ ᠦᠷᠳᠡᠭᠡ ᠶ᠋ᠢᠨ ᠰᠠᠢ᠌ᠨ ᠲᠤᠷᠠᠴᠢᠨ ᠪᠣᠯᠤᠨ᠎ᠠ᠂ ᠲᠣᠰᠭᠣᠨ᠎ᠤ ᠠᠷᠠᠳ ᠲᠡᠭᠦᠨ᠎ᠢ 《ᠤᠯᠠᠨ ᠴᠢᠳᠠᠪᠤᠷᠢ᠎ᠲᠠᠶ》 ᠱᠢᠶᠤᠤ ᠸᠧᠢ ᠭᠡᠳᠡᠭ᠃ ᠲᠡᠷᠡ ᠣᠷᠭᠢᠯᠤᠮ᠎ᠠ ᠬᠠᠯᠠᠭᠤᠨ ᠰᠡᠳᠭᠢᠯᠭᠡ᠎ᠲᠡᠶ᠂ ᠪᠤᠰᠤᠳ᠎ᠢ ᠬᠠᠪᠰᠤᠷᠬᠤ ᠳᠤᠷᠠᠲᠠᠶ᠂ ᠲᠣᠰᠭᠣᠨ᠎ᠳᠠᠭᠠᠨ ᠨᠡᠷ᠎ᠡ ᠭᠠᠷᠤᠭ᠍ᠰᠠᠨ 《ᠬᠠᠯᠠᠭᠤᠨ ᠰᠡᠳᠭᠢᠯ》 ᠲᠠᠢ ᠬᠦᠮᠦᠨ ᠶᠤᠮ᠃ ᠬᠡᠨ᠎ᠦ ᠭᠡᠷ᠎ᠲᠦ ᠬᠠᠪᠰᠤᠷᠬᠤ ᠴᠢᠬᠤᠯᠠᠲᠠᠶ᠂ ᠲᠠᠷᠢᠶᠠᠯᠠᠩ᠎ᠤᠨ ᠮᠠᠱᠢᠨ ᠪᠤᠶᠤ ᠭᠡᠷ᠎ᠦᠨ ᠴᠠᠬᠢᠯᠭᠠᠨ ᠬᠡᠷᠡᠭ᠌ᠰᠡᠯ ᠠᠰᠠᠭᠤᠳᠠᠯ ᠭᠠᠷᠪᠠᠯ᠂ ᠨᠢᠭᠡᠳᠦᠭᠡᠷ ᠲᠸ᠋ ᠪᠣᠳᠣᠵᠤ ᠣᠯᠬᠤ ᠨᠢ ᠲᠡᠷᠡ᠃
《ᠱᠢᠶᠣᠤ ᠸᠧᠢ ᠰᠠᠢᠨ ᠰᠡᠳᠭᠢᠯ᠎ᠲᠡᠶ ᠬᠦᠮᠦᠨ᠂ ᠯᠠᠪᠳᠠᠭᠤᠨ ᠪᠥᠭᠡᠳ ᠠᠵᠢᠯᠴᠢ᠂ ᠬᠡᠨ᠎ᠦ ᠬᠡᠷ᠎ᠲᠤ ᠶᠡᠬᠡ ᠪᠠᠭ᠎ᠠ ᠤᠴᠢᠷ ᠳᠤᠬᠢᠶᠠᠯᠳᠤᠭᠰᠠᠭᠠᠷ ᠯᠡ ᠲᠡᠭᠦᠨ᠎ᠢ ᠡᠷᠢᠭᠡᠳ ᠪᠠᠢᠳᠠᠭ ᠶᠤᠮ᠂ ᠲᠤᠩ ᠬᠠᠯᠠᠭᠤᠨ ᠰᠡᠳᠭᠢᠯ᠎ᠲᠡᠶ ᠬᠥᠮᠦᠨ ᠱᠢᠤ》 ᠭᠡᠵᠦ᠍ ᠸᠧᠢ ᠱᠢᠶᠠᠨ ᠫᠸᠩᠢ ᠳᠤᠷᠠᠳᠬᠤ᠎ᠳᠤ᠂ ᠲᠣᠰᠭᠣᠨ᠎ᠤ ᠠᠷᠠᠳ ᠡᡁᠸ ᠶᠦᠩ ᠱᠦᠢ ᠡᠷᠡᠭᠡᠢ ᠭᠤᠵᠤᠢᠯᠭᠠᠨ ᠮᠠᠭ᠍ᠲᠠᠨᠠ᠃
ᠡᠨᠡ ᠬᠡᠳᠦᠨ ᠡᠳᠦᠷ᠂ ᠲᠣᠰᠭᠣᠨ᠎ᠤ ᠬᠢᠨ ᠲᠠᠷᠢᠶᠠᠯᠠᠩ᠎ᠤᠨ ᠦᠢᠯᠡᠳᠪᠦᠷᠢᠯᠡᠯ᠎ᠦᠨ ᠨᠡᠢᠭᠡᠮᠴᠢᠯᠡᠭ᠌ᠰᠡᠨ ᠦᠢᠯᠡᠴᠢᠯᠡᠭᠡ᠎ᠶ᠋ᠢ ᠠᠬᠢᠭᠤᠯᠬᠤ᠎ᠪᠠᠷ ᠶᠠᠭᠠᠷᠠᠵᠤ᠂ ᠡᠮᠦᠨᠡᠬᠢ ᠬᠤᠭᠤᠴᠠᠭᠠᠨ᠎ᠤ ᠲᠤᠮᠤ ᠬᠡᠯᠪᠡᠷᠢ᠎ᠶ᠋ᠢᠨ ᠲᠠᠷᠢᠶᠠᠯᠠᠩ᠎ᠤᠨ ᠮᠠᠱᠢᠨ ᠪᠠᠭᠠᠵᠢ᠎ᠶ᠋ᠢᠨ ᠲᠦᠷᠦᠯ ᠵᠦᠢᠯ᠂ ᠲᠣᠭ᠎ᠠ ᠬᠡᠮᠵᠢᠢ᠎ᠡ ᠪᠣᠯᠤᠨ ᠮᠠᠱᠢᠨ ᠲᠡᠷᠭᠡᠨ᠎ᠦ ᠵᠢᠯᠣᠭᠣᠴᠢ᠎ᠶ᠋ᠢᠨ ᠬᠢᠷᠢ ᠬᠡᠮ ᠵᠡᠷᠭᠡ ᠠᠵᠢᠯ᠎ᠢ ᠪᠦᠷᠢᠳᠭᠡᠬᠦ᠌᠎ᠳᠦ ᠬᠥᠮᠦᠨ ᠬᠡᠷᠡᠭ᠌ᠰᠡᠬᠦ ᠪᠤᠯᠬᠤᠷ ᠸᠧᠢ ᠱᠢᠶᠠᠨ ᠫᠸᠩ ᠭᠡᠷ᠎ᠦᠨ ᠠᠵᠢᠯ᠎ᠢᠶᠠᠨ ᠬᠠᠶᠠᠭᠠᠳ ᠬᠠᠪᠰᠤᠷᠬᠤ᠎ᠪᠠᠷ ᠢᠷᠡᠵᠠᠢ᠃
ᠵᠢᠶᠠᠨ ᠬᠤᠸᠠ ᠪᠠᠯᠭᠠᠰᠤᠨ᠎ᠤ ᠵᠢᠶᠠᠨ ᠱᠢᠨ ᠲᠣᠰᠭᠣᠨ᠎ᠤ ᠨᠠᠮ᠎ᠤᠨ ᠡᠭᠦᠷ᠎ᠦᠨ ᠱᠦᠵᠢ᠂ ᠲᠣᠰᠭᠣᠨ᠎ᠤ ᠵᠥᠪᠯᠡᠯ᠎ᠦᠨ ᠡᠷᠬᠢᠯᠡᠭ᠌ᠴᠢ ᠴᠢᠦ ᠵᠢᠩ ᠮᠢᠨ᠄ 《ᠸᠧᠢ ᠱᠢᠶᠠᠨ ᠫᠸᠩ ᠡᠩ᠎ᠦᠨ ᠦᠶ᠎ᠡ᠎ᠳᠦ ᠲᠣᠰᠭᠣᠨ᠎ᠳᠤ ᠪᠠᠭ᠎ᠠ ᠪᠤᠰᠤ ᠰᠠᠢ᠌ᠨ ᠶᠠᠪᠤᠳᠠᠯ ᠬᠢᠪᠡ᠂ ᠴᠠᠰᠤ ᠣᠷᠣᠬᠤ᠎ᠳᠤ ᠲᠡᠷᠡ ᠥᠪᠡᠷ᠎ᠦᠨ ᠤᠳᠬᠤᠭᠤᠷ ᠲᠡᠷᠭᠡ᠎ᠪᠡᠨ ᠵᠢᠯᠣᠭᠣᠳᠴᠤ᠌ ᠵᠡᠭᠡᠯᠢ ᠭᠤᠳᠤᠮᠵᠢ᠎ᠶ᠋ᠢᠨ ᠬᠤᠷᠠᠭ᠍ᠰᠠᠨ ᠴᠠᠰᠤ᠎ᠶ᠋ᠢ ᠴᠡᠪᠡᠷᠯᠡᠵᠦ᠍ ᠦᠭ᠌ᠳᠡᠭ᠃ ᠬᠢᠵᠢᠭ᠎ᠦᠨ ᠪᠠᠢᠳᠠᠯ᠎ᠢ ᠰᠡᠷᠭᠡᠢᠯᠡᠨ ᠡᠵᠡᠮᠳᠡᠬᠦ᠌ ᠦᠶ᠎ᠡ᠎ᠳᠦ᠂ ᠲᠡᠷᠡ ᠲᠣᠬᠢᠷᠠᠭᠤᠯᠤᠨ ᠬᠦᠷᠭᠡᠬᠦ᠌ ᠡᠳ᠋ ᠪᠣᠳᠠᠰ᠎ᠢ ᠬᠠᠪᠰᠤᠷᠤᠨ ᠲᠦᠭᠡᠭᠡᠵᠦ᠍᠂ ᠲᠣᠰᠭᠣᠨ᠎ᠤ ᠠᠷᠠᠳ᠎ᠲᠤ ᠬᠦᠷᠭᠡᠵᠦ᠍᠂ ᠪᠥᠭᠡᠮ ᠬᠦᠴᠢᠯ᠎ᠦᠨ ᠪᠠᠢᠴᠠᠭᠠᠬᠤ ᠴᠡᠭ᠎ᠦᠨ ᠡᠮᠬᠢ ᠳᠢᠭ᠌ᠯᠢᠮ᠎ᠢ ᠬᠠᠮᠠᠭᠠᠯᠠᠪᠠ᠂ ᠡᠩ᠎ᠦᠨ ᠦᠶ᠎ᠡ᠎ᠳᠦ ᠮᠠᠰᠢ ᠢᠳᠡᠪᠬᠢᠲᠡᠶ ᠠᠵᠢᠯᠯᠠᠵᠤ᠂ ᠪᠤᠰᠤᠳ᠎ᠢ ᠬᠠᠪᠰᠤᠷᠬᠤ ᠪᠡᠷ ᠵᠢᠷᠭᠠᠯ ᠵᠢᠡᠨ ᠪᠤᠯᠭᠠᠳᠠᠭ ᠡ》 ᠬᠡᠪᠡ᠃
ᠸᠧᠢ ᠱᠢᠶᠠᠨ ᠫᠸᠩ ᠨᠠᠰᠤᠲᠠᠨ᠎ᠢᠶᠠᠨ ᠬᠦᠨᠳᠦᠯᠡᠵᠦ᠍ ᠵᠡᠮᠳᠡᠭ᠌ᠴᠦᠳ᠎ᠢ ᠲᠤᠰᠠᠯᠠᠬᠤ᠂ ᠶᠠᠳᠠᠭᠤ᠎ᠶ᠋ᠢ ᠲᠡᠳᠬᠦᠵᠦ᠍ ᠬᠦᠴᠢᠷᠳᠡᠯᠲᠡᠢ ᠬᠥᠮᠦᠰ᠎ᠢ ᠲᠤᠰᠠᠯᠠᠬᠤ᠂ ᠲᠦᠷᠦ᠍᠎ᠶ᠋ᠢᠨ ᠪᠤᠳᠤᠯᠭ᠎ᠠ᠎ᠶ᠋ᠢᠨ ᠤᠬᠠᠭᠤᠯᠭ᠎ᠠ ᠬᠢᠬᠦ᠌᠂ ᠣᠷᠣᠱᠢᠨ ᠰᠠᠭᠤᠷᠢᠱᠢᠬᠤ ᠣᠷᠴᠢᠨ ᠲᠣᠭᠣᠷᠢᠨ᠎ᠢ ᠴᠡᠭ᠌ᠴᠡᠯᠡᠨ ᠵᠠᠰᠠᠬᠤ ᠵᠡᠷᠭᠡ ᠪᠣᠯᠪᠠᠰᠤᠨ ᠦᠢᠯᠡᠳᠦᠯᠭᠡ᠎ᠶ᠋ᠢᠨ ᠰᠠᠢ᠌ᠨ ᠳᠤᠷ᠎ᠠ᠎ᠶ᠋ᠢᠨ ᠦᠢᠯᠡᠴᠢᠯᠡᠭᠡᠨ᠎ᠦ ᠠᠵᠢᠯᠯᠠᠭ᠎ᠠ᠎ᠳᠤ ᠢᠳᠡᠪᠬᠢᠲᠡᠢ ᠣᠷᠣᠯᠴᠠᠵᠤ᠂ ᠯᠸᠢ ᠹᠸᠩ᠎ᠤᠨ ᠵᠣᠷᠢᠭ ᠰᠠᠨᠠᠭ᠎ᠠ ᠪᠣᠯᠤᠨ ᠰᠠᠢ᠌ᠨ ᠳᠤᠷ᠎ᠠ᠎ᠶ᠋ᠢᠨ ᠵᠣᠷᠢᠭ ᠰᠠᠨᠠᠭ᠎ᠠ᠎ᠶ᠋ᠢ《ᠡᠳᠦᠷ ᠲᠤᠳᠤᠮ᠎ᠤᠨ ᠠᠵᠢᠯᠯᠠᠭ᠎ᠠ᠎ᠳᠠᠭᠠᠨ ᠠᠭᠤᠰᠤᠯᠴᠠᠭᠤᠯᠬᠤ᠂ ᠪᠠᠢᠩᠭᠤ᠎ᠶ᠋ᠢᠨ ᠠᠵᠢᠯᠯᠠᠭ᠎ᠠ ᠪᠣᠯᠭᠠᠬᠤ》 ᠥᠴᠦᠬᠡᠨ ᠠᠵᠢᠯᠯᠠᠭ᠎ᠠ ᠪᠣᠯᠭᠠᠨ ᠤᠨᠳᠤᠤᠰᠢᠭᠤᠯᠵᠤ᠂ ᠶᠣᠰᠣ ᠰᠤᠷᠲᠠᠬᠤᠨ᠎ᠢ ᠡᠷᠬᠢᠮᠯᠡᠵᠦ᠍ ᠰᠠᠢ᠌ᠨ ᠰᠠᠢᠬᠠᠨ᠎ᠢ ᠬᠥᠭᠡᠭᠡᠴᠡᠯᠳᠦᠬᠦ᠌ ᠢᠳᠡᠪᠬᠢ ᠬᠦᠴᠦᠨ᠎ᠢ ᠳᠠᠮᠵᠢᠭᠤᠯᠤᠬᠰᠠᠭᠠᠷ ᠪᠤᠢ᠃
《ᠲᠡᠷᠡ ᠤᠳᠠᠭ᠎ᠠ ᠦᠨᠡᠬᠡᠷ ᠱᠢᠶᠣᠤ ᠸᠧᠢ᠎ᠶ᠋ᠢᠨ ᠠᠴᠢ᠎ᠪᠠᠷ ᠱᠢᠤ᠂ ᠮᠠᠨ᠎ᠤ ᠬᠡᠦᠬᠡᠳ᠎ᠦᠳ ᠪᠦᠷ ᠭᠠᠳᠠᠭ᠍ᠰᠢ ᠭᠠᠷᠴᠤ᠌ ᠬᠥᠯᠥᠰᠥᠨ ᠠᠵᠢᠯ ᠬᠢᠬᠦ ᠪᠠᠷ ᠶᠠᠪᠤᠵᠠᠢ᠃ ᠪᠢᠳᠡ ᠥᠪᠡᠷ᠎ᠢᠶᠡᠨ ᠬᠡᠵᠢᠶ᠎ᠡ ᠰᠠᠶᠢ ᠬᠤᠷᠠᠭ᠍ᠰᠠᠨ ᠴᠠᠰᠤ᠎ᠵᠢ ᠴᠡᠪᠡᠷᠯᠡᠵᠦ᠍ ᠪᠠᠷᠠᠬᠤ ᠪᠤᠢ!》 ᠭᠡᠵᠦ 2021 ᠣᠨ᠎ᠤ ᠡᠪᠦᠯ 70 ᠵᠢᠯ᠎ᠳᠦ ᠲᠣᠬᠢᠶᠠᠯᠳᠤᠭ᠎ᠠ ᠦᠬᠡᠢ ᠴᠠᠰᠤ ᠱᠢᠭᠤᠷᠭ᠎ᠠ᠎ᠲᠤ ᠴᠠᠭ ᠠᠭᠤᠷ᠎ᠲᠦ ᠤᠴᠠᠷᠠᠭᠰᠠᠨ᠎ᠢᠶᠡᠨ ᠶᠠᠷᠢᠬᠤ᠎ᠳᠤ ᠲᠣᠰᠭᠣᠨ᠎ᠤ ᠠᠷᠠᠳ ᠱᠢᠶᠤᠤ᠎ᠵᠢᠨ ᠬᠦᠶ ᠮᠥᠨ ᠯᠡ ᠲᠤᠢᠯ᠎ᠢᠶᠠᠷ ᠰᠡᠳᠭᠢᠯ ᠳᠣᠭ᠍ᠳᠣᠯᠵᠤ ᠪᠠᠢᠯ᠎ᠠ᠃
2021 ᠣᠨ᠎ᠤ 11 ᠰᠠᠷ᠎ᠠ᠎ᠳᠤ᠂ ᠺᠠᠢᠯᠦ᠍ ᠱᠢᠶᠠᠨ᠎ᠳᠤ ᠶᠡᠭᠡ ᠴᠠᠰᠤ ᠣᠷᠣᠵᠤ᠂ ᠱᠢᠶᠤᠤ ᠶ᠋ᠢᠨᠬᠦᠢ ᠵᠢᠨ ᠬᠢᠨ ᠯᠠᠵᠤᠤ ᠪᠣᠢᠵᠢᠭᠤᠯᠬᠤ᠎ᠪᠠᠷ ᠪᠡᠯᠡᠳᠭᠡᠵᠦ᠍ ᠪᠠᠢᠭ᠍ᠰᠠᠨ ᠬᠦᠯᠡᠮᠵᠢ ᠨᠢ ᠴᠠᠰᠤᠨ᠎ᠳᠤ ᠬᠤᠴᠢᠭ᠍ᠳᠠᠵᠤ᠂ ᠨᠤᠷᠠᠵᠤ ᠶᠡᠭᠦᠷᠡᠬᠦ᠌ ᠠᠶᠤᠯ᠎ᠳᠤ ᠲᠤᠯᠭᠠᠷᠠᠭᠰᠠᠨ ᠦᠶ᠎ᠠ᠎ᠳᠤ᠂ ᠱᠢᠶᠤᠤ᠎ᠶ᠋ᠢᠨ ᠬᠦᠢ 《ᠱᠢᠶᠤᠤ ᠸᠧᠢ》 ᠵᠢ ᠰᠠᠨᠠᠵᠤ ᠣᠯᠵᠠᠢ᠃ ᠤᠲᠠᠰᠤ ᠳᠤᠰᠤᠭ᠍ᠰᠠᠨ᠎ᠤ ᠳᠠᠷᠠᠭ᠎ᠠ ᠸᠧᠢ ᠱᠢᠶᠠᠨ ᠫᠸᠩ ᠶᠠᠭᠤ ᠴᠤ᠌ ᠬᠡᠯᠡᠭ᠌ᠰᠡᠨ ᠦᠭᠡᠢ᠂ ᠳᠥᠴᠢ ᠲᠠᠪᠢᠨ ᠰᠠᠨᠲ᠋ᠢᠮᠧᠲᠷ ᠵᠤᠵᠠᠭᠠᠨ ᠴᠠᠰᠤ᠎ᠶ᠋ᠢ ᠲᠤᠭᠤᠯᠵᠤ᠂ ᠲᠠᠪᠤ ᠵᠢᠷᠭᠤᠭᠠᠨ ᠳᠡᠰ᠎ᠤᠨ ᠶᠡᠬᠡ ᠰᠠᠯᠬᠢ᠎ᠶ᠋ᠢ ᠰᠥᠷᠴᠦ᠍᠂ ᠱᠢᠶᠤᠤ ᠵᠢᠨ ᠬᠦᠢ᠎ᠶ᠋ᠢᠨ ᠭᠡᠷ᠎ᠲᠦ ᠬᠦᠷᠴᠦ᠍ ᠬᠦᠯᠡᠮᠵᠢ᠎ᠶᠢᠨ ᠳᠡᠭᠡᠷᠡᠬᠢ ᠬᠤᠷᠠᠭ᠍ᠰᠠᠨ ᠴᠠᠰᠤ᠎ᠶ᠋ᠢ ᠴᠡᠪᠡᠷᠯᠡᠵᠦ᠍᠂ ᠳᠠᠷᠤᠭᠳᠠᠵᠤ ᠨᠤᠷᠠᠭ᠍ᠰᠠᠨ ᠵᠢᠭᠦᠷᠲᠡᠨ᠎ᠦ ᠡᠭᠦᠷ᠎ᠢ ᠲᠦᠱᠢᠵᠦ ᠪᠤᠰᠬᠠᠪᠠ᠃ ᠴᠠᠰᠤ ᠵᠣᠭ᠍ᠰᠣᠭ᠍ᠰᠠᠨᠤ ᠳᠠᠷᠠᠭ᠎ᠠ᠂ ᠸᠧᠢ ᠱᠢᠶᠠᠨ ᠫᠸᠩ ᠤᠳᠬᠤᠭᠤᠷ ᠲᠡᠷᠭᠡ᠎ᠪᠡᠷ᠎ᠢᠶᠡᠨ ᠲᠣᠰᠭᠣᠨ᠎ᠤ ᠪᠤᠰᠤᠳ ᠠᠷᠠᠳ᠎ᠤᠨ ᠴᠠᠰᠤ᠎ᠶ᠋ᠢ ᠴᠡᠪᠡᠷᠯᠡᠵᠦ᠍ ᠥᠭ᠌ᠪᠡ᠃
《ᠯᠸᠢ ᠹᠸᠩ᠎ᠤᠨ ᠵᠣᠷᠢᠭ ᠰᠠᠨᠠᠭ᠎ᠠ᠎ᠶ᠋ᠢ ᠬᠥᠮᠦᠨ ᠪᠦᠬᠦᠨ ᠰᠤᠷᠤᠯᠴᠠᠵᠤ ᠪᠣᠯᠤᠨ᠎ᠠ; ᠬᠠᠢᠷ᠎ᠠ ᠬᠠᠯᠠᠮᠵᠢ᠎ᠪᠠᠨ ᠭᠠᠵᠠᠷ ᠪᠣᠯᠭᠠᠨ᠎ᠳᠤ ᠡᠷᠬᠦᠵᠤ ᠪᠣᠯᠤᠨ᠎ᠠ》᠃ ᠡᠢᠮᠦ᠍ ᠨᠢᠭᠡᠨ ᠪᠣᠷᠣᠭ᠍ᠵᠢᠭᠤᠨ ᠬᠥᠳᠡᠭᠡ ᠲᠣᠰᠭᠣᠨ᠎ᠤ ᠵᠠᠯᠠᠭᠤ ᠬᠠᠷᠢᠨ ᠰᠠᠢᠨ ᠳᠤᠷ᠎ᠠ᠎ᠶ᠋ᠢᠨ ᠦᠢᠯᠡᠴᠢᠯᠡᠭᠡ᠎ᠪᠡᠷ ᠬᠠᠢᠷ᠎ᠠ ᠬᠠᠯᠠᠮᠵᠢ ᠳᠠᠮᠵᠢᠭᠤᠯᠤᠨ᠂ ᠪᠣᠳᠠᠲᠤ ᠠᠵᠢᠯᠯᠠᠭ᠎ᠠ᠎ᠪᠠᠷ᠎ᠢᠶᠠᠨ ᠱᠢᠨ᠎ᠡ ᠴᠠᠭ ᠦᠶ᠎ᠡ᠎ᠶ᠋ᠢᠨ ᠯᠸᠢ ᠹᠸᠩ᠎ᠤᠨ ᠦᠯᠢᠭᠡᠷ᠎ᠢ ᠪᠢᠴᠢᠭ᠌ᠯᠡᠵᠦ᠍᠂ ᠱᠢᠨ᠎ᠡ ᠴᠠᠭ ᠦᠶ᠎ᠡ᠎ᠶ᠋ᠢᠨ ᠯᠸᠢ ᠹᠸᠩ᠎ᠤᠨ ᠵᠣᠷᠢᠭ ᠰᠠᠨᠠᠭ᠎ᠠ᠎ᠶ᠋ᠢ ᠪᠠᠳᠠᠷᠠᠭᠤᠯᠤᠭ᠍ᠰᠠᠨ ᠪᠠᠢᠨ᠎ᠠ᠃ 2022 ᠣᠨ᠎ᠳᠤ᠂ ᠸᠧᠢ ᠱᠢᠶᠠᠨ ᠫᠸᠩ ᠺᠠᠢᠯᠦ᠍᠎ᠶ᠋ᠢᠨ ᠰᠠᠢ᠌ᠨ ᠬᠥᠮᠦᠨ᠂ ᠲᠦᠩᠯᠢᠶᠣᠤ᠎ᠶ᠋ᠢᠨ ᠰᠠᠢ᠌ᠨ ᠬᠥᠮᠦᠨ᠎ᠢᠶᠡᠷ ᠦᠨᠡᠯᠡᠭ᠌ᠳᠡᠪᠡ᠃
《ᠬᠡᠨ᠎ᠦ ᠭᠡᠷ᠎ᠲᠦ ᠬᠦᠴᠢᠷᠳᠡᠯ ᠲᠤᠯᠭᠠᠷᠠᠭᠠᠳ ᠬᠠᠪᠰᠤᠷᠬᠤ ᠴᠢᠬᠤᠯᠠᠲᠠᠢ ᠪᠣᠯᠤᠭ᠍ᠰᠠᠨ ᠴᠤ᠌᠂ ᠪᠢ ᠯᠠᠪᠲᠠᠢ ᠬᠤᠢᠰᠢ ᠤᠬᠤᠷᠢᠵᠤ ᠲᠦᠯᠬᠢᠬᠦ ᠦᠭᠡᠢ᠂ ᠮᠢᠨᠦ᠍ ᠴᠢᠳᠠᠪᠤᠷᠢ᠎ᠶ᠋ᠢᠨ ᠬᠡᠪᠴᠢᠶᠡᠨ᠎ᠳᠦ ᠬᠢᠵᠦ᠍ ᠳᠡᠢᠯᠬᠦ᠌ ᠠᠵᠢᠯ᠎ᠢᠶᠠᠨ ᠪᠦᠷ ᠰᠠᠢᠲᠤᠷ ᠬᠢᠨ᠎ᠡ᠂ ᠪᠢ ᠪᠠᠰᠠ ᠥᠪᠡᠷ᠎ᠦᠨ ᠠᠵᠢᠯᠯᠠᠭ᠎ᠠ᠎ᠪᠠᠷ᠎ᠢᠶᠠᠨ ᠳᠠᠮᠵᠢᠨ ᠳᠡᠷᠭᠡᠳᠡᠬᠢ ᠨᠡᠩ ᠤᠯᠠᠨ ᠬᠥᠮᠦᠰ᠎ᠢ ᠳᠠᠢ᠌ᠴᠢᠯᠠᠨ ᠰᠠᠢ᠌ᠨ ᠳᠤᠷ᠎ᠠ᠎ᠶ᠋ᠢᠨ ᠦᠢᠯᠡᠴᠢᠯᠡᠭᠡᠨ᠎ᠦ ᠠᠵᠢᠯᠯᠠᠭ᠎ᠠ᠎ᠳᠤ ᠣᠷᠣᠯᠴᠠᠭᠤᠯᠵᠤ᠂ ᠪᠤᠰᠤᠳ᠎ᠲᠤ ᠢᠯᠡᠭᠦᠬᠡᠨ ᠰᠠᠢ᠌ᠨ ᠶᠠᠪᠤᠳᠠᠯ ᠬᠢᠬᠦ᠌᠎ᠶ᠋ᠢ ᠬᠦᠰᠡᠵᠦ᠍ ᠪᠠᠢᠨ᠎ᠠ》 ᠭᠡᠵᠦ᠍ ᠸᠧᠢ ᠱᠢᠶᠠᠨ ᠫᠸᠩ ᠬᠡᠯᠡᠪᠡ᠃
- ᠨᠠᠢᠷᠠᠭᠤᠯᠤᠭ᠍ᠴᠢ᠄
- ᠨᠡᠪᠲᠡᠷᠡᠭᠦᠯᠦᠭᠴᠢ᠄
- ᠮᠡᠷᠭᠡᠵᠢᠯ᠄
ᠨᠠᠢᠷᠠᠭᠤᠯᠤᠭ᠍ᠴᠢ᠄ ᠬᠦᠰᠡᠯᠡᠩ
ᠣᠷᠴᠢᠭᠤᠯᠤᠭ᠍ᠴᠢ᠄




ᠰᠢᠭᠦᠮᠵᠢ ᠠᠯᠠᠭ᠎ᠠ ᠂ ᠬᠤᠷᠳᠤᠨ ᠨᠢᠭᠡᠳᠦᠭᠡᠷ ᠵᠤᠷᠪᠤᠰ ᠰᠢᠭᠦᠮᠵᠢ ᠨᠡᠢ᠌ᠲᠡᠯᠡᠭᠡᠷᠡᠢ᠃